2018-06-25 23:41
411
0
ᠪᠠᠶᠠᠰᠬᠤᠯᠠᠩ ᠪᠠᠭᠰᠢ ᠶᠢᠨ ᠵᠣᠬᠢᠶᠠᠨ ᠪᠢᠴᠢᠯᠭᠡ ᠶᠢᠨ ᠵᠢᠯᠤᠭᠤᠳᠤᠮᠵᠢ ᠶᠢᠨ
ᠬᠢᠴᠢᠶᠠᠯ ᠢ ᠠᠩᠭᠢ ᠳ᠋ᠤ ᠪᠠᠨ ᠲᠠᠭᠤᠷᠢᠶᠠᠵᠤ ᠤᠷᠤᠭᠰᠠᠨ ᠤ ᠲᠠᠷᠠᠭᠠᠬᠢ ᠲᠥᠷᠦᠭᠳᠡᠯ
ᠬᠠᠩᠬᠢᠨ ᠮᠣᠩᠭᠤᠯ ᠰᠤᠷᠭᠠᠭᠤᠯᠢ ᠪᠦᠷᠢᠨᠭᠡᠷᠡᠯ
2018᠂4᠂26 ᠤ ᠡᠳᠦᠷ᠃ ᠡᠨᠡ ᠦᠳᠡ ᠶᠢᠨ ᠡᠮᠦᠨ᠎ᠡ ᠪᠢ ᠪᠠᠶᠠᠰᠬᠤᠯᠠᠩ ᠪᠠᠭᠰᠢ ᠶᠢᠨ4᠂4 ᠪᠦᠯᠦᠭ ᠲᠤ ᠬᠢ ᠬᠣᠶᠠᠳᠠᠬᠢ ᠤᠳᠠᠭᠠᠨ ᠤ ᠵᠣᠬᠢᠶᠠᠨ ᠪᠢᠴᠢᠯᠭᠡ ᠶᠢᠨ ᠬᠢᠴᠢᠶᠡᠯ ᠢ ᠰᠣᠨᠤᠰᠤᠯ᠎ᠠ᠃ ᠬᠢᠴᠢᠶᠡᠯ ᠡᠬᠢᠯᠡᠮᠡᠭᠴᠠ ᠲᠡᠭᠡᠷ᠎ᠠ ᠣᠳᠠᠭᠠᠨ ᠤ ᠵᠣᠬᠢᠶᠠᠨ ᠪᠢᠴᠢᠯᠭᠡ ᠶᠢᠨ ᠬᠢᠴᠢᠶᠡᠯ ᠢᠶᠡᠨ ᠬᠡᠷᠭᠢᠨ ᠤᠷᠤᠭᠰᠠᠨ ᠪᠠ ᠵᠣᠬᠢᠶᠠᠯ ᠪᠣᠯᠪᠠᠰᠤᠷᠠᠯ ᠤᠨ ᠲᠠᠰᠬᠠᠯ ᠢᠶᠡᠨ ᠬᠡᠷᠭᠢᠨ ᠪᠢᠴᠢᠭᠰᠡᠨ ᠢ ᠲᠦᠭᠦᠮ ᠳ᠋ᠦᠩᠨᠡᠵᠤ ᠬᠤᠷᠢᠶᠠᠩᠭᠤᠢᠯᠠᠭᠠᠳ ᠰᠠᠮᠪᠠᠷ᠎ᠠ ᠲᠡᠭᠡᠷ᠎ᠠ ᠲᠣᠭᠤᠷᠢᠭ ᠬᠡᠯᠪᠡᠷᠢᠳᠡᠢ ᠵᠢᠷᠤᠭ ᠲᠦᠷᠰᠤ ᠵᠢᠷᠤᠭᠠᠳ ᠲᠠ ᠨᠠᠷ ᠤᠨ ᠨᠢᠳᠤᠨ ᠳᠤ ᠶᠠᠭᠤ ᠰᠢᠭ ᠦᠵᠡᠭᠳᠡᠵᠤ ᠪᠠᠢᠨ᠎ᠠ︖ ᠭᠡᠳ ᠰᠢᠭᠤᠳ ᠠᠰᠠᠭᠤᠭᠰᠠᠨ ᠪᠠᠢᠨ᠎ᠠ᠃ ᠬᠡᠦᠬᠡᠳ ᠤᠳ ᠭᠠᠷ ᠡᠷᠬᠦᠴᠡᠭᠡᠵᠤ ᠬᠠᠷᠢᠭᠤᠯᠤᠭᠰᠠᠨ᠃ ᠵᠠᠷᠢᠮ ᠨᠢ ᠦᠨᠳᠡᠭᠡ᠂ ᠲᠥᠮᠦᠰᠦ᠂ ᠬᠠᠳᠠ ᠬᠢᠳᠡᠯ᠎ᠡ ᠵᠠᠷᠢᠮ ᠨᠢ ᠨᠠᠭᠤᠷ᠂ ᠪᠤᠷᠴᠠᠭ᠂ ᠲᠠᠮᠢᠷ ᠤᠨ ᠲᠠᠯᠠᠪᠠᠢ᠂ ᠪᠠᠰᠠ ᠵᠠᠷᠢᠮ ᠨᠢ ᠪᠠᠯᠠᠯᠤᠭᠤᠷ᠂ ᠲᠠᠷᠢᠬᠢ᠂ ᠰᠢᠯ᠂᠂᠂᠂ ᠬᠡᠵᠡᠬᠡᠨᠡ᠃ ᠪᠠᠭᠰᠢ ᠡᠴᠡ᠄︽ᠲᠡᠭᠡᠪᠡᠯ ᠲᠠᠮᠢᠷ ᠤᠨ ᠲᠠᠯᠠᠪᠠᠢ ᠶᠠᠮᠠᠷ ᠬᠡᠯᠪᠡᠷᠢ ᠲᠠᠢ ᠦᠵᠡᠭᠳᠡᠵᠤ ᠪᠠᠢᠨ᠎ᠠ︖︾ ᠬᠡᠵᠤ ᠯᠠᠪᠰᠢᠷᠠᠭᠤᠯᠤᠨ ᠠᠰᠠᠭᠤᠪᠠᠯ ᠣᠨᠤᠪᠴᠢᠳᠠᠢ ᠬᠠᠷᠢᠭᠤᠯᠳᠠ ᠦᠬᠡᠢ ᠳ᠋ᠤ ᠪᠠᠭᠰᠢ︽ ᠵᠤᠤᠪᠠᠩ ᠲᠣᠭᠤᠷᠢᠭ︾ ᠬᠡᠵᠤ ᠰᠠᠢᠬᠠᠨ ᠲᠠᠢᠯᠪᠤᠷᠢᠯᠠᠯᠠ᠃ ᠬᠡᠷᠪᠡ ᠪᠢ ᠦᠨᠳᠡᠭᠡ ᠭᠡᠵᠤ ᠵᠢᠱᠢᠪᠠᠯ ᠭᠠᠳᠠᠨ᠎ᠠ ᠡᠴᠡ ᠨᠢ ᠬᠠᠭᠠᠯᠪᠠᠯ ᠶᠠᠭᠤ ᠪᠣᠯᠬᠤ ᠪᠤᠢ︖ ᠳᠣᠲᠤᠷ᠎ᠠ ᠡᠴᠡ ᠨᠢ ᠭᠠᠳᠠᠭᠰᠢ ᠭᠠᠷᠪᠠᠯ ᠶᠠᠭᠤ ᠪᠣᠯᠬᠤ ᠪᠤᠢ︖ ᠨᠡᠯᠢᠶᠡᠳ ᠰᠡᠳᠬᠢᠬᠦᠯᠬᠦ ᠳᠤ ᠰᠤᠷᠤᠭᠴᠢᠳ ᠭᠠᠳᠠᠨ᠎ᠠ ᠡᠴᠡ ᠨᠢ ᠬᠠᠭᠠᠯᠪᠠᠯ ᠲᠡᠬᠦᠨ ᠢ ᠬᠠᠭᠤᠷᠴᠤ ᠢᠳᠡᠵᠤ ᠪᠣᠯᠤᠨ᠎ᠠ᠃ ᠲᠠᠷᠥᠢ ᠢᠳᠡᠰᠢ᠃ ᠳᠣᠲᠤᠷ᠎ᠠ ᠡᠴᠡ ᠨᠢ ᠴᠤᠷᠪᠠᠭ᠎ᠠ ᠭᠠᠷᠴᠤ ᠨᠠᠪᠴᠢᠵᠤ ᠪᠣᠯᠤᠨ᠎ᠠ ᠬᠡᠵᠡᠬᠡᠪᠡ᠃ ᠲᠠᠨ ᠤ ᠪᠤᠳᠤᠬᠤ ᠪᠡᠷ ᠡᠨᠡ ᠦᠨᠳᠡᠭᠡ ᠴᠣᠬᠤᠮ ᠶᠠᠭᠤ ᠪᠣᠯᠬᠤ ᠲᠤᠷᠠᠳᠠᠢ ᠪᠣᠯ︖ ᠨᠠᠮ ᠵᠢᠮ ᠪᠤᠳᠤᠯᠬᠢᠯᠠᠭᠤᠯᠤᠭᠠᠳ ᠬᠤᠶᠠᠷ ᠨᠦᠭᠦᠳ ᠢᠶᠡᠷ ᠶᠠᠷᠢᠭᠤᠯᠵᠠᠢ᠃ ᠪᠦᠷ ᠴᠤᠷᠪᠠᠭ᠎ᠠ ᠪᠣᠯᠬᠤ ᠲᠤᠷᠠᠳᠠᠢ ᠭᠡᠪᠡ᠃ ᠲᠠᠭᠠᠷᠠᠵᠤ ᠪᠠᠢᠨ᠎ᠠ᠂ ᠲᠡᠭᠡᠪᠡᠯ ᠪᠢᠳᠡ ᠴᠢᠨᠢ ᠬᠥᠮᠦᠨ᠃ ᠴᠤᠷᠪᠠᠭ᠎ᠠ ᠪᠢᠰᠢ᠂ ᠦᠨᠳᠡᠭᠡ ᠬᠦᠷᠳᠡᠯ᠎ᠡ ᠴᠤᠷᠪᠠᠭ᠎ᠠ ᠪᠣᠯᠵᠤ᠂ ᠲᠤᠰᠠᠭᠠᠷ ᠪᠠᠶ᠎ᠡ ᠪᠠᠨ ᠲᠠᠭᠠᠭᠠᠵᠤ ᠠᠮᠢᠳᠤᠷᠠᠬᠤ ᠶᠢ ᠬᠦᠰᠡᠵᠤ ᠪᠠᠢᠳᠠᠯ᠎ᠠ ᠪᠢᠳᠡ ᠬᠥᠮᠦᠨ ᠪᠣᠯᠤᠭᠠᠳ ᠠᠮᠢ ᠨᠠᠰᠤ ᠪᠠᠨ ᠤᠯᠠᠮ ᠪᠠᠶᠠᠯᠢᠭ ᠪᠣᠯᠭᠠᠵᠤ ᠠᠮᠢᠳᠤᠷᠠᠬᠤ ᠶᠢᠨ ᠲᠥᠯᠦᠭᠡ ᠶᠠᠭᠤ ᠶᠢ ᠴᠤ ᠣᠰᠤᠯᠳᠤᠯ ᠦᠭᠡᠢ ᠬᠢᠵᠤ ᠰᠤᠷᠬᠤ ᠨᠢ ᠴᠢᠬᠤᠯᠠ᠃ ᠡᠩ ᠤᠨ ᠬᠥᠮᠦᠨ ᠢ ᠡᠷᠳᠡᠮᠳᠡᠨ ᠲᠠᠢ ᠬᠠᠷᠢᠴᠠᠭᠤᠯᠪᠠᠯ ᠶᠠᠷᠢᠯᠴᠠᠬᠤ ᠦᠭᠡ ᠨᠢ ᠬᠦᠷᠳᠡᠯ᠎ᠡ ᠤᠨᠳᠤᠤ ᠪᠠᠢᠳᠠᠭ ᠢ ᠦᠯᠢᠭᠡᠷ ᠵᠢᠱᠢᠶ᠎ᠡ ᠲᠠᠢ ᠶᠠᠷᠢᠭᠰᠠᠨ᠃ ᠵᠠᠯᠭᠠᠭᠠᠳ ᠬᠥᠮᠦᠨ ᠶᠠᠭᠠᠬᠢᠭᠠᠳ ᠵᠣᠬᠢᠶᠠᠨ ᠪᠢᠴᠢᠳᠡᠭ ᠢ ᠪᠠᠰᠠ ᠨᠢᠭᠡ ᠶᠡᠬᠡ ᠰᠤᠷᠭᠠᠭᠤᠯᠢ ᠶᠢᠨ ᠤᠶᠤᠳᠠᠨ ᠢ ᠠᠪᠤ ᠡᠵᠢ ᠨᠢ ᠵᠠᠷᠤᠵᠤ ᠵᠠᠬᠢᠳᠠᠯ ᠪᠢᠴᠢᠬᠦᠯᠬᠦ ᠪᠡᠷ ᠲᠠᠮᠵᠢᠭᠤᠯᠵᠤ ᠮᠡᠳᠡᠯᠭᠡ ᠲᠠᠢ ᠬᠥᠮᠦᠨ ᠬᠠᠰᠢ ᠯᠠ ᠴᠢᠬᠤᠯᠠ ᠬᠡᠳᠡᠭ ᠢ ᠶᠠᠷᠢᠵᠠᠢ᠃
ᠬᠣᠶᠠᠳᠤᠭᠠᠷ ᠠᠯᠬᠤᠮ ᠳ᠋ᠤ ᠪᠠᠭᠰᠢ ᠡᠴᠡ ᠦᠪᠡᠷ ᠤᠨ ᠵᠣᠬᠢᠶᠠᠭᠰᠠᠨ ᠦᠨᠳᠡᠭᠡ ᠴᠤᠷᠪᠠᠭ᠎ᠠ ᠶᠢᠨ ᠦᠯᠢᠭᠡᠷ ᠢᠶᠡᠨ ᠤᠩᠰᠢᠭᠤᠯᠤᠨ᠂ ᠲᠡᠢᠨ ᠢᠯᠭᠠᠯ ᠤᠨ ᠲᠠᠭᠠᠪᠤᠷᠢ ᠪᠤᠷᠤᠭᠤ ᠬᠡᠷᠡᠭᠯᠡᠭᠰᠡᠨ ᠭᠠᠵᠠᠷ ᠤᠳ ᠢ ᠡᠷᠢᠵᠤ᠂ ᠵᠠᠰᠠᠭᠤᠯᠬᠤ ᠪᠣᠯᠪᠠᠰᠤᠷᠠᠯ ᠬᠢᠯᠬᠡᠵᠡᠢ᠃
ᠭᠤᠷᠪᠠᠳᠤᠭᠠᠷ ᠠᠯᠬᠤᠮ ᠳ᠋ᠤ ᠮᠤᠤᠷ ᠬᠤᠯᠤᠭᠠᠨ᠎ᠠ ᠶᠢᠨ ᠦᠯᠢᠭᠡᠷ ᠶᠠᠷᠢᠵᠤ ᠵᠣᠬᠢᠶᠠᠨ ᠪᠢᠴᠢᠯᠭᠡ ᠬᠢᠯᠭᠡᠭᠰᠡᠨ᠃ ᠤᠷᠢᠳ ᠢᠶᠡᠷ ︽ᠮᠤᠤᠷ ᠪᠠ ᠬᠤᠯᠤᠭᠠᠨ᠎ᠠ︾ ᠭᠡᠵᠤ ᠰᠠᠮᠪᠠᠷᠠᠯᠠᠭᠠᠳ
ᠲᠡᠬᠢᠨ ᠬᠤᠶᠠᠷ ᠵᠢᠵᠢᠭ᠌ ᠭᠠᠷᠴᠠᠭ ᠦᠭᠴᠤ ᠲᠤᠰ ᠲᠤᠰ ᠬᠤᠶᠠᠷ ᠶᠠᠩᠵᠤ ᠶᠢᠨ ᠦᠯᠢᠭᠡᠷ ᠶᠠᠷᠢᠵᠤ ᠦᠭᠴᠡᠢ᠃ ᠵᠢᠵᠢᠭ᠌ ᠭᠠᠷᠴᠠᠭ ᠨᠢ︽ ᠮᠤᠤᠷ ᠬᠤᠯᠤᠭᠠᠨ᠎ᠠ ᠳ᠋ᠤ ᠮᠡᠬᠡᠯᠡᠭᠳᠡᠭᠰᠡᠨ ᠨᠢ︾ ᠪᠠ︽ ᠬᠤᠯᠤᠭᠠᠨ᠎ᠠ ᠮᠤᠤᠷ ᠲᠤ ᠮᠡᠬᠡᠯᠡᠭᠳᠡᠭᠰᠡᠨ ᠨᠢ︾ ᠢᠩᠬᠢᠬᠡᠳ ᠰᠤᠷᠤᠭᠴᠢᠳ ᠢᠶᠡᠷ ᠦᠯᠢᠬᠡᠷ ᠵᠣᠬᠢᠶᠠᠯᠭᠠᠵᠤ ᠳᠠᠷᠠᠭ᠎ᠠ ᠨᠢ ᠪᠢᠴᠢᠬᠦᠯᠵᠡᠢ᠃
ᠳᠠᠷᠠᠭ᠎ᠠ ᠴᠠᠭ ᠤᠨ ᠬᠢᠴᠢᠶᠡᠯ ᠢ ᠪᠢ ᠮᠥᠨ ᠠᠩᠭᠢ ᠳ᠋ᠤ ᠪᠠᠨ ᠰᠢᠭᠤᠳ ᠠᠪᠴᠤ ᠤᠷᠤᠭᠰᠠᠨ᠃ ᠮᠠᠨ ᠤ ᠠᠩᠭᠢ ᠶᠢᠨ ᠰᠤᠷᠤᠭᠴᠢᠳ ᠲᠤᠩ ᠢᠳᠡᠪᠬᠢᠲᠡᠢ ᠤᠷᠤᠵᠠᠭᠠᠭᠰᠠᠨ ᠪᠢᠯᠡ᠃ ᠮᠢᠨᠤ ᠵᠢᠷᠤᠭᠰᠠᠨ ᠲᠣᠭᠤᠷᠢᠭ ᠲᠦᠷᠰᠤ ᠶᠢ ᠰᠤᠷᠤᠭᠴᠢᠳ ᠨᠡᠩ ᠤᠯᠠᠨ ᠶᠠᠩᠵᠤ ᠪᠡᠷ ᠬᠠᠷᠢᠭᠤᠯᠵᠤ ᠲᠡᠢᠯᠦᠭᠰᠡᠨ᠃ ᠭᠤᠯᠢᠷ᠂ ᠠᠷᠭᠠᠯ᠂ ᠬᠦᠷᠳᠦ᠂ ᠡᠬᠦᠯᠡ᠂ ᠨᠠᠪᠴᠢ᠂ ᠨᠦᠬᠡ᠂ ᠬᠡᠢ ᠪᠦᠮᠪᠤᠭᠡ᠂ ᠳᠡᠭ, ᠲᠡᠯᠡᠬᠡᠢ ᠶᠢᠨ ᠪᠦᠮᠪᠤᠷᠴᠡᠭ᠂ ᠬᠤᠷᠤᠳ᠂ ᠱᠠᠬᠠᠢ᠂ ᠬᠥᠯᠦᠰᠦᠨ ᠲᠣᠰᠦᠯ ᠭᠡᠬᠦ ᠮᠡᠳᠤ ᠪᠡᠷ ᠰᠠᠢᠬᠠᠨ ᠶᠠᠷᠢᠵᠠᠭᠠᠭᠰᠠᠨ᠃ ᠢᠩᠬᠢᠬᠡᠳ ᠪᠢ ᠰᠠᠶᠢ ᠬᠡᠦᠬᠡᠳ ᠢ ᠬᠡᠳᠦᠢ ᠰᠡᠳᠬᠢᠬᠦᠢ ᠶᠢ ᠨᠢ ᠲᠡᠯᠡᠬᠦ ᠲᠤᠳᠤᠮ ᠲᠡᠷᠡ ᠨᠡᠩ ᠤᠯᠠᠨ ᠢ ᠰᠡᠳᠬᠢᠵᠤ ᠶᠠᠷᠢᠵᠤ ᠲᠡᠢᠯᠬᠦ ᠪᠣᠯᠤᠨ᠎ᠠ ᠬᠡᠳᠡᠭ ᠢ ᠮᠡᠳᠡᠯ᠎ᠡ᠃
ᠦᠨᠳᠡᠭᠡ ᠪᠡᠷ ᠵᠢᠱᠢᠶᠠᠯᠠᠪᠠᠯ᠄ ᠬᠡᠷᠪᠡ ᠦᠨᠳᠡᠭᠡ ᠶᠢ ᠬᠠᠭᠠᠯᠪᠠᠯ ᠶᠠᠭᠤ ᠪᠣᠯᠬᠤ ᠪᠤᠢ︖ ᠭᠡᠬᠦ ᠳ᠋ᠤ ᠰᠤᠷᠤᠭᠴᠢᠳ ᠪᠠᠰᠠ ᠯᠠ ᠴᠤᠷᠪᠠᠭ᠎ᠠ ᠪᠣᠯᠤᠨ᠎ᠠ ᠭᠡᠵᠡᠭᠡᠨ᠎ᠡ᠃ ᠴᠢᠨᠠᠭᠰᠢ ᠶᠠᠷᠢᠭᠤᠯᠬᠤ ᠳ᠋ᠤ ᠰᠤᠷᠤᠭᠴᠢᠳ ᠨᠡᠩ ᠤᠯᠠᠨ ᠰᠠᠢᠬᠠᠨ ᠰᠡᠳᠬᠢᠮᠵᠢ ᠲᠠᠢ ᠶᠠᠷᠢᠵᠠᠭᠠᠪᠠ᠃ ᠨᠢᠭᠡ ᠡᠴᠡ ᠤᠯᠠᠨ ᠢ ᠰᠡᠳᠬᠢᠵᠤ ᠤᠯᠬᠤ᠂ ᠬᠣᠯᠪᠤᠨ ᠪᠣᠳᠤᠭᠤᠯᠬᠤ᠂ ᠤᠯᠠᠷᠢᠨ ᠰᠡᠳᠬᠢᠬᠦᠯᠬᠦ ᠵᠡᠷᠭᠡ ᠨᠢ ᠶᠠᠭᠤᠳᠠᠢ ᠴᠢᠬᠤᠯᠠ ᠭᠡᠳᠡᠭ ᠢ ᠨᠠᠷᠢᠨ ᠪᠣᠳᠤᠭᠳᠠᠭᠤᠯᠤᠯᠠ᠃ ᠡᠢᠮᠦᠷᠬᠦᠦ ᠪᠣᠯᠪᠠᠰᠤᠷᠠᠯ ᠢ ᠢᠯᠡᠬᠦᠦ ᠬᠢᠯᠭᠡᠪᠡᠯ ᠲᠡᠭᠡᠷ᠎ᠠ ᠪᠠᠢᠨ᠎ᠠ᠃ ᠢᠩᠬᠢᠬᠡᠳ ᠨᠢᠬᠡ ᠡᠳᠦᠷ ᠪᠢ ᠰᠠᠨᠠᠮᠰᠠᠷ ᠦᠭᠡᠢ ︽ᠦᠪᠤᠷ ᠮᠣᠩᠭᠤᠯ ᠤᠨ ᠪᠠᠭᠠᠴᠤᠳ ᠤᠨ ᠰᠣᠨᠢᠨ︾ ᠲᠡᠭᠡᠷ᠎ᠠ ᠡᠴᠡ︽ ᠨᠢᠬᠡ ᠬᠡᠯᠬᠢᠶ᠎ᠡ ᠦᠵᠦᠮ︾ ᠭᠡᠬᠦ ᠵᠣᠬᠢᠶᠠᠯ ᠢ ᠣᠯᠵᠤ ᠦᠵᠡᠬᠡᠳ ᠰᠤᠷᠤᠭᠴᠢᠳ ᠢᠶᠡᠷ ᠤᠩᠰᠢᠭᠤᠯᠤᠭᠠᠳ ᠵᠣᠬᠢᠶᠠᠯ ᠤᠨ ᠵᠠᠯᠭᠠᠮᠵᠢ ᠶᠢ ᠰᠡᠳᠬᠢᠨ ᠪᠣᠳᠤᠭᠤᠯᠵᠤ ᠶᠠᠷᠢᠭᠤᠯᠤᠭᠠᠳ ᠲᠠᠬᠢᠨ ᠪᠢᠴᠢᠬᠦᠯᠵᠡᠢ᠃ ᠰᠤᠷᠤᠭᠴᠢᠳ ᠶᠠᠩᠵᠤ ᠶᠠᠩᠵᠤ ᠪᠡᠷ ᠶᠠᠷᠢᠵᠠᠭᠠᠵᠠᠢ᠃ ᠢᠩᠬᠢᠭᠡᠳ ᠤᠯᠠᠨ ᠶᠡᠩᠵᠤ ᠶᠢᠨ ᠦᠯᠢᠬᠡᠷ ᠵᠣᠬᠢᠶᠠᠯ ᠮᠡᠳᠦᠯᠡᠵᠡᠢ᠃ ᠢᠩᠬᠢᠵᠤ ᠶᠠᠮᠠᠷ ᠨᠢᠭᠡᠨ ᠦᠢᠯᠡ ᠶᠠᠪᠤᠳᠠᠯ ᠤᠨ ᠴᠢᠨᠠᠭᠰᠢᠳᠠ ᠦᠷᠬᠦᠯᠵᠢᠯᠡᠵᠤ ᠮᠡᠳᠡᠬᠦ ᠂ ᠡᠰᠡᠬᠦᠯ᠎ᠡ ᠡᠷᠬᠢᠯᠳᠡ ᠶᠢᠨ ᠴᠢᠨᠠᠷᠳᠠᠢ ᠠᠰᠠᠭᠤᠳᠠᠯ ᠭᠠᠷᠴᠤ ᠮᠡᠳᠡᠬᠦ ᠭᠠᠵᠠᠷ ᠢ ᠨᠢ ᠣᠯᠵᠤ᠂ ᠴᠢᠨᠠᠭᠰᠢ ᠬᠣᠯᠪᠤᠨ ᠪᠣᠳᠤᠭᠤᠯᠵᠤ᠂ ᠦᠢᠯᠡ ᠶᠠᠪᠤᠳᠠᠯ ᠵᠣᠬᠢᠶᠠᠯᠭᠠᠬᠤ ᠮᠡᠳᠤ ᠪᠡᠷ ᠪᠣᠯᠪᠠᠰᠤᠷᠠᠭᠤᠯᠬᠤ ᠨᠢ ᠬᠡᠦᠬᠡᠳ ᠤᠨ ᠪᠦᠳᠦᠬᠡᠯᠴᠢ ᠰᠡᠳᠬᠢᠬᠦᠢ ᠶᠢ ᠬᠦᠭᠵᠢᠬᠦᠯᠬᠦ ᠪᠡᠷ ᠪᠠᠷᠠᠬᠤ ᠦᠬᠡᠢ ᠶᠠᠷᠢᠵᠤ ᠢᠯᠡᠳᠭᠡᠬᠦ ᠴᠢᠳᠠᠪᠤᠷᠢ᠂ ᠪᠡᠶ᠎ᠡ ᠳ᠋ᠤ ᠪᠠᠨ ᠢᠲᠡᠭᠡᠯ ᠲᠠᠢ ᠪᠣᠯᠬᠤ᠂ ᠰᠢᠨ᠎ᠡ ᠶᠢ ᠡᠬᠦᠳᠬᠦ ᠵᠣᠷᠢᠭ ᠢ ᠪᠤᠢ ᠪᠣᠯᠭᠠᠵᠤ ᠲᠡᠢᠯᠦᠨᠡ᠃
ᠪᠠᠭᠰᠢ ᠡᠴᠡ ᠦᠪᠡᠷ ᠤᠨ ᠪᠢᠴᠢᠭᠰᠡᠨ ᠵᠣᠬᠢᠶᠠᠯ ᠢᠶᠡᠨ ᠰᠤᠷᠤᠭᠴᠢᠳ ᠲᠤ ᠤᠩᠰᠢᠭᠤᠯᠬᠤ ᠨᠢ ᠬᠠᠮᠳᠤ ᠪᠡᠷ ᠰᠤᠷᠤᠯᠴᠠᠬᠤ᠂ ᠬᠠᠮᠳᠤ ᠪᠡᠷ ᠲᠠᠪᠰᠢᠬᠤ ᠨᠢᠬᠡᠨ ᠰᠠᠢᠬᠠᠨ ᠲᠣᠬᠢᠶᠠᠯ ᠭᠡᠵᠤ ᠪᠢ ᠦᠵᠡᠯ᠎ᠡ᠃
ᠡᠨᠡ ᠡᠳᠦᠷ ᠬᠡᠳᠦᠢᠪᠡᠷ ᠪᠢ ᠪᠠᠶᠠᠰᠬᠤᠯᠠᠩ ᠪᠠᠭᠰᠢ ᠶᠢᠨ ᠪᠢᠴᠢᠭᠰᠡᠨ ᠵᠣᠬᠢᠶᠠᠯ ᠢ ᠰᠤᠷᠤᠭᠴᠢᠳ ᠢᠶᠡᠷ ᠬᠢᠯᠭᠡᠵᠤ ᠦᠵᠡᠭᠰᠡᠨ ᠴᠤ ᠠᠳᠠᠯᠢᠬᠠᠨ ᠶᠠᠮᠠᠷ ᠨᠢᠭᠡᠨ ᠰᠡᠷᠡᠭᠳᠡᠯ᠂ ᠶᠠᠮᠠᠷ ᠨᠢᠭᠡᠨ ᠮᠡᠳᠡᠯᠭᠡ ᠶᠢ ᠤᠯᠵᠤ ᠲᠡᠢᠯᠪᠡᠯ ᠮᠠᠨ ᠤ ᠵᠢᠭᠠᠨ ᠰᠤᠷᠭᠠᠯᠳᠠ ᠵᠣᠷᠢᠯᠭ᠎ᠠ ᠳᠤ ᠪᠠᠨ ᠬᠦᠷᠦᠯ᠎ᠡ ᠭᠡᠵᠤ ᠦᠵᠡᠨ᠎ᠡ᠃ ᠡᠢᠮᠦ ᠡᠴᠡ ᠡᠨᠡ ᠤᠳᠠᠭᠠᠨ ᠤ ᠬᠢᠴᠢᠶᠡᠯᠯᠡᠭᠡ ᠪᠠᠭᠰᠢ ᠰᠤᠷᠬᠤ ᠪᠡᠷ ᠪᠠᠷᠠᠬᠤ ᠦᠭᠡᠢ᠂ ᠰᠤᠷᠤᠭᠴᠢᠳ ᠪᠠᠰᠠ ᠰᠢᠨ᠎ᠡ ᠶᠢ ᠰᠤᠷᠤᠭᠰᠠᠨ᠂ ᠬᠠᠮᠳᠤ ᠶᠢᠨ ᠰᠤᠷᠤᠯᠴᠠᠯᠭ᠎ᠠ ᠪᠣᠯᠤᠭᠰᠠᠨ ᠪᠠᠢᠨ᠎ᠠ᠃ ᠲᠤᠰ ᠵᠣᠬᠢᠶᠠᠯ ᠪᠣᠯᠪᠠᠰᠤᠷᠠᠯ ᠨᠢ ᠰᠤᠷᠤᠭᠴᠢᠳ ᠲᠤ ᠶᠠᠮᠠᠷ ᠦᠯᠢᠭᠡᠷ ᠶᠠᠷᠢᠵᠤ ᠶᠠᠮᠠᠷ ᠶᠣᠰᠤ ᠤᠴᠢᠷ ᠢ ᠮᠡᠳᠡᠭᠦᠯᠦᠭᠰᠡᠨ᠂ ᠬᠡᠯᠡᠴᠡ ᠶᠢᠨ ᠤᠳᠬ᠎ᠠ ᠶᠢ ᠮᠡᠳᠡᠭᠦᠯᠦᠭᠰᠡᠨ᠂ ᠶᠠᠷᠢᠯᠴᠠᠭ᠎ᠠ ᠵᠢᠴᠢ ᠴᠡᠭ ᠲᠡᠮᠳᠡᠭ ᠢ ᠬᠡᠷᠭᠢᠨ ᠵᠣᠬᠢᠶᠠᠯ ᠳ᠋ᠤ ᠬᠡᠷᠡᠭᠯᠡᠳᠡᠭ ᠢ ᠮᠡᠳᠡᠭᠦᠯᠦᠭᠰᠡᠨ᠂ ᠲᠠᠢᠨ ᠢᠯᠭᠠᠯ ᠤᠨ ᠨᠥᠬᠦᠴᠡᠯ ᠤᠨ ᠪᠤᠷᠤᠭᠤ ᠶᠢ ᠵᠠᠰᠠᠭᠤᠯᠤᠭᠰᠠᠨ ᠵᠡᠷᠭᠡ ᠨᠢ ᠦᠨᠡᠬᠡᠷ ᠮᠣᠩᠭᠤᠯ ᠬᠡᠯᠡᠨ ᠤ ᠰᠠᠭᠤᠷᠢ ᠶᠢ ᠵᠡᠷᠬᠡ ᠳ᠋ᠤ ᠨᠢ ᠠᠳᠬᠤᠵᠤ ᠪᠠᠢᠭ᠎ᠠ ᠨᠢ ᠢᠯᠡᠷᠬᠡᠢ ᠪᠠᠢᠨ᠎ᠠ᠃ ᠨᠠᠳᠠ ᠳ᠋ᠤ ᠴᠤ ᠭᠡᠰᠡᠨ ᠡᠢᠮᠦᠷᠬᠦᠦ ᠶᠠᠮᠠᠷ ᠨᠢᠭᠡᠨ ᠶᠠᠭᠤᠮ᠎ᠠ ᠡᠴᠡ ᠴᠢᠨᠠᠭᠰᠢ ᠬᠣᠯᠪᠤᠨ ᠪᠣᠳᠤᠭᠤᠯᠤᠭᠰᠠᠨ ᠪᠦᠬᠦᠢ ᠮᠠᠲ᠋ᠧᠷᠢᠶᠠᠯ ᠣᠯᠳᠠᠪᠠᠯ ᠪᠠᠷᠢᠨ ᠳᠣᠣᠷ᠎ᠠ ᠨᠢ ᠴᠢᠳᠠᠮᠠᠭᠠᠢ ᠪᠡᠷ ᠠᠰᠢᠭᠯᠠᠵᠤ᠂ ᠰᠡᠷᠭᠡᠭ ᠢᠶᠡᠷ ᠪᠢᠷ ᠬᠦᠳᠡᠯᠬᠡᠨ ᠵᠣᠬᠢᠶᠠᠯ ᠪᠦᠳᠦᠭᠡᠯ ᠭᠠᠷᠭᠠᠵᠤ ᠲᠠᠬᠢᠨ ᠰᠤᠷᠤᠭᠴᠢ ᠲᠠᠢ ᠪᠠᠨ ᠬᠤᠪᠢᠶᠠᠯᠴᠠᠬᠤ ᠨᠢ ᠶᠠᠭᠤᠳᠠᠢ ᠰᠠᠢᠬᠠᠨ ᠪᠤᠢ ᠭᠡᠵᠤ ᠪᠤᠳᠤᠬᠤ ᠶᠢᠨ ᠤᠯᠠᠮ ᠡᠴᠡ ᠦᠪᠡᠷ ᠢ ᠪᠠᠨ ᠴᠠᠭ ᠦᠷᠬᠦᠯᠵᠢ ᠶᠠᠭᠤᠮ᠎ᠠ ᠶᠢ ᠠᠩᠬᠠᠷᠴᠤ ᠰᠡᠳᠬᠢᠳᠡᠭ᠂ ᠤᠯᠠᠨ ᠨᠣᠮ ᠤᠩᠰᠢᠳᠠᠭ ᠬᠥᠮᠦᠨ ᠪᠣᠯᠬᠤ ᠨᠢ ᠴᠢᠬᠤᠯᠠ ᠭᠡᠳᠡᠭ ᠢ ᠮᠡᠳᠡᠭᠦᠯᠦᠯ᠎ᠡ᠃
ᠦᠯᠢᠭᠡᠷ ᠰᠣᠨᠤᠰᠤᠭᠤᠯᠤᠭᠠᠳ ᠵᠣᠬᠢᠶᠠᠯ ᠪᠢᠴᠢᠬᠦᠯᠬᠦ ᠱᠠᠳᠤᠨ ᠳ᠋ᠤ ᠰᠤᠷᠤᠭᠴᠢᠳ ᠮᠥᠨ ᠴᠤ ᠢᠳᠡᠪᠬᠢᠳᠡᠢ ᠰᠠᠢᠬᠠᠨ ᠰᠣᠨᠤᠰᠴᠠᠢ᠃︽5᠂1︾ ᠤ ᠲᠠᠰᠬᠠᠯ ᠪᠣᠯᠭᠠᠨ ᠦᠯᠡᠳᠡᠭᠡᠭᠡᠳ ᠪᠤᠴᠠᠵᠤ ᠢᠷᠡᠬᠡᠳ ᠪᠦᠬᠦᠳᠡ ᠶᠢᠨ ᠲᠠᠰᠬᠠᠯ ᠢ ᠬᠢᠨᠠᠵᠤ ᠦᠵᠡᠪᠡᠯ ᠳᠣᠣᠷ᠎ᠠ ᠬᠡᠳᠦᠨ ᠲᠠᠯ᠎ᠠ ᠶᠢᠨ ᠤᠨᠴᠠᠯᠢᠭ ᠲᠠᠢ ᠦᠯᠢᠭᠡᠷ ᠤᠳ ᠵᠤᠬᠢᠶᠠᠭᠳᠠᠵᠤ ᠭᠠᠷᠴᠤ ᠢᠷᠡᠭᠰᠡᠨ ᠪᠠᠢᠨ᠎ᠠ᠃
ᠨᠢᠭᠡ ᠳ᠋ᠤ᠂ ᠣᠯᠠᠩᠬᠢ ᠰᠤᠷᠤᠭᠴᠢᠳ︽ ᠮᠤᠤᠷ ᠬᠤᠯᠤᠭᠠᠨ᠎ᠠ ᠶᠢᠨ ᠦᠯᠢᠭᠡᠷ︾ ᠭᠡᠬᠦ ᠺᠠᠷᠲ᠋ᠦᠨ ᠢ ᠪᠣᠳᠤᠵᠤ ᠤᠯᠤᠭᠠᠳ ᠦᠵᠡᠭᠰᠡᠨ ᠨᠢᠭᠡ ᠪᠠᠨ ᠪᠢᠴᠢᠵᠡᠢ᠃ ᠡᠢᠮᠦᠷᠬᠦᠦ ᠵᠣᠬᠢᠶᠠᠯ ᠢ ᠪᠢᠴᠢᠭᠰᠡᠨ ᠨᠥᠬᠦᠳ ᠨᠢ ᠰᠡᠳᠬᠢᠬᠦ ᠳᠤᠷ᠎ᠠ ᠦᠭᠡᠢ ᠰᠢᠭ᠌᠂ ᠶᠠᠷᠢᠵᠤ ᠢᠯᠡᠳᠬᠡᠬᠦ᠂ ᠵᠣᠬᠢᠶᠠᠵᠤ ᠨᠠᠢᠷᠠᠭᠤᠯᠬᠤ ᠲᠠᠯ᠎ᠠ ᠪᠡᠷ ᠲᠤᠳᠠᠮᠠᠭ ᠤᠨᠴᠠᠯᠢᠭ ᠲᠠᠢ᠃
ᠬᠤᠶᠠᠷ ᠲᠤ᠂︽ ᠮᠤᠤᠷ ᠬᠤᠯᠤᠭᠠᠨ᠎ᠠ ᠳ᠋ᠤ ᠮᠡᠭᠡᠯᠡᠭᠳᠡᠭᠰᠡᠨ︾ ᠦᠯᠢᠬᠡᠷ ᠢ ᠪᠠᠰᠠ ᠠᠷᠪᠠᠨ ᠨᠢᠭᠡᠨ ᠰᠤᠷᠤᠭᠴᠢ ᠪᠢᠴᠢᠵᠡᠢ᠃ ᠬᠤᠯᠤᠭᠠᠨ᠎ᠠ ᠶᠢᠨ ᠮᠡᠷᠭᠡᠨ ᠠᠷᠭ᠎ᠠ ᠶᠢ ᠰᠣᠨᠢᠨ ᠰᠣᠨᠢᠨ ᠢᠶᠡᠷ ᠪᠣᠳᠤᠵᠤ ᠰᠠᠢᠬᠠᠨ ᠵᠣᠬᠢᠶᠠᠵᠠᠢ᠃
ᠭᠤᠷᠪᠠ ᠳ᠋ᠤ᠂ ᠭᠠᠭᠴᠠᠬᠠᠨ ᠰᠤᠷᠤᠭᠴᠢ ᠬᠠᠷᠢᠨ︽ᠮᠤᠤᠷ ᠪᠠᠭᠠᠰᠤ ᠪᠠᠨ ᠨᠢᠭᠤᠳᠠᠭ ᠪᠣᠯᠤᠭᠰᠠᠨ︾ ᠭᠡᠬᠦ ᠦᠯᠢᠭᠡᠷ ᠢ ᠪᠢᠴᠢᠵᠡᠢ᠃ ᠨᠢᠭᠡ ᠤᠳᠠᠭ᠎ᠠ ᠮᠤᠤᠷ ᠭᠠᠳᠠᠨ᠎ᠠ ᠪᠠᠭᠠᠴᠢᠬᠠᠭᠠᠳ ᠪᠠᠭᠠᠰᠤ ᠪᠠᠨ ᠭᠠᠵᠠᠷ ᠲᠤ ᠪᠤᠯᠠᠵᠤ ᠪᠠᠢᠬᠤ ᠶᠢ ᠣᠯᠵᠤ ᠦᠵᠡᠭᠡᠳ ᠡᠮᠡᠭᠡ ᠡᠴᠡ ᠪᠠᠨ ᠠᠰᠠᠭᠤᠭᠠᠳ
ᠰᠠᠶᠢ ᠮᠤᠤᠷ ᠪᠠᠭᠠᠰᠤ ᠪᠠᠨ ᠪᠤᠯᠠᠬᠤ ᠦᠭᠡᠢ ᠪᠣᠯ ᠬᠤᠯᠤᠭᠠᠨ᠎ᠠ ᠣᠯᠵᠤ ᠦᠵᠡᠴᠢᠬᠡᠪᠡᠯ ᠠᠶᠤᠭᠠᠳ ᠳᠤᠲᠠᠭᠠᠴᠢᠬᠠᠨᠠ ᠲᠡᠬᠡᠭᠦ ᠪᠡᠷ ᠢᠶᠡᠨ ᠬᠤᠯᠤᠭᠠᠨ᠎ᠠ ᠡᠴᠡ ᠨᠢᠭᠤᠵᠤ ᠪᠠᠢᠬᠤ ᠤᠬᠠᠭᠠᠨ ᠲᠠᠢ ᠭᠡᠵᠤ ᠰᠠᠢᠬᠠᠨ ᠲᠠᠢᠯᠪᠤᠷᠢᠯᠠᠭᠰᠠᠨ ᠵᠣᠬᠢᠶᠠᠯ ᠪᠣᠯᠵᠠᠢ᠃
ᠡᠢᠮᠤ ᠡᠴᠡ ᠨᠢᠭᠡ ᠰᠡᠳᠦᠪ ᠡᠴᠡ ᠣᠯᠠᠨ ᠢ ᠤᠬᠠᠵᠤ ᠮᠡᠳᠡᠬᠦ᠂ ᠨᠡᠩ ᠢᠯᠠᠩᠭᠤᠶ᠎ᠠ ᠠᠮᠢᠳᠤᠷᠠᠯ ᠤᠨ ᠮᠡᠳᠡᠯᠭᠡ ᠲᠠᠢ ᠪᠣᠯᠬᠤ ᠨᠢ ᠰᠤᠷᠤᠭᠴᠢᠳ ᠲᠤ ᠪᠡᠶ᠎ᠡ ᠪᠠᠨ ᠲᠠᠭᠠᠭᠠᠬᠤ᠂ ᠣᠷᠴᠢᠨ ᠲᠣᠭᠤᠷᠢᠨ ᠳ᠋ᠤ ᠪᠠᠨ ᠵᠣᠬᠢᠴᠠᠬᠤ ᠴᠢᠳᠠᠪᠤᠷᠢ ᠶᠢ ᠲᠡᠭᠡᠭᠰᠢᠯᠡᠭᠦᠯᠬᠦ ᠵᠡᠷᠭᠡ ᠲᠠᠯ᠎ᠠ ᠳ᠋ᠤ ᠮᠦᠨᠴᠤ ᠶᠡᠭᠡᠭᠡᠨ ᠨᠥᠯᠦᠭᠡ ᠦᠵᠡᠬᠦᠯᠵᠤ ᠴᠢᠳᠠᠬᠤ ᠶᠤᠮ᠃
ᠳᠠᠷᠠᠭ᠎ᠠ ᠬᠤᠭᠤᠴᠠᠭ᠎ᠠ ᠡᠴᠡ ᠦᠪᠡᠷᠳᠡᠭᠡᠨ ᠢᠯᠡᠬᠦᠦ ᠮᠠᠲ᠋ᠧᠷᠢᠶᠠᠯ ᠬᠤᠷᠠᠮᠳᠤᠭᠤᠯᠵᠤ᠂ ᠢᠯᠡᠬᠦᠦ ᠠᠮᠢᠳᠠᠨ ᠣᠷᠭᠤᠮᠠᠯ ᠢᠶᠡᠷ ᠰᠡᠳᠦᠪᠯᠡᠵᠤ ᠲᠡᠳᠡᠬᠡᠷ ᠢ ᠬᠦᠮᠦᠨᠴᠢᠯᠡᠵᠤ᠂ ᠬᠥᠮᠦᠨ ᠤ ᠰᠡᠳᠬᠢᠬᠦᠢ ᠪᠡᠷ ᠣᠷᠴᠢᠯᠡᠩ ᠢ ᠲᠠᠨᠢᠬᠤ ᠲᠠᠯ᠎ᠠ ᠶᠢᠨ ᠪᠣᠯᠪᠠᠰᠤᠷᠠᠯ ᠢ ᠬᠢᠬᠦ ᠪᠡᠷ ᠪᠡᠯᠡᠳᠭᠡᠨ᠎ᠡ᠃