-
35800
2025-06-13 22:52
0
0
ᠦᠵᠦᠮ
ᠲᠤᠰ ᠡᠮ ᠪᠣᠯ ᠦᠵᠦᠮ ᠦ᠋ᠨ ᠢᠵᠠᠭᠤᠷ ᠤ᠋ᠨ ᠤᠷᠭᠤᠮᠠᠯ ᠪᠣᠯᠬᠤ ᠦᠵᠦᠮ ᠦ᠋ᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ᠃ ᠪᠠᠰᠠ ᠭᠥᠨᠪᠥᠷᠥᠮ ᠭᠡᠳᠡᠭ᠃
[ ᠤᠤᠯ ᠤᠷᠭᠤᠮᠠᠯ] ᠨᠠᠪᠴᠢ ᠵᠤᠯᠭᠠᠷᠠᠬᠤ ᠮᠣᠳᠣᠯᠢᠭ ᠳᠠᠩᠰᠠ᠃ ᠨᠢᠯᠬ᠎ᠠ ᠡᠰᠢᠨ ᠳᠡᠭᠡᠷ᠎ᠡ ᠨᠢ ᠦᠰᠦ ᠦᠭᠡᠢ ᠪᠤᠶᠤ ᠪᠠᠭᠠᠬᠠᠨ ᠬᠥᠪᠥᠩ ᠦᠰᠦ ᠲᠡᠢ᠃ ᠨᠠᠪᠴᠢ ᠨᠢ ᠴᠠᠭᠠᠰᠤᠯᠢᠭ᠂ ᠴᠤᠪᠤᠷᠠᠨ ᠤᠷᠭᠤᠨ᠎ᠠ᠂ ᠲᠣᠭᠣᠷᠢᠭ ᠪᠤᠶᠤ ᠲᠣᠭᠣᠷᠢᠭ ᠥᠨᠳᠡᠭᠡᠯᠵᠢᠨ ᠬᠡᠯᠪᠡᠷᠢ ᠲᠡᠢ᠂10 ~ 20cm ᠥᠷᠭᠡᠨ᠂ ᠶᠡᠷᠦ ᠳ᠋ᠡᠭᠡᠨ3~5 ᠣᠨᠢ ᠲᠠᠢ᠂ ᠵᠢᠷᠦᠬᠡᠨ ᠬᠡᠯᠪᠡᠷᠢᠲᠦ ᠤᠭ ᠲᠠᠢ᠂ ᠲᠣᠮᠣ ᠮᠥᠷᠲᠡᠭᠡᠨ ᠵᠢᠭᠠᠬᠠᠨ ᠬᠤᠷᠴᠠ ᠬᠡᠷᠴᠢᠶᠡᠰᠦ ᠬᠥᠪᠡᠭᠡ ᠲᠡᠢ᠂ ᠠᠷᠤ ᠳᠤᠨᠢ ᠠᠭᠠᠯᠵᠢ ᠶ᠋ᠢᠨ ᠲᠣᠣᠷ ᠰᠢᠭ᠋ ᠬᠥᠪᠥᠩ ᠦᠰᠦ ᠲᠡᠢ᠃ ᠨᠠᠪᠴᠢᠨ ᠪᠠᠷᠢᠭᠤᠯ ᠨᠢ4 ~ 8cm ᠤᠷᠲᠤ᠃ ᠴᠡᠴᠡᠭ ᠨᠢ ᠬᠣᠯᠢᠮᠠᠭ ᠪᠡᠯᠭᠡ ᠲᠡᠢ᠂ ᠣᠨᠳᠣᠣ ᠬᠡᠷᠲᠡᠢ᠂ ᠱᠣᠷᠣᠯᠵᠢᠨ ᠬᠡᠯᠪᠡᠷᠢᠲᠦ ᠪᠠᠭ ᠴᠡᠴᠡᠭ ᠨᠢ ᠲᠣᠮᠣ ᠪᠥᠭᠡᠳ ᠤᠷᠲᠤ᠂ ᠨᠠᠪᠴᠢ ᠲᠠᠢ ᠪᠠᠨ ᠴᠢᠭᠲᠠᠯᠠᠨ᠎ᠠ᠃ ᠪᠠᠭ ᠴᠡᠴᠡᠭ ᠦ᠋ᠨ ᠪᠠᠷᠢᠭᠤᠯ ᠳᠡᠭᠡᠷ᠎ᠡ ᠨᠢ ᠣᠷᠢᠶᠠᠩᠭᠤ ᠦᠭᠡᠢ᠃ ᠴᠡᠴᠡᠭ ᠦ᠋ᠨ ᠲᠣᠭᠳᠣᠢ ᠨᠢ ᠮᠠᠰᠢ ᠵᠢᠵᠢᠭ᠂ ᠴᠣᠮᠣ ᠬᠡᠯᠪᠡᠷᠢ ᠲᠡᠢ᠂ ᠪᠦᠲᠦᠨ ᠬᠥᠪᠡᠭᠡ ᠲᠡᠢ ᠪᠤᠶᠤ ᠲᠣᠳᠣ ᠪᠤᠰᠤ5 ᠬᠡᠷᠴᠢᠶᠡᠰᠦ ᠣᠨᠢ ᠲᠠᠢ᠃ ᠴᠡᠴᠡᠭ ᠦ᠋ᠨ ᠳᠡᠯᠪᠢ ᠨᠢ5᠂ ᠰᠢᠷᠠᠩᠭᠤᠢ ᠨᠣᠭᠣᠭᠠᠨ ᠥᠩᠭᠡ ᠲᠡᠢ᠂ ᠦᠵᠦᠭᠦᠷ ᠢ᠋ᠶ᠋ᠡᠷ ᠢ᠋ᠶ᠋ᠡᠨ ᠨᠠᠭᠠᠯᠳᠤᠭᠠᠳ ᠳᠡᠯᠭᠡᠬᠦ ᠦᠭᠡᠢ᠂ ᠤᠭ ᠢ᠋ᠶ᠋ᠠᠷ ᠢ᠋ᠶ᠋ᠠᠨ ᠰᠠᠯᠤᠩᠬᠢ᠂ ᠴᠡᠴᠡᠭᠯᠡᠬᠦ ᠦᠶ᠎ᠡ ᠳ᠋ᠦ᠍ ᠮᠠᠯᠠᠭᠠᠢ ᠰᠢᠭ᠋ ᠪᠣᠯᠳᠠᠭ ᠪᠥᠭᠡᠳ ᠪᠦᠬᠦᠨ ᠢ᠋ᠶ᠋ᠡᠷ ᠢ᠋ᠶ᠋ᠡᠨ ᠵᠤᠯᠭᠠᠷᠠᠨ᠎ᠠ᠃5 ᠡᠷ᠎ᠡ ᠲᠣᠭᠣᠷᠴᠣᠭ ᠲᠠᠢ᠂ ᠴᠡᠴᠡᠭ ᠦ᠋ᠨ ᠲᠠᠪᠠᠭ ᠨᠢ ᠭᠦᠳᠦᠭᠦᠷ᠂5 ᠪᠤᠯᠴᠢᠷᠬᠠᠢ ᠪᠠᠷ ᠪᠦᠷᠢᠯᠳᠦᠵᠡᠢ᠃ ᠤᠭ ᠢ᠋ᠶ᠋ᠠᠷ ᠢ᠋ᠶ᠋ᠠᠨ ᠤᠮᠠᠢ ᠲᠠᠢ ᠪᠠᠨ ᠨᠡᠢᠯᠡᠭᠰᠡᠨ ᠪᠠᠢᠳᠠᠭ᠃ ᠤᠮᠠᠢ ᠨᠢ2 ᠲᠠᠰᠤᠭ ᠲᠠᠢ᠂ ᠲᠠᠰᠤᠭ ᠪᠦᠷᠢ ᠳ᠋ᠦ᠍2 ᠦᠷ᠎ᠡ ᠨᠠᠬᠢᠶ᠎ᠠ ᠲᠠᠢ᠂ ᠴᠡᠴᠡᠭ ᠦ᠋ᠨ ᠪᠠᠭᠠᠨ᠎ᠠ ᠨᠢ ᠣᠬᠣᠷ᠂ ᠱᠣᠷᠣᠯᠵᠢᠨ ᠬᠡᠯᠪᠡᠷᠢ ᠲᠡᠢ᠃ ᠰᠢᠭᠦᠰᠦᠯᠢᠭ ᠵᠢᠮᠢᠰ ᠨᠢ ᠥᠨᠳᠡᠭᠡᠯᠵᠢᠨ ᠪᠥᠭᠡᠷᠡᠩᠬᠡᠢ ᠡᠴᠡ ᠥᠨᠳᠡᠭᠡᠯᠵᠢᠨ ᠤᠷᠲᠤ ᠲᠣᠭᠣᠷᠢᠭ ᠬᠡᠯᠪᠡᠷᠢ ᠲᠡᠢ᠂ ᠰᠢᠭᠦᠰᠦ ᠶᠡᠬᠡᠲᠡᠢ᠂ ᠪᠣᠯᠪᠠᠰᠤᠷᠠᠪᠠᠯ ᠪᠣᠷᠣᠪᠲᠤᠷ ᠬᠠᠷ᠎ᠠ ᠪᠤᠶᠤ ᠤᠯᠠᠭᠠᠨ ᠮᠥᠷᠲᠡᠭᠡᠨ ᠬᠠᠷᠠᠪᠲᠤᠷ ᠲᠤᠶᠠᠭ᠎ᠠ ᠲᠠᠢ᠂ ᠭᠠᠳᠠᠷ ᠨᠢ ᠴᠠᠭᠠᠨ ᠣ ᠲᠠᠢ᠂6 ᠳ᠋ᠤᠭᠠᠷ ᠰᠠᠷ᠎ᠠ ᠳ᠋ᠤ᠌ ᠴᠡᠴᠡᠭᠯᠡᠵᠦ᠂9 ~ 10 ᠳ᠋ᠤᠭᠠᠷ ᠰᠠᠷ᠎ᠠ ᠳ᠋ᠤ᠌ ᠵᠢᠮᠢᠰ ᠨᠢ ᠪᠣᠯᠪᠠᠰᠤᠷᠠᠨ᠎ᠠ᠃
[ ᠤᠷᠭᠤᠬᠤ ᠣᠷᠴᠢᠨ ᠬᠢᠭᠡᠳ ᠲᠠᠷᠬᠠᠴᠠ] ᠬᠥᠬᠡᠮᠦ᠋ᠷᠡᠨ ᠦ᠌ ᠤᠷᠤᠰᠬᠠᠯ ᠳᠠᠭᠠᠤ ᠣᠷᠣᠨ ᠠ᠋ᠴᠠ ᠤᠮᠠᠷᠠᠰᠢ ᠶ᠋ᠢᠨ ᠡᠯ᠎ᠡ ᠮᠣᠵᠢ ᠣᠷᠣᠨ ᠳ᠋ᠤ᠌ ᠪᠦᠷ ᠠᠷᠠᠴᠢᠯᠠᠨ ᠲᠠᠷᠢᠵᠤ ᠪᠠᠢᠨ᠎ᠠ᠃
[ ᠲᠡᠭᠦᠵᠦ ᠪᠣᠯᠪᠠᠰᠤᠷᠠᠭᠤᠯᠬᠤ] ᠪᠣᠯᠪᠠᠰᠤᠷᠠᠭᠰᠠᠨ ᠵᠢᠮᠢᠰ ᠢ᠋ ᠨᠢ ᠲᠡᠭᠦᠵᠦ᠂ ᠰᠡᠭᠦᠳᠡᠷ ᠲᠦ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠦᠴᠦᠬᠡᠨ ᠡᠬᠡᠭᠦᠨ ᠠᠮᠲᠠ ᠲᠠᠢ᠂ ᠰᠡᠷᠢᠭᠦᠨ ᠴᠢᠨᠠᠷ ᠲᠠᠢ᠂ ᠬᠦᠨᠳᠦ᠂ ᠵᠥᠭᠡᠯᠡᠨ᠂ ᠡᠶᠡᠯᠳᠡᠭ᠂ ᠰᠢᠩᠭᠡᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠠᠭᠤᠰᠬᠢᠨ ᠤ᠋ ᠬᠠᠯᠠᠭᠤᠨ ᠢ᠋ ᠠᠷᠢᠯᠭᠠᠬᠤ᠂ ᠠᠮᠢᠰᠬᠤᠯ ᠢ᠋ ᠠᠭᠤᠵᠢᠷᠠᠭᠤᠯᠬᠤ᠂ ᠬᠠᠨᠢᠶᠠᠬᠤ ᠶ᠋ᠢ ᠵᠣᠭᠰᠣᠭᠠᠬᠤ᠂ ᠮᠠᠬᠠᠪᠣᠳ ᠢ᠋ ᠴᠢᠭᠢᠷᠠᠭᠵᠢᠭᠤᠯᠬᠤ ᠴᠢᠳᠠᠯ ᠲᠠᠢ᠃ ᠭᠣᠣᠯᠳᠠᠭᠤ ᠠᠭᠤᠰᠬᠢᠨ ᠬᠠᠯᠠᠭᠤᠨ᠂ ᠬᠣᠭᠣᠯᠠᠢ ᠶ᠋ᠢᠨ ᠬᠠᠯᠠᠭᠤᠨ᠂ ᠠᠮᠢᠰᠬᠤᠯ ᠳᠠᠪᠬᠤᠴᠠᠬᠤ᠂ ᠴᠠᠷ ᠬᠣᠪᠬᠣᠷᠠᠬᠤ ᠦᠭᠡᠢ ᠬᠠᠨᠢᠶᠠᠳᠤ᠂ ᠴᠡᠭᠡᠵᠢ ᠪᠡᠷ ᠬᠠᠳᠬᠤᠯᠠᠬᠤ᠂ ᠬᠢᠵᠢᠭ ᠬᠠᠯᠠᠭᠤᠨ ᠠᠭᠤᠰᠬᠢᠨ ᠳ᠋ᠤ᠌ ᠰᠢᠷᠭᠤᠬᠤ᠂ ᠠᠭᠤᠰᠬᠢᠨ ᠳ᠋ᠤ᠌ ᠤᠰᠤ ᠠᠯᠳᠠᠭᠳᠠᠬᠤ ᠵᠡᠷᠭᠡ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄葡萄干 (葡萄)
ᠠᠩᠭ᠌ᠯᠢ ᠨᠡᠷ᠎ᠡ᠄Vilis uinfera L