-
3939
ᠲᠠᠯᠠ ᠶᠢᠨ ᠨᠠᠭᠤᠷ
2018-03-27 16:27
169
0
ᠲᠣᠯᠢ ᠪᠣᠯᠵᠥ ᠮᠯᠲᠡᠢᠨᠰᠡᠨ
ᠲᠤᠩᠭᠠᠯᠠᠭ ᠭᠦᠨ ᠪᠦᠷᠢᠨᠲᠦ
ᠲᠤᠭ ᠪᠣᠯᠵᠥ ᠥᠶ᠋ᠯᠢᠵᠠᠨᠰᠠᠨ
ᠲᠣᠷᠭᠠᠨ ᠨᠤᠭᠤᠭᠠᠨ ᠵᠡᠭᠡᠰᠦ᠌᠃
ᠵᠥᠭᠡᠯᠡᠨ ᠰᠡᠪᠢᠯᠵᠡᠬᠦ ᠵᠢᠪᠠᠷ
ᠵᠤᠯᠠᠢ ᠶᠢ ᠨᠢ ᠥᠨᠦᠰᠦᠭᠡᠨ ᠭᠡᠳᠡᠭᠡᠯᠡᠬᠦ ᠶᠤᠮ
ᠵᠤᠭᠠᠴᠠᠨ ᠪᠠᠭᠤᠳᠠᠯᠯᠠᠬᠤ ᠨᠤᠭᠤᠰᠤ
ᠵᠢᠰᠦ ᠶᠢ ᠨᠢ ᠪᠠᠬᠠᠷᠠᠭᠠᠳ ᠰᠤᠮᠪᠠᠬᠤ ᠶᠤᠮ᠃
ᠬᠤᠨ ᠴᠠᠭᠠᠨ ᠡᠭᠦᠯᠡᠰ
ᠬᠤᠰᠢᠭᠤ ᠪᠠᠨ ᠲᠦᠷᠦᠭᠡ ᠡᠷᠭᠢᠴᠡᠬᠦ ᠶᠤᠮ
ᠬᠤᠷᠮᠤᠰᠲᠠ ᠶᠢᠨ ᠠᠯᠠᠭ ᠰᠤᠯᠤᠩᠭᠠ
ᠬᠤᠭᠤᠯᠠᠢ ᠪᠠᠨ ᠨᠤᠷᠭᠠᠭᠠᠳ ᠬᠦᠪᠡᠬᠦ ᠶᠤᠮ᠃
ᠮᠠᠩᠨᠤᠭ ᠨᠤᠭᠤᠭᠠᠨ ᠲᠠᠯᠠ ᠶᠢᠨ ᠢᠶᠡᠨ
ᠮᠯᠡᠮᠡᠢ ᠨᠢ ᠪᠣᠯᠵᠥ ᠲᠥᠨᠥᠯᠵᠠᠵᠠᠢ
ᠰᠠᠷᠠᠭᠤᠯ ᠲᠡᠨᠢᠭᠡᠷ ᠬᠦᠳᠡᠭᠡ ᠶᠢᠨ ᠢᠶᠠᠨ
ᠰᠦ ᠨᠢ ᠪᠣᠯᠵᠥ ᠴᠠᠢᠯᠵᠠᠵᠠᠢ᠃
ᠵᠤᠨ ᠨᠢ ᠰᠠᠢᠬᠠᠨ ᠡᠳᠦᠢ
ᠵᠢᠭᠠᠯ ᠬᠡᠦᠬᠡᠳ ᠴᠥᠨᠯᠠᠷᠠᠨᠡ
ᠵᠣᠯ ᠲᠠᠢ ᠲᠦᠷᠦᠨᠰᠡᠨ ᠪᠭᠠᠴᠥᠥᠯ
ᠵᠢᠷᠭᠠᠯᠠᠲᠠᠢ ᠴᠡᠨᠬᠡᠵᠦ ᠨᠠᠭᠠᠳᠥᠨᠠ᠃
ᠪᠠᠶᠠᠨ ᠰᠦᠷᠦᠭ ᠢᠶᠠᠨ ᠤᠮᠳᠠᠯᠠᠭᠠᠡᠨ
ᠪᠠᠬᠠᠷᠠᠮᠠ ᠦᠵᠡᠮᠵᠢ ᠶᠢ ᠰᠤᠨᠢᠷᠬᠠᠬᠤ ᠶᠤᠮ
ᠪᠠᠯᠳᠠᠨ᠋ ᠰᠢᠯᠦᠭ ᠢᠶᠠᠨ ᠤᠨᠰᠢᠭᠠᠨ
ᠪᠶᠡᠷᠯᠠᠵᠤ ᠬᠥᠭᠡᠷᠴᠥ ᠢᠨᠢᠶᠡᠯᠴᠡᠬᠦ ᠶᠤᠮ᠃
ᠴᠤᠯᠭᠢᠨ ᠴᠠᠢᠵᠠᠨᠰᠠᠨ ᠨᠠᠭᠤᠢ ᠤᠨ
ᠴᠤᠬᠤᠨ ᠡᠵᠡᠳ ᠨᠢ ᠡᠳᠡ ᠪᠠᠢᠵᠠᠢ
ᠴᠤᠨᠵᠢᠨ ᠮᠠᠨᠳᠥᠨᠰᠠᠨ ᠤᠷᠥᠨ ᠢ
ᠴᠤᠨᠴᠤᠯᠠᠬᠤ ᠬᠥᠮᠥᠰ ᠨᠢ ᠡᠳᠡ ᠪᠠᠢᠵᠠᠢ᠃