

        

2015-03-07 20:18
  503
  3
  ᠥᠨᠥ ᠪᠣᠯ ᠰᠦᠯᠵᠢᠶ᠎ᠡ ᠭᠠᠷ ᠮᠠᠰᠢᠨ ᠲᠦᠭᠡᠮᠡᠯᠵᠢᠭᠰᠡᠨ ᠲᠣᠭᠠᠴᠠᠲᠤ ᠨᠡᠶᠢᠭᠡᠮ ᠪᠣᠯᠵᠠᠢ ᠃ ᠭᠡᠪᠡᠴᠦ ᠮᠠᠨ ‍ᠣ ᠮᠣᠩᠭᠣᠯ ᠦᠨᠳᠦᠰᠦᠲᠡᠨ ‍ᠣ ᠡᠨᠡ ᠲᠠᠯ᠎ᠠ ᠪᠠᠷ ᠬᠢ ᠬᠥᠭᠵᠢᠯᠲᠡ ᠠᠨᠠᠢ ᠪᠠᠶᠢᠵᠤ ᠂ ᠮᠠᠯᠴᠢᠳ ᠮᠡᠳᠡᠬᠦ ᠦᠭᠡᠢ ᠪᠠᠷ ᠪᠠᠷᠠᠬᠤ ᠦᠭᠡᠢ ᠰᠤᠷᠭᠠᠭᠤᠯᠢ ᠳ᠋ᠥ ᠪᠠᠶᠢᠬᠣ ᠢᠷᠡᠭᠡᠳᠦᠢ ᠶᠢᠨ ᠲᠤᠯᠭᠠᠭᠤᠷᠢ ᠴᠠᠭ ᠡᠷᠡᠨ ‍ᠣ ᠬᠡᠥᠬᠡᠳ ᠬᠦᠷᠲᠡᠯ᠎ᠡ ᠮᠡᠳᠡᠬᠦ ᠦᠭᠡᠢ ᠪᠠᠶᠢᠨ᠎ᠠ ᠃ ᠡᠭᠦᠨ ᠡᠴᠡ ᠦᠵᠡᠵᠦ ᠭᠠᠷᠬᠤ ᠨᠢ ᠰᠦᠯᠵᠢᠶᠡᠨ ‍ᠣ ᠲᠦᠭᠡᠮᠡᠯᠵᠢᠯᠡᠯᠲᠡ ᠶᠢᠨ ᠬᠡᠮᠵᠢᠶ᠎ᠡ ᠲᠦᠢᠯ ᠦᠨ ᠳᠣᠣᠷ᠎ᠠ ᠪᠠᠶᠢᠭ᠎ᠠ ᠨᠢ ᠢᠯᠡᠬᠡᠨ ᠪᠠᠶᠢᠨ᠎ᠠ ᠃ 
  ᠬᠠᠮᠤᠭ ᠤᠨ ᠢᠯᠡᠬᠡᠨ ᠵᠢᠱᠢᠶ᠎ᠡ ᠃ ᠳᠤᠷ᠎ᠠ ᠶᠢᠨ ᠨᠢᠭᠡ ᠬᠢᠲᠠᠳ ᠰᠤᠷᠤᠭᠴᠢ ᠰᠦᠯᠵᠢᠶᠡᠨ ᠭᠠᠷᠤᠭᠠᠳ ᠦᠪᠡᠷ ᠦᠨ ᠣᠯᠬᠤ ᠭᠡᠬᠦ ᠠᠰᠠᠭᠤᠳᠠᠯ ᠢᠶᠠᠨ ᠬᠠᠷᠢᠭᠤᠯᠲᠠ ᠨᠢ ᠪᠠᠶᠢᠪᠠᠯ ᠪᠦᠷ ᠣᠯᠣᠭᠠᠳ ᠠᠪᠴᠢᠬᠠᠨ᠎ᠠ ᠃ ᠭᠡᠪᠡᠴᠦ ᠮᠠᠨ ᠳ᠋ᠥ ᠂ ᠨᠣᠮ ᠤᠨ ᠰᠠᠩ ᠳᠠᠷᠤᠭᠠᠰᠤᠲᠠᠢ ᠂ ᠪᠠᠭᠰᠢ ᠭᠡᠷ ᠲᠣ ᠪᠠᠨ᠂ ᠰᠦᠯᠵᠢᠶ᠎ᠡ ︖ ᠴᠣᠯᠠ ᠬᠢᠲᠠᠳ ᠃ ᠵᠠᠷᠢᠮ ᠮᠡᠳᠡᠯᠭᠡ  ᠶᠢ ᠣᠯᠬᠤ  ᠶᠢᠨ ᠠᠷᠭ᠎ᠠ ᠦᠭᠡᠢ ᠃ ᠳᠠᠬᠢᠭᠠᠳ ᠬᠡᠯᠡᠪᠡᠯ ᠬᠢᠲᠠᠳ  ᠢᠶᠠᠷ ᠰᠤᠷᠠᠭ ᠡᠷᠢᠬᠦ ᠨᠢ ᠠᠭᠠᠵᠢᠮ  ᠢᠶᠠᠷ ᠬᠢᠲᠠᠳ ᠰᠡᠳᠬᠢᠭᠦᠢ ᠪᠦᠢᠷᠢᠯᠳᠦᠵᠦ ᠂ ᠮᠣᠩᠭᠣᠯ  ᠢᠶᠠᠨ ᠬᠦᠩᠭᠡᠪᠴᠢᠯᠡᠵᠦ ᠂ ᠲᠡᠭᠦᠨ ‍ᠣ ᠦᠢᠯᠡᠳᠦᠯ  ᠢ ᠳᠣᠣᠷ᠎ᠠ ᠦᠵᠡᠬᠦ ᠪᠣᠯᠤᠨ᠎ᠠ ᠃ ᠡᠨᠡ ᠪᠣᠯ ᠠᠰᠠᠭᠤᠳᠠᠯ ᠃ 
  ᠡᠶᠢᠮᠦ  ᠡᠴᠡ ᠮᠠᠨ ᠳ᠋ᠥ ᠨᠢᠭᠡ ᠰᠦᠯᠵᠢᠶᠡᠨ ᠨᠡᠪᠲᠡᠷᠬᠡᠢ ᠲᠣᠯᠢ ᠵᠠᠩᠭᠢ  ᠶᠢᠨ ᠬᠦᠮᠦᠷᠭᠡ ᠳᠤᠲᠠᠭᠳᠠᠵᠤ ᠪᠣᠢ ᠃ ᠮᠢᠨᠤ ᠪᠣᠳᠤᠬᠤ ᠪᠠᠷ ᠮᠡᠷᠭᠡᠵᠢᠯ  ᠦᠨ ᠠᠰᠠᠭᠤᠳᠠᠯ ᠨᠢᠭᠡᠨᠲᠡ ᠠᠰᠠᠭᠤᠳᠠᠯ ᠪᠢᠰᠢ ᠪᠣᠯᠵᠠᠢ ᠃ ᠮᠣᠩᠭᠣᠯ ᠰᠦᠯᠵᠢᠶ᠎ᠡ ᠡᠷᠬᠢᠯᠡᠬᠦ ᠨᠦᠬᠦᠴᠡᠯ ᠪᠣᠯᠣᠯᠴᠠᠭ᠎ᠠ ᠪᠦᠷᠢᠨ ᠪᠠᠶᠢᠨ᠎ᠠ ᠃ ᠡᠭᠦᠨ ᠳ᠋ᠥ ᠤᠯᠤᠰ ᠭᠡᠷ ᠮᠠᠨ ᠳ᠋ᠥ ᠵᠠᠪᠠᠯ ᠬᠠᠷᠢᠭᠤᠴᠠᠬᠤ ᠬᠡᠷᠡᠭᠲᠡᠢ ᠃ ᠡᠨᠡ ᠬᠠᠷᠢᠴᠠᠭ᠎ᠠ ᠬᠡᠴᠢᠨᠡᠨ ᠨᠢᠭᠤᠴᠠᠬᠠᠨ ᠪᠠᠶᠢᠭᠰᠠᠨ ᠴᠦ ⁈ ᠪᠢ ᠮᠡᠳᠡᠬᠦ ᠦᠭᠡᠢ ᠂ ᠮᠠᠨ ‍ᠣ ᠳᠠᠷᠠᠭ᠎ᠠ ᠦᠶ᠎ᠡ ᠳ᠋ᠥ ᠨᠡᠩ ᠴᠦ ᠮᠡᠳᠡᠬᠦ ᠦᠭᠡᠢ ᠪᠠᠶᠢᠬ᠎ᠠ ᠡ ᠃ 
  ᠡᠨᠡ ᠰᠢᠰᠲᠸ᠋ᠮ  ᠢ ᠬᠢᠭᠡᠳ ᠭᠠᠷᠭᠠᠭᠰᠠᠨ ‍ᠣ ᠳᠠᠷᠠᠭ᠎ᠠ ᠵᠠᠩᠭᠢ ᠴᠣᠭᠴᠠᠯᠠᠬᠤ ᠪᠣᠯ ᠨᠢᠭᠡ ᠲᠣᠮᠤ ᠠᠰᠠᠭᠤᠳᠠᠯ ᠃ ᠡᠭᠦᠨ ᠳ᠋ᠥ ᠨᠠᠳᠠ ᠡᠶᠢᠮᠦ ᠪᠣᠳᠤᠯ ᠪᠣᠢ ᠃ 
  ᠡᠬᠢᠨ ‍ᠣ ᠬᠤᠭᠣᠴᠠᠭᠠᠨ ‍ᠣ ᠬᠦᠮᠦᠷᠭᠡ  ᠶᠢ ᠲᠦᠷᠦᠯ ᠵᠦᠢᠯ  ᠢᠶᠡᠷ ᠨᠢ ᠨᠠᠷᠢᠨ ᠬᠤᠪᠢᠶᠠᠨ ᠡᠯ᠎ᠡ ᠬᠦᠷᠢᠶ᠎ᠡ ᠴᠠᠷᠠᠭᠠᠨ ᠳ᠋ᠥ ᠨᠡᠪᠴᠢᠭᠦᠯᠵᠦ ᠪᠣᠯᠤᠨ᠎ᠠ ᠃ ᠲᠡᠶᠢᠮᠦ ᠮᠦᠷᠲᠡᠭᠡᠨ ᠡᠨᠡ ᠬᠦ ᠡᠭᠦᠷᠭᠡ  ᠨᠦᠭᠥᠳ  ᠢ ᠡᠯ᠎ᠡ ᠮᠣᠩᠭᠣᠯ ᠰᠤᠷᠭᠠᠭᠤᠯᠢ  ᠶᠢᠨ ᠪᠠᠭᠰᠢ ᠨᠠᠷ ᠪᠠ ᠶᠡᠬᠡ ᠰᠤᠷᠭᠠᠭᠤᠯᠢ  ᠶᠢᠨ ᠵᠠᠯᠠᠭᠤ ᠤᠶᠤᠲᠠᠳ  ᠢᠶᠠᠷ ᠬᠤᠪᠢᠶᠠᠷᠯᠠᠵᠤ ᠪᠣᠯᠤᠨ᠎ᠠ ᠃ 
  ᠰᠡᠭᠦᠯᠴᠢ  ᠶᠢᠨ ᠬᠤᠭᠤᠴᠠᠭᠠᠨ ᠳ᠋ᠥ ᠬᠤᠪᠢ ᠬᠦᠮᠦᠨ ᠰᠦᠯᠵᠢᠶᠡᠨ ᠳᠠᠩᠰᠠ ᠡᠪᠬᠡᠮᠡᠯ ᠵᠣᠬᠢᠶᠠᠵᠤ ᠪᠣᠯᠬᠤ ᠪᠦᠭᠡᠳ ᠣᠯᠠᠨ ᠬᠦᠮᠦᠨ ‍ᠣ ᠶᠠᠷᠢᠯᠴᠠᠭᠠᠨ ‍ᠣ ᠲᠠᠪᠴᠠᠩ ᠭᠠᠷᠭᠠᠵᠤ ᠪᠣᠯᠤᠨ᠎ᠠ ᠃ ᠡᠭᠦᠨ  ᠡᠴᠡ ᠭᠠᠳᠠᠨ᠎ᠠ ᠬᠡᠪᠯᠡᠵᠦ ᠦᠩᠭᠡᠷᠡᠭᠰᠡᠨ ᠨᠣᠮ ᠂ ᠬᠣᠪᠣᠷ ᠴᠤᠬᠠᠭ ᠡᠷᠲᠡᠨ ‍ᠣ ᠨᠣᠮ ᠰᠡᠳᠬᠦᠯ ᠂ ᠮᠣᠩᠭᠣᠯ ᠰᠢᠯᠭᠠᠯᠲᠠ ᠪᠣᠯᠪᠠᠰᠤᠷᠠᠯ  ᠢᠶᠠᠨ ᠰᠦᠯᠵᠢᠶᠡᠨ ᠳ᠋ᠥ ᠣᠷᠤᠭᠤᠯᠵᠤ ᠣᠯᠠᠨ ᠬᠦᠮᠦᠰ ᠲᠠᠢ ᠬᠤᠪᠢᠶᠠᠯᠴᠠᠵᠤ ᠪᠣᠯᠤᠨ᠎ᠠ ᠃ ᠡᠭᠦᠨ  ᠢᠶᠡᠨ ᠪᠦᠭᠦᠳᠡ  ᠶᠢ ᠬᠠᠶᠢᠯᠲᠠ  ᠶᠢᠨ ᠰᠢᠰᠲᠸ᠋ᠮ  ᠳᠦ  ᠪᠡᠨ ᠬᠠᠶᠢᠵᠤ ᠪᠣᠯᠤᠨ᠎ᠠ ᠃ 
   ᠡᠭᠦᠨ ‍ᠣ ᠵᠠᠩᠭᠢᠯᠠᠭ᠎ᠠ ᠃ ᠡᠨᠡ ᠪᠣᠯ ᠮᠣᠩᠭᠣᠯ ᠦᠨᠳᠦᠰᠦᠲᠡᠨ ‍ᠣ ᠵᠠᠩᠭᠢ  ᠶᠢᠨ ᠲᠦᠭᠡᠮᠡᠯᠵᠢᠯᠡᠯᠲᠡ ᠳ᠋ᠥ ᠴᠢᠬᠤᠯᠠ ᠦᠢᠯᠡᠳᠦᠯ ᠦᠵᠡᠭᠦᠯᠬᠦ ᠨᠢ ᠯᠠᠪᠲᠠᠢ ᠶᠤᠮ ᠃ ᠡᠶᠢᠮᠦ ᠡᠴᠡ ᠤᠯᠤᠰ ᠭᠡᠷ ᠠᠯᠪᠠᠳᠠᠯᠭ᠎ᠠ  ᠶᠢᠨ ᠴᠢᠨᠠᠷᠲᠠᠢ ᠵᠦᠪᠰᠢᠶᠡᠷᠡᠬᠦ ᠬᠡᠷᠡᠭᠲᠡᠢ ᠮᠦᠷᠲᠡᠭᠡᠨ ᠡᠯ᠎ᠡ ᠮᠣᠩᠭᠣᠯ ᠰᠤᠷᠭᠠᠭᠤᠯᠢ  ᠶᠢᠨ ᠪᠠᠭᠰᠢᠨᠠᠷ ᠪᠠ ᠶᠡᠬᠡ ᠰᠤᠷᠭᠠᠭᠤᠯᠢ  ᠶᠢᠨ ᠰᠤᠷᠤᠭᠴᠢᠳ ᠦᠨᠳᠦᠰᠦᠲᠡᠨ ᠭᠡᠬᠦ ᠡᠭᠦᠳᠡᠨ  ᠡᠴᠡ ᠵᠠᠪᠠᠯ ᠬᠢᠬᠦ ᠤᠴᠢᠷᠲᠠᠢ ᠪᠣᠯᠤᠨ᠎ᠠ ᠃ ᠨᠡᠩ ᠢᠯᠠᠭᠤᠶᠢᠶ᠎ᠠ ᠡᠨᠡ ᠠᠵᠢᠯᠯᠠᠭ᠎ᠠ ᠨᠢ ᠮᠣᠩᠭᠣᠯᠴᠤᠳ  ᠢ ᠨᠡᠩ ᠪᠦᠯᠬᠦᠮᠳᠡᠭᠦᠯᠵᠦ ᠂ ᠵᠠᠩᠭᠢ  ᠶᠢᠨ ᠴᠠᠭ ᠦᠶ᠎ᠡ ᠳ᠋ᠥ ᠨᠡᠩ ᠲᠦᠷᠭᠡᠨ  ᠢᠶᠡᠷ ᠬᠠᠷᠢᠯᠴᠠᠨ ᠣᠶᠢᠯᠠᠭᠠᠯᠴᠠᠵᠤ ᠬᠠᠷᠢᠯᠴᠠᠨ ᠨᠡᠪᠲᠡᠷᠡᠯᠴᠡᠬᠦ ᠳ᠋ᠥ ᠳᠦᠭᠦᠮ ᠳᠦᠳᠡ ᠪᠣᠯᠭᠠᠵᠤ ᠪᠠᠶᠢᠨ᠎ᠠ ᠃ 
   ᠶᠡᠬᠡ ᠰᠤᠷᠭᠠᠭᠤᠯᠢ  ᠶᠢᠨ ᠰᠤᠷᠤᠭᠴᠢᠳ ᠲᠣ ᠠᠪᠴᠤ ᠬᠡᠯᠡᠪᠡᠯ ᠡᠨᠡ ᠪᠣᠯ ᠦᠨᠳᠦᠰᠦᠲᠡᠨ ᠳᠡᠭᠡᠨ ᠭᠡᠬᠦ ᠠᠵᠢᠯᠯᠠᠭ᠎ᠠ  ᠠᠴᠠ ᠭᠠᠳᠠᠨ᠎ᠠ ᠣᠯᠠᠨ ᠬᠠᠷᠢ ᠭᠠᠳᠠᠭᠠᠳᠤ ᠬᠡᠯᠡ  ᠨᠦᠭᠥᠳ  ᠦᠨ ᠳᠠᠪᠰᠢᠭᠰᠠᠨ ᠮᠡᠷᠭᠡᠵᠢᠯ  ᠢ ᠮᠠᠲᠸ᠋ᠷᠢᠶᠠᠯ ᠡᠷᠢᠬᠦ ᠪᠠᠷ ᠳᠠᠮᠵᠢᠨ ᠣᠶᠢᠯᠭᠠᠵᠤ ᠂ ᠦᠪᠡᠷᠰᠡᠳ  ᠦᠨ  ᠢᠶᠡᠨ ᠬᠡᠪ ᠪᠤᠯᠪᠠᠰᠤᠷᠠᠯ  ᠢᠶᠠᠨ ᠳᠡᠭᠡᠭᠰᠢᠯᠡᠭᠦᠯᠵᠦ ᠂ ᠬᠣᠶᠢᠴᠢ ᠦᠶ᠎ᠡ  ᠶᠢᠨ ᠳᠡᠭᠦᠦ ᠨᠠᠷ ᠲᠣ  ᠪᠠᠨ ᠤᠷᠤᠭᠰᠢ ᠳᠠᠪᠰᠢᠬᠤ ᠲᠡᠷᠢᠭᠦᠨ ‍ᠣ ᠰᠤᠷᠠᠭ ᠵᠠᠩᠭᠢ  ᠶᠢ ᠡᠬᠡ ᠬᠡᠯᠡᠨ ᠳᠡᠭᠡᠷ᠎ᠡ  ᠡᠴᠡ ᠤᠶᠢᠯᠭᠠᠵᠤ ᠪᠣᠯᠬᠤ ᠲᠠᠪᠴᠠᠩ ᠪᠠᠶᠢᠭᠤᠯᠵᠤ ᠂ ᠡᠨᠡ ᠬᠦ ᠳᠠᠪᠰᠢᠭᠰᠠᠨ ᠮᠡᠷᠭᠡᠵᠢᠯ  ᠢ ᠬᠦᠭᠡᠭᠡᠴᠡᠯᠳᠦᠬᠦ ᠵᠣᠷᠢᠭ ᠰᠠᠨᠠᠭ᠎ᠠ  ᠪᠠᠨ ᠤᠯᠠᠮᠵᠢᠯᠠᠵᠤ ᠪᠣᠯᠤᠨ᠎ᠠ ᠃ ᠡᠭᠦᠨ ‍ᠣ ᠳᠠᠭᠠᠥ ᠳ᠋ᠥ ᠬᠦᠮᠦᠨ ‍ᠣ ᠠᠮᠢᠳᠤᠷᠠᠯ  ᠤᠨ ᠲᠤᠩ ᠣᠯᠠᠨ ᠢᠳᠡᠪᠬᠢᠲᠡᠢ ᠣᠪᠤᠷ ᠰᠤᠷᠲᠠᠯ   ᠢ ᠰᠤᠷᠤᠯᠴᠠᠵᠤ ᠪᠣᠯᠤᠨ᠎ᠠ ᠃ ᠵᠢᠱᠢᠶᠡᠯᠡᠪᠡᠯ ᠂ ᠦᠨᠳᠦᠰᠦᠲᠡᠨ ᠳ᠋ᠥ  ᠪᠡᠨ ᠬᠠᠷᠢᠭᠤᠴᠠᠬᠤ ᠂ ᠳᠠᠭᠠᠭᠠᠭᠰᠠᠠ ᠠᠵᠢᠯ ᠳ᠋ᠥ  ᠪᠡᠨ ᠨᠠᠷᠢᠨ ᠬᠢᠨᠠᠮᠠᠭᠠᠢ ᠬᠠᠠᠷᠢᠭᠤᠴᠠᠬᠤ ᠂ ᠬᠦᠮᠦᠨ ᠲᠠᠢ ᠬᠠᠮᠲᠤᠷᠠᠬᠤ ᠂ ᠰᠢᠨ᠎ᠡ ᠮᠡᠳᠡᠯᠭᠡ  ᠶᠢ ᠬᠦᠭᠡᠭᠡᠴᠡᠯᠳᠦᠬᠦ ᠮᠡᠲᠦ ᠃   
   ᠪᠠᠰᠠ ᠨᠢᠭᠡ ᠦᠵᠡᠯᠲᠡ ᠪᠣᠯ ᠃ 
   ᠣᠳᠣᠬᠠᠨ ‍ᠣ ᠵᠢᠭᠠᠨ ᠰᠤᠷᠭᠠᠯᠲᠠ  ᠶᠢᠨ ᠬᠡᠯᠪᠡᠷᠢ  ᠢᠶᠠᠷ ᠪᠣᠯ ᠣᠳᠣᠬᠠᠨ ‍ᠣ ᠬᠡᠥᠬᠡᠳ ᠲᠣ ᠰᠤᠷᠤᠭᠴᠢᠳ ᠲᠣ ᠬᠢᠲᠠᠳ ᠦᠭᠡ ᠮᠡᠳᠡᠬᠦᠢ ᠬᠦᠮᠦᠨ ᠭᠡᠵᠦ ᠦᠭᠡᠢ ᠃ ᠡᠶᠢᠮᠦ  ᠡᠴᠡ ᠬᠡᠥᠬᠡᠳ  ᠦᠨ ᠴᠡᠴᠡᠷᠯᠢᠭ ᠪᠠᠭ᠎ᠠ ᠰᠤᠷᠭᠠᠭᠤᠯᠢ ᠳ᠋ᠥ ᠣᠷᠤᠮᠠᠭᠴᠠ ᠬᠢᠲᠠᠳ ᠬᠡᠯᠡ ᠵᠢᠭᠠᠬᠤ  ᠶᠢ ᠴᠡᠭᠡᠷᠯᠡᠨ᠎ᠡ ᠃ ᠠᠳᠠᠭ ᠲᠣ  ᠪᠠᠨ ᠭᠤᠷᠪᠠᠳᠤᠭᠠᠷ ᠣᠨ  ᠠᠴᠠ ᠡᠬᠢᠯᠡᠵᠦ ᠰᠤᠷᠪᠠᠯ ᠵᠣᠬᠢᠨ᠎ᠠ ᠃ ᠳᠤᠮᠳᠠᠳᠤ ᠤᠯᠤᠰ ᠠᠩᠯᠢᠴᠢᠯᠠᠬᠤ  ᠶᠢ ᠰᠡᠷᠭᠡᠶᠢᠯᠡᠬᠦ  ᠶᠢᠨ ᠲᠥᠯᠥᠭᠡ ᠠᠩᠭ᠍ᠯᠢ ᠬᠡᠯᠡ ᠰᠤᠷᠬᠤ  ᠶᠢ ᠬᠠᠰᠢᠵᠤ ᠪᠠᠶᠢᠬᠤ ᠳ᠋ᠥ ᠪᠢᠳᠡᠨ ᠢᠩᠬᠢᠵᠦ ᠪᠣᠯᠬᠤ ᠦᠭᠡᠢ ᠭᠡᠵᠦ ᠦᠦ ᠦᠪᠡᠷ  ᠦᠨ ᠬᠡᠯᠡ ᠬᠠᠮᠠᠭᠠᠯᠠᠬᠤ ᠨᠢ ᠪᠤᠷᠤᠭᠤ ᠪᠢᠰᠢ ᠪᠢᠵᠡ ⁈ ᠡᠰᠡ ᠲᠡᠶᠢᠮᠦ ᠪᠣᠯ ᠡᠨᠡ ᠨᠢ ᠨᠢᠭᠡ ᠮᠡᠳᠡᠭᠡᠵᠢ  ᠶᠢᠨ ᠴᠢᠨᠠᠷᠲᠠᠢ ᠦᠭᠡ ᠬᠡᠯᠡᠨ ‍ᠣ ᠳᠦᠷᠢᠯᠲᠡ ᠪᠣᠯᠤᠨ᠎ᠠ ᠃ ᠳᠠᠬᠢᠭᠠᠳ ᠬᠡᠯᠡᠪᠡᠯ ᠣᠳᠣ  ᠶᠢᠨ ᠬᠡᠥᠬᠡᠳ ᠪᠠᠭᠠᠴᠤᠳ  ᠤᠨ ᠬᠢᠲᠠᠳ ᠬᠡᠯᠡ ᠣᠯᠵᠤ ᠰᠤᠷᠬᠤ ᠬᠡᠯᠪᠡᠷᠢ ᠣᠯᠠᠳᠠᠭᠠᠳ ᠰᠡᠳᠬᠢᠭᠦᠢ ᠬᠢᠭᠡᠳ ᠦᠭᠡ ᠬᠡᠯᠡ ᠦᠢᠯᠡ ᠠᠵᠢᠯᠯᠠᠭ᠎ᠠ ᠳ᠋ᠥ ᠰᠢᠭᠤᠳ ᠨᠥᠯᠥᠭᠡ ᠪᠣᠯᠵᠤ ᠂ ᠮᠣᠩᠭᠣᠯ ᠰᠣᠶᠤᠯ  ᠤᠨ ᠠᠭᠤᠷ ᠠᠮᠢᠰᠬᠤᠯ  ᠤᠨ ᠦᠩᠭᠡᠨ ᠬᠡᠪ  ᠢᠶᠡᠷ  ᠢᠶᠡᠨ ᠪᠠᠶᠢᠬᠤ ᠳ᠋ᠥ ᠬᠦᠨᠳᠦ ᠳᠠᠭᠠᠷᠢᠯᠲᠠ ᠪᠣᠯᠵᠤ ᠪᠠᠶᠢᠨ᠎ᠠ ᠃ ᠳᠠᠬᠢᠭᠠᠳ ᠬᠡᠥᠬᠡᠳ  ᠦᠳ ᠴᠢᠨᠢ ᠬᠣᠷᠰᠢᠶ᠎ᠠ ᠳᠡᠯᠭᠡᠭᠦᠷ ᠲᠣ ᠪᠠᠭ᠎ᠠ  ᠠᠴᠠ  ᠪᠠᠨ ᠬᠢᠲᠠᠳ  ᠢᠶᠠᠷ ᠵᠠᠷᠤᠴᠢᠬᠠᠭᠠᠳ ᠬᠢᠲᠠᠳ ᠮᠠᠶᠢᠮᠠᠴᠢᠨ ᠴᠦ ᠡᠨᠡ ᠪᠣᠯ ᠵᠦᠪ ᠭᠡᠬᠦ ᠡᠨᠳᠡᠭᠦᠦ ᠲᠦᠷᠦᠭᠳᠡᠯ ᠦᠭᠴᠦ ᠪᠠᠶᠢᠨ᠎ᠠ ᠃ 
   ᠡᠭᠦᠨ ᠳ᠋ᠥ ᠪᠠᠭ᠎ᠠ ᠰᠤᠷᠭᠠᠭᠤᠯᠢ  ᠶᠢᠨ ᠪᠠᠭᠰᠢ  ᠶᠢᠨ ᠬᠡᠥᠬᠡᠳ  ᠦᠨ ᠰᠠᠭᠤᠷᠢ  ᠶᠢ ᠰᠠᠶᠢᠬᠠᠨ ᠲᠠᠯᠪᠢᠬᠤ ᠪᠣᠯ ᠵᠠᠩᠭᠢᠯᠠᠭ᠎ᠠ  ᠶᠢᠨ ᠠᠰᠠᠭᠤᠳᠠᠯ ᠃ ᠡᠷᠲᠡ ᠪᠢ ᠡᠶᠢᠮᠦ ᠨᠢᠭᠡ ᠶᠠᠭᠤᠮ᠎ᠠ ᠰᠣᠨᠤᠰᠤᠯ᠎ᠠ ᠃ ﹇ ᠨᠢᠭᠡ ᠬᠦᠮᠦᠨ ‍ᠣ ᠠᠮᠢᠳᠤᠷᠠᠯ ᠨᠢ ᠬᠡᠨ  ᠢᠶᠡᠷ ᠲᠠᠷᠢᠬᠢ  ᠪᠠᠨ ᠤᠭᠢᠶᠠᠯᠭᠠᠬᠤ ᠳ᠋ᠥ ᠪᠣᠢ ﹈ ᠃ ᠡᠨᠡ ᠪᠣᠯ ᠨᠢᠭᠡ ᠲᠣᠮᠤ ᠦᠭᠡ ᠃ ᠪᠢᠳᠡ ᠲᠡᠭᠦᠨ  ᠢ ᠴᠠᠭᠠᠰᠢ ᠰᠡᠳᠭᠢᠬᠦ ᠴᠢᠬᠤᠯᠠ ᠦᠭᠡᠢ ᠃ ᠭᠠᠭᠴᠠ ᠤᠯᠤᠰ ᠲᠦᠷᠦᠴᠢᠨ ‍ᠣ ᠵᠣᠭᠰᠤᠴᠠ  ᠠᠴᠠ ᠵᠠᠳᠠᠯᠪᠠᠯ ᠪᠠᠭ᠎ᠠ ᠳ᠋ᠥ  ᠪᠡᠨ ᠮᠣᠩᠭᠣᠯ ᠬᠡᠯᠡ  ᠶᠢ ᠶᠠᠰᠤᠨ ᠳ᠋ᠥ  ᠪᠡᠨ ᠣᠷᠤᠲᠠᠯ᠎ᠠ ᠰᠤᠷᠬᠤ ᠬᠡᠷᠡᠭᠲᠡᠢ ᠭᠡᠰᠡᠨ ᠦᠭᠡ ᠃ ᠤᠯᠤᠰ ᠲᠦᠷᠦᠴᠢᠨ ᠪᠣᠯ ᠱᠠᠯ ᠵᠢᠭᠰᠢᠯᠲᠡᠢ ᠂ ᠬᠦᠮᠦᠨ ᠰᠤᠳᠤᠯᠤᠯ ᠭᠦᠨ ᠤᠬᠠᠭᠠᠨᠲᠠᠨ ‍ᠣ ᠨᠢᠳᠦᠨ ‍ᠳ᠋ᠥ ᠲᠡᠷᠡ ᠪᠣᠯ ᠨᠢᠭᠡ ᠱᠠᠯ ᠮᠣᠵᠢᠭᠤᠳᠠ ᠬᠦᠮᠦᠨ ᠶᠤᠮ ᠃ 
    ᠭᠠᠭᠴᠠ ᠪᠠᠭ᠎ᠠ ᠰᠤᠷᠭᠠᠭᠤᠯᠢ ᠭᠡᠰᠡᠨ ᠪᠢᠰᠢ ᠂ ᠡᠯ᠎ᠡ ᠴᠠᠭ ᠦᠶ᠎ᠡ  ᠶᠢᠨ ᠪᠠᠭᠰᠢ ᠨᠠᠷ ᠰᠤᠷᠤᠭᠴᠢᠳ ᠲᠣ ᠰᠢᠨ᠎ᠡ ᠮᠡᠳᠡᠯᠭᠡ ᠣᠯᠠᠭᠠᠬᠤ ᠪᠠᠰᠠ ᠰᠢᠨ᠎ᠡ ᠮᠡᠳᠡᠯᠭᠡ ᠣᠯᠬᠤ ᠠᠷᠭ᠎ᠠ ᠮᠡᠷᠭᠡᠵᠢᠯ  ᠢᠶᠡᠨ ᠵᠢᠭᠠᠵᠣ ᠥᠭᠬᠦ ᠪᠠᠷ ᠥᠯᠥ ᠪᠠᠷᠠᠨ ᠰᠤᠷᠤᠭᠴᠢᠳ  ᠤᠨ ᠦᠰᠦᠯᠲᠡ ᠪᠣᠶᠢᠵᠢᠯᠲᠠ ᠳ᠋ᠥ ᠲᠣᠬᠢᠷᠠᠭᠤᠯᠤᠨ ᠦᠨᠳᠦᠰᠦᠲᠡᠨ  ᠢᠶᠡᠨ ᠬᠠᠶᠢᠷᠠᠯᠬᠤ ᠤᠬᠠᠮᠰᠠᠷ  ᠢ ᠴᠠᠭ ᠢᠮᠠᠭᠲᠠ ᠰᠤᠷᠭᠠᠵᠤ ᠪᠠᠶᠢᠪᠠᠯ ᠲᠠᠭᠠᠷᠠᠨ᠎ᠠ᠃ ᠰᠤᠷᠤᠭᠴᠢᠳ ᠴᠢᠨᠢ ᠤᠬᠠᠭᠠᠷᠠᠨ ᠬᠡᠯᠡᠭᠰᠡᠨ ᠦᠭᠡ  ᠶᠢ ᠴᠢᠨᠢ ᠠᠮᠲᠠᠷᠬᠠᠵᠤ ᠮᠡᠳᠡᠬᠦ ᠶᠣᠮ ᠡ ᠃ 
    ᠨᠠᠳᠠ ᠳ᠋ᠥ ᠪᠠᠰᠠ ᠨᠢᠭᠡ ᠰᠣᠨᠢᠨ ᠠᠰᠠᠭᠤᠳᠠᠯ ᠪᠣᠢ ᠃ 
    ᠠᠩᠬ᠎ᠠ ᠳᠤᠮᠳᠠᠳᠤ ᠳ᠋ᠥ ᠪᠠᠶᠢᠬᠤ ᠳ᠋ᠥ ᠮᠠᠨ ᠳ᠋ᠥ ᠨᠢᠭᠡ ﹇ ᠮᠤᠩᠭᠤᠯ ᠦᠨᠳᠦᠰᠦᠲᠡᠨ ‍ᠣ ᠲᠡᠥᠬᠡ ﹈ᠭᠡᠬᠦ ᠲᠡᠥᠬᠡ  ᠶᠢᠨ ᠰᠤᠷᠬᠤ ᠪᠢᠴᠢᠭ ᠥᠭᠪᠡ ᠃ ᠠᠩᠬ᠎ᠠ ᠳᠤᠮᠳᠠᠳᠤ ᠲᠡᠭᠦᠰᠬᠦ ᠨᠢᠭᠡᠳᠦᠯᠲᠡᠢ ᠰᠢᠯᠭᠠᠯᠲᠠ ᠳ᠋ᠥ ᠡᠨᠡ ᠨᠣᠮ  ᠤᠨ ᠡᠵᠡᠯᠡᠬᠦ ᠬᠣᠪᠢᠷ ᠨᠢ ᠪᠠᠭ᠎ᠠ  ᠠᠴᠠ ᠪᠣᠯᠣᠭᠠᠳ ᠮᠠᠨᠣᠰ ᠨᠢᠭᠡ ᠭᠠᠷᠠᠭ ᠦᠪᠡᠷ  ᠢᠶᠡᠨ ᠤᠩᠰᠢᠪᠠ﹇ ᠪᠠᠭᠰᠢ ᠣᠩᠰᠢᠭᠤᠯᠪᠠ ﹈ ᠂ ᠪᠠᠭᠰᠢ ᠭᠣᠯᠳᠠᠯᠠᠭ᠎ᠠ ᠪᠣᠯᠭᠠᠵᠤ ᠵᠢᠭᠠᠭᠰᠠᠨ ᠦᠭᠡᠢ᠂ ᠶᠠᠷᠢᠭᠰᠠᠨ ᠦᠭᠡᠢ ﹇ ᠣᠯᠠᠩᠬᠢ  ᠨᠦᠬᠦᠳ ᠲᠡᠭᠦᠨ  ᠢ ᠣᠩᠰᠢᠭᠰᠠᠨ ᠦᠭᠡᠢ ᠪᠠᠷ ᠠᠩᠬ᠎ᠠ ᠳᠤᠮᠳᠠᠳᠤ  ᠪᠠᠨ ᠲᠡᠭᠦᠰᠪᠡ ᠂ ᠨᠡᠩ ᠢᠯᠠᠩᠭᠤᠶ᠎ᠠ ᠣᠶᠢᠷ᠎ᠠ ᠦᠶ᠎ᠡ ᠶᠢᠨ ᠲᠡᠥᠬᠡ ﹈ ᠃ 
    ᠭᠡᠪᠡᠴᠦ ᠠᠩᠬ᠎ᠠ ᠳᠤᠮᠳᠠᠳᠤ ᠦᠨᠳᠦᠷ ᠳᠤᠮᠳᠠᠳᠤ ᠪᠦᠬᠦᠯᠢ ᠵᠢᠷᠭᠤᠭᠠᠨ ᠵᠢᠯ ᠳᠤᠮᠳᠠᠳᠤ  ᠶᠢᠨ ᠲᠡᠥᠬᠡ ᠰᠤᠷᠤᠭᠠᠳ ᠦᠪᠡᠷ  ᠦᠨ ᠲᠡᠥᠬᠡ  ᠪᠡᠨ ﹇ ᠶᠤᠸᠠᠨ ‍ᠣ ᠬᠡᠰᠡᠭ  ᠡᠴᠡ ﹈ ᠰᠤᠷᠤᠭᠰᠠᠨ ᠦᠭᠡᠢ ᠂ ᠪᠢ ᠮᠤᠩᠭᠤᠯ  ᠤᠨ ᠬᠡᠳᠦᠬᠡᠨ ᠳᠤᠰᠤᠯ ᠴᠢᠰᠤ ᠲᠠᠢ ᠭᠡᠵᠦ⁈ ᠡᠨᠡ ᠴᠢᠨᠢ ᠮᠠᠨ ‍ᠣ ᠦᠨᠳᠦᠰᠦᠲᠡᠨ ᠳᠤᠮᠳᠠᠳᠤ ᠤᠯᠤᠰ ᠲᠣ ᠪᠠᠶᠢᠬᠤ ᠶᠤᠮ ᠦᠦ ︖ ᠡᠨᠡ ᠴᠢᠨᠢ ᠦᠭᠡᠢ  ᠶᠢᠨ ᠢᠯᠡᠷᠡᠯ ᠃ ᠡᠶᠢᠮᠦ  ᠡᠴᠡ ᠪᠢᠳᠡ ᠲᠡᠥᠬᠡ  ᠶᠢᠨ ᠬᠢᠴᠢᠶᠡᠯ  ᠢᠶᠡᠨ ᠬᠠᠯᠠᠨ᠎ᠠ ᠂ ᠤᠴᠢᠷ ᠨᠢ ᠪᠢᠳᠡ ᠳᠤᠮᠳᠠᠳᠤ ᠤᠯᠤᠰ ᠲᠣ ᠪᠠᠶᠢᠨ᠎ᠠ᠃ ᠳᠠᠬᠢᠭᠠᠳ ᠬᠡᠯᠡᠪᠡᠯ  ᠡᠶᠢᠮᠦ  ᠲᠣᠮᠤ  ᠲᠡᠥᠬᠡ  ᠮᠠᠷᠲᠠᠭᠤᠯᠵᠤ ᠪᠠᠶᠢᠬᠤ  ᠠᠵᠢᠯ  ᠬᠢᠵᠦ ᠪᠠᠶᠢᠬᠤ  ᠳ᠋ᠥ  ᠮᠠᠨ ‍ᠣ ᠪᠠᠭᠰᠢ  ᠮᠠᠨ ‍ᠣ ᠤᠳᠤᠷᠢᠳᠤᠯᠭ᠎ᠠ  ᠮᠠᠨ ‍ᠣ  ᠠᠷᠠᠳ ᠲᠦᠮᠡᠨ ᠬᠠᠮᠢᠭ᠎ᠠ ᠪᠠᠶᠢᠨ᠎ᠠ ⁈ ⁈ ⁈ ⁈ ⁈ ⁈ ⁈  ᠢᠴᠢᠭᠦᠷᠢ  ᠡᠶᠢᠮᠦ ᠲᠣᠮᠤ ᠨᠦᠬᠡ ᠪᠠᠶᠢᠬᠤ ᠳ᠋ᠥ ︖ ︖ ︖ 
ᠡᠨᠡ ᠪᠠᠶᠢᠳᠠᠯ  ᠢ ᠬᠠᠯᠠᠵᠤ ᠴᠢᠳᠠᠬᠤ ᠪᠣᠯ  ᠮᠤᠩᠭᠤᠯ ᠭᠡᠳ ᠶᠠᠭᠤᠨ ‍ᠣ ᠦᠢᠯᠡ 
ᠪᠣᠢ ︖ ᠠᠮᠢᠳᠤᠷᠠᠭᠠᠳ ᠶᠠᠭᠤᠨ ‍ᠣ ᠦᠢᠯᠡ ᠪᠣᠢ ᠃ 
   ᠥᠨᠥᠳᠥᠷ ᠪᠢ ᠡᠨᠳᠡ ᠪᠠᠶᠢᠬᠤ ᠨᠢ ᠦᠩᠭᠡᠷᠡᠭᠰᠡᠨ  ᠡᠴᠡ ᠨᠠᠳᠠ ᠥᠭᠭᠥᠭᠰᠡᠨ ᠵᠠᠷᠯᠢᠭ ᠃ ᠡᠭᠦᠨ ᠲᠠᠢ ᠠᠳᠠᠯᠢ ᠪᠠᠷ ᠬᠡᠴᠢᠨᠡᠨ ᠬᠦᠮᠦᠨ ᠲᠡᠥᠬᠡ  ᠪᠡᠨ ᠮᠡᠳᠡᠬᠦ ᠦᠭᠡᠢ  ᠡᠴᠡ ᠦᠨᠳᠡᠰᠦᠲᠡᠨ ᠳ᠋ᠥ ᠬᠠᠶᠢᠷ᠎ᠠ ᠦᠭᠡᠢ ᠪᠣᠢ ᠃ ᠬᠠᠷᠠᠮᠰᠠᠯ ᠠ  ⁈ ⁈ ⁈ 
    ᠪᠢᠳᠡ ᠬᠡᠷᠬᠢᠨ ᠪᠦᠬᠦ ᠤᠯᠤᠰ  ᠤᠨ ᠬᠢᠲᠠᠳ ᠲᠠᠢ ᠠᠳᠠᠯᠢ ᠪᠠᠶᠢᠵᠤ ᠪᠣᠯᠬᠤ ᠪᠣᠢ ︖ ᠦᠪᠦᠷ ᠮᠣᠩᠭᠣᠯ ᠣᠷᠤᠨᠠᠷ ‍ᠣ ᠮᠣᠩᠭᠣᠯ ᠰᠤᠷᠭᠠᠭᠤᠯᠢ ᠨᠤᠭᠤᠳ ᠲᠣ ᠪᠦᠬᠦ ᠤᠯᠤᠰ  ᠤᠨ ᠰᠢᠯᠢᠳᠡᠭ ᠰᠤᠷᠭᠠᠭᠤᠯᠢ  ᠶᠢᠨ ᠨᠢᠭᠡ ᠨᠢ ᠪᠠᠶᠢᠪᠠᠯ ᠵᠤᠬᠢᠨ᠎ᠠ᠃ ᠮᠠᠨ ‍ᠣ ᠬᠤᠴᠤᠷᠤᠩᠭᠤᠢ ᠪᠠᠶᠢᠬᠤ ᠨᠢ ᠪᠠᠰᠠ ᠪᠢᠳᠡ ᠬᠢᠲᠠᠳ  ᠤᠨ ᠬᠠᠮᠤᠭ ᠬᠤᠴᠤᠷᠤᠩᠭᠤᠢ ᠨᠤᠭᠤᠳ ᠲᠠᠢ ᠠᠳᠠᠯᠢᠬᠠᠨ ᠡᠷᠬᠡ ᠡᠳ᠋ᠯᠡᠵᠦ ᠪᠣᠢ ᠃ ᠡᠶᠢᠮᠦ ᠶᠠᠭᠤᠮ᠎ᠠ ᠴᠢᠨᠢ ᠬᠡᠷᠬᠢᠨ ᠬᠦᠭᠵᠢᠬᠦ ᠪᠣᠢ ︖ ᠡᠨᠡ ᠴᠢᠨᠢ ᠬᠥ᠋ ᠲᠠᠢ ᠨᠠᠭᠠᠯᠳᠤᠵᠤ ᠪᠠᠶᠢᠬᠤ ᠪᠢᠰᠢᠥ ︖ᠬᠦᠢᠲᠡᠨ ᠳ᠋ᠥ ᠨᠢ ᠬᠠᠶᠢᠯᠤᠵᠤ ᠪᠠᠶᠢᠬᠤ ᠪᠢᠰᠢᠥ ︖ ᠪᠢᠳᠡ ᠡᠷᠬᠡ  ᠪᠡᠨ ᠵᠠᠷᠤᠵᠤ ᠴᠢᠳᠠᠬᠤ ᠦᠭᠡᠢ ᠪᠠᠶᠢᠨ᠎ᠠ ᠳ᠋ᠠ ᠂ ᠤᠯᠤᠰ ᠭᠡᠷ ᠠᠪ ᠭᠡᠳ ᠢᠷᠡᠭᠰᠡᠨ ᠪᠠᠶᠢᠬᠤ ᠳ᠋ᠥ ᠂ ᠬᠠᠷᠠᠰᠠᠯᠲᠠᠢ ᠨᠢ ᠮᠢᠨᠣ ᠳᠠᠷᠤᠭ᠎ᠠ ᠂ ᠪᠦᠳᠦᠭᠦᠨ ᠳᠠᠷᠤᠭ᠎ᠠ ᠬᠠᠮᠢᠭ᠎ᠠ ᠶᠠᠪᠤᠭᠰᠠᠨ  ᠢ ᠮᠡᠳᠡᠬᠦ ᠦᠭᠡᠢ ᠃ 
    ᠵᠢᠭᠠᠬᠠᠨ ᠲᠣᠭᠯᠠᠭᠰᠠᠨ ᠶᠤᠮ ᠡ ᠃ 
    ᠮᠠᠨ ‍ᠣ ᠬᠤᠴᠤᠷᠤᠩᠭᠤᠢ ᠪᠠᠶᠢᠭ᠎ᠠ  ᠶᠢᠨ ᠦᠩᠭᠡᠨ ᠲᠠᠯ᠎ᠠ  ᠶᠢᠨ ᠰᠢᠯᠲᠠᠭᠠᠨ ᠳ᠋ᠥ ᠪᠠᠰᠠ ᠪᠢᠳᠡ ᠲᠡᠷᠢᠭᠦᠨ ‍ᠣ ᠰᠤᠷᠠᠭ ᠵᠠᠩᠭᠢ ᠲᠠᠢ ᠠᠯᠬᠤᠮ ᠨᠢᠭᠡᠳᠡᠯᠵᠢᠭᠦᠯᠵᠦ ᠴᠢᠳᠠᠬᠤ ᠦᠭᠡᠢ ᠪᠠᠶᠢᠨ᠎ᠠ ᠃ ᠵᠢᠱᠢᠶᠡᠯᠡᠪᠡᠯ ᠂ ᠰᠣᠨᠢᠨ ᠮᠡᠳᠡᠭᠡ  ᠪᠡᠷ ᠠᠪᠴᠤ ᠬᠡᠯᠡᠪᠡᠯ ᠂ ᠮᠠᠨ ‍ᠣ ᠣᠯᠤᠭᠰᠠᠨ ᠭᠠᠳᠠᠭᠠᠳᠤ ᠮᠡᠳᠡᠭᠡ ᠪᠣᠯ ᠬᠡᠵᠢᠶᠡᠳᠡ ᠬᠢᠲᠠᠳ  ᠤᠨ ᠳᠠᠷᠠᠭ᠎ᠠ ᠣᠷᠴᠢᠭᠤᠯᠤᠭᠰᠠᠨ ᠪᠠᠶᠢᠳᠠᠭ ᠂ ᠲᠡᠶᠢᠮᠦ ᠮᠦᠷᠲᠡᠭᠡᠨ ᠠᠯᠭᠠᠭᠰᠠᠨ ᠴᠠᠭ ᠨᠢ ᠳᠠᠩᠴᠤ ᠤᠷᠲᠤ ᠪᠠᠶᠢᠨ᠎ᠠ ᠃ ᠳᠠᠬᠢᠭᠠᠳ ᠬᠡᠯᠡᠪᠡᠯ ᠥᠨᠥᠬᠡᠨ ‍ᠣ ᠰᠤᠷᠤᠭᠴᠢ ᠭᠡᠷ  ᠦᠨ ᠠᠬᠠᠮᠠᠳ ᠬᠢᠲᠠᠳ ᠬᠡᠯᠡ ᠪᠠᠷᠤᠭ ᠪᠦᠷ ᠮᠡᠳᠡᠬᠦ ᠤᠴᠢᠷ  ᠠᠴᠠ ᠪᠦᠷ ᠬᠢᠲᠠᠳ ᠦᠵᠡᠴᠢᠬᠡᠨ᠎ᠡ ᠃ ᠡᠨᠡ ᠮᠤᠩᠭᠤᠯ ᠰᠡᠳᠬᠢᠭᠦᠢ  ᠶᠢ ᠳᠠᠭᠠᠷᠢᠯᠲᠠ ᠳ᠋ᠥ ᠤᠴᠠᠷᠠᠭᠤᠯᠵᠤ ᠮᠤᠩᠭᠤᠯ ᠬᠡᠯᠡᠨ ‍ᠣ ᠦᠷᠲᠡᠭ  ᠢ ᠪᠤᠷᠤᠭᠤ ᠬᠠᠷᠠᠭᠤᠯᠤᠨ᠎ᠠ ᠃ 
    ᠮᠣᠩᠭᠣᠯ ᠦᠭᠡ ᠬᠡᠯᠡᠨ ‍ᠣ ᠬᠡᠷᠡᠭᠯᠡᠭᠡᠨ ᠬᠦᠨᠳᠦ ᠲᠤᠯᠭᠠᠮ᠎ᠠ ᠠᠰᠠᠭᠤᠳᠠᠯ ᠳ᠋ᠥ ᠲᠤᠯᠭᠠᠷᠠᠵᠤ ᠪᠠᠶᠢᠬᠤ ᠳ᠋ᠥ ᠶᠠᠮᠠᠷ ᠲᠥᠷᠦ  ᠶᠢᠨ ᠪᠣᠳᠤᠯᠭ᠎ᠠ ᠭᠠᠡᠭᠠᠵᠤ ᠪᠠᠶᠢᠨ᠎ᠠ ⁈ ᠡᠭᠦᠨ ᠳ᠋ᠥ ᠤᠯᠤᠰ ᠭᠡᠷ ᠬᠠᠷᠢᠭᠤᠴᠠᠨ᠎ᠠ ᠦᠦ ︖ ︖ ᠡᠨᠡ ᠦᠨᠳᠦᠰᠦᠲᠡᠨ ‍ᠣ ᠣᠷᠤᠰᠢᠯᠲᠠ ᠳ᠋ᠥ ᠦᠨᠳᠦᠰᠦᠲᠡᠨ  ᠢ ᠲᠦᠰᠢᠵᠦ ᠵᠣᠭᠰᠤᠭᠰᠠᠨ ᠬᠦᠮᠦᠰ  ᠦᠨ ᠡᠭᠦᠷᠭᠡ ᠪᠠᠶᠢᠬᠤ  ᠪᠠᠷ ᠦᠯᠡ ᠪᠠᠷᠠᠨ ᠡᠨᠡ ᠦᠨᠳᠦᠰᠦᠲᠡᠨ ‍ᠣ ᠲᠤᠯᠵᠤ ᠡᠷᠭᠦᠭᠰᠡᠨ ᠤᠯᠤᠰ  ᠤᠨ ᠬᠠᠷᠢᠭᠤᠴᠠᠯᠭ᠎ᠠ ᠪᠠᠶᠢᠬᠤ ᠬᠡᠷᠡᠭᠲᠡᠢ ᠃ ᠡᠰᠡ ᠲᠡᠶᠢᠮᠦ ᠪᠣᠯ ᠬᠤᠤᠪᠢᠯᠳᠤᠭᠰᠠᠨ ᠳ᠋ᠥ ᠲᠣᠭᠠᠴᠠᠨ᠎ᠠ ᠃ 
    ᠣᠳᠤᠷ  ᠤᠨ ᠭᠡᠷ  ᠲᠦ ᠬᠠᠶᠠᠭᠠᠨ ᠳ᠋ᠥ ᠦᠩᠭᠡ ᠣᠷᠤᠭᠤᠯᠵᠤ ᠨᠠᠭᠠᠭᠰᠠᠨ ᠰᠣᠨᠢᠨ ᠳᠡᠭᠡᠷ᠎ᠡ  ᠡᠴᠡ ᠡᠶᠢᠮᠦ ᠨᠢᠭᠡ ᠬᠤᠷᠠᠯ ᠬᠤᠷᠠᠯᠳᠤᠭᠤᠯᠵᠤ ᠪᠠᠶᠢᠬᠤ  ᠶᠢ ᠮᠡᠳᠡᠯ᠎ᠡ ᠃ ﹇ ᠮᠣᠩᠭᠣᠯ ᠦᠨᠳᠦᠰᠦᠲᠡᠨ ‍ᠣ ᠦᠭᠡ ᠬᠡᠯᠡᠨ ‍ᠣ ᠬᠡᠷᠡᠭᠯᠡᠭᠡᠨ ᠳ᠋ᠥ ᠲᠤᠯᠭᠠᠷᠠᠵᠤ ᠪᠠᠶᠢᠭ᠎ᠠ ᠠᠰᠠᠭᠤᠳᠠᠯ  ᠢ ᠶᠠᠷᠢᠯᠴᠠᠳᠠᠭ ᠬᠤᠷᠠᠯ ﹈ ᠶᠡᠬᠡ ᠲᠥᠯᠥᠪ ᠡᠶᠢᠮᠦ ᠶᠠᠭᠤᠮ᠎ᠠ ᠭᠡᠨ᠎ᠡ ᠃ ᠭᠠᠶᠢᠬᠠᠮᠠᠷ ᠃ ᠮᠢᠨᠤ ᠪᠠᠭᠰᠢ ᠮᠡᠳᠡᠨ᠎ᠡ ᠦᠦ ᠂ ᠮᠢᠨᠤ ᠨᠠᠶᠢᠵᠠ ᠮᠡᠳᠡᠨ᠎ᠡ ᠦᠦ ︖ ᠬᠡᠨ ᠵᠠᠷᠤᠬᠤ ᠭᠡᠵᠦ ᠪᠠᠶᠢᠬᠤ ᠪᠣᠢ ᠃ ᠬᠣᠶᠠᠷ ᠬᠤᠷᠠᠯ ᠰᠢᠭ᠋ ᠬᠤᠷᠠᠯᠳᠤᠪᠠᠴᠤ ᠪᠠᠭᠠᠳᠤᠨ᠎ᠠ ᠃ ᠡᠨᠡ ᠪᠣᠯ ᠠᠰᠠᠭᠤᠳᠠᠯ ᠃ ᠰᠢᠢᠳᠪᠦᠷᠢᠯᠡᠬᠦ ᠴᠢᠬᠤᠯᠠᠲᠠᠢ ᠤᠴᠢᠷ ᠪᠢᠵᠡ ⁈ ⁈ 
    ᠶᠠᠭᠤ ᠴᠦ ᠭᠡᠰᠡᠨ ᠮᠠᠨ ‍ᠣ ᠦᠶᠡᠨ ‍ᠣ ᠬᠢᠨ ᠪᠣᠯ ᠰᠣᠶᠤᠯ ᠬᠦᠷᠲᠡᠭᠰᠡᠨ ᠬᠡᠮᠵᠢᠶ᠎ᠡ ᠬᠠᠮᠤᠭ ᠶᠡᠬᠡ ᠪᠣᠯᠤᠨ᠎ᠠ ᠃ ᠮᠣᠩᠭᠣᠯ ᠰᠣᠶᠤᠯ  ᠤᠨ ᠬᠦᠭᠵᠢᠯᠲᠡ ᠪᠠ ᠢᠷᠡᠭᠡᠳᠦᠢ  ᠶᠢ ᠲᠣᠭᠲᠠᠭᠠᠬᠤ ᠳ᠋ᠥ ᠴᠢᠬᠤᠯᠠ ᠦᠢᠯᠡᠳᠦᠯ ᠦᠵᠡᠭᠦᠯᠬᠦ ᠨᠢ ᠭᠠᠷᠴᠠᠭ᠎ᠠ ᠦᠭᠡᠢ ᠃ ᠮᠣᠩᠭᠣᠯᠴᠤᠳ ᠪᠦᠬᠦᠨ ᠲᠤᠬᠠᠶᠢᠯᠠᠭᠰᠠᠨ ᠠᠵᠢᠯ ᠳ᠋ᠥ  ᠪᠡᠨ ᠭᠠᠪᠰᠢᠭᠠᠶᠢᠯᠠᠵᠤ ᠪᠠᠶᠢᠪᠠᠯ ᠦᠩᠭᠡ ᠭᠡᠷᠡᠯᠲᠦ ᠴᠠᠭ ᠦᠶ᠎ᠡ  ᠶᠢ ᠤᠭᠲᠤᠬᠤ ᠨᠢ ᠯᠠᠪᠲᠠᠢ ᠃ ᠮᠣᠩᠭᠣᠯ ᠬᠡᠵᠢᠶᠡᠳᠡ ᠪᠠᠶᠢᠨ᠎ᠠ ᠃



  
     
     