- ᠬᠠᠷᠠᠨᠤᠳ ᠵᠤᠯᠠᠨᠴᠢᠮᠡᠭ
571
ᠪᠣᠳᠤᠯ ᠤᠨ ᠪᠣᠯᠤᠩ ᠳᠤ
2021-10-15 19:11
107
0
ᠣᠷᠴᠢᠮ ᠠᠴᠠ ᠶᠠᠮᠠᠷ ᠨᠢᠭᠡᠨ ᠵᠦᠢᠯ ᠪᠣᠳᠤᠯ ᠤᠨ ᠪᠣᠯᠤᠩ ᠡᠵᠡᠯᠡᠬᠦ᠌ ᠪᠣᠯᠤᠯ᠎ᠠ ᠃ ᠢᠯᠠᠩᠭᠤᠶ᠎ᠠ ᠬᠣᠷᠸ᠎ᠠ ᠶ᠋ᠢᠨ ᠵᠠᠮ ᠢᠶᠠᠷ ᠣᠳᠤᠭ᠍ᠰᠠᠨ ᠬᠠᠢᠷᠠᠲᠠᠢ ᠡᠮᠡᠭᠡ ᠮᠢᠨᠢ ᠨᠢᠳᠦᠨ ᠳᠦ ᠡᠷᠭᠢᠴᠡᠬᠦ᠌ ᠪᠣᠯᠤᠯ᠎ᠠ ᠃ ᠵᠡᠭᠦᠳᠦᠨ ᠳᠦ ᠢᠷᠡᠳᠡᠭ ᠴᠤ᠌ ᠪᠣᠯᠤᠯ᠎ᠠ ᠃ ᠡᠮᠡᠭᠡ ᠪᠡᠨ ᠰᠠᠨᠠᠴᠢᠬᠠᠯ᠎ᠠ ᠃ ᠠᠯᠢᠪᠠ ᠪᠥᠬᠦᠨ ᠳᠦ ᠡᠮᠡᠭᠡ ᠮᠢᠨᠢ ᠨᠢᠳᠦᠨ ᠳᠦ ᠦᠵᠡᠭ᠌ᠳᠡᠬᠦ᠌ ᠪᠣᠯᠤᠭ᠍ᠰᠠᠨ ᠃ ᠣᠳᠣ ᠡᠷᠭᠢᠴᠡᠭᠦᠯᠬᠦ᠌ ᠳᠦ ᠡᠮᠡᠭᠡ ᠮᠢᠨᠢ ᠨᠠᠳᠠ ᠳᠤ ᠰᠣᠶᠤᠯ ᠤᠨ ᠰᠠᠭᠤᠷᠢ ᠲᠠᠯᠪᠢᠭ᠍ᠰᠠᠨ ᠱᠢᠭ᠋ ᠪᠣᠳᠤᠭ᠍ᠳᠠᠬᠤ ᠨᠢ ᠬᠡᠴᠡᠭᠦᠦ ᠃ ᠬᠢᠳᠡᠯ ᠠᠯᠳᠠᠵᠤ ᠭᠠᠭ᠍ᠴᠠᠭᠠᠷᠳᠠᠵᠤ ᠰᠠᠭᠤᠬᠤ ᠳᠤ ᠪᠠᠭ᠎ᠠ ᠶ᠋ᠢᠨ ᠦᠶ᠎ᠡ ᠮᠢᠨᠢ ᠡᠷᠬᠡ ᠦᠭᠡᠢ ᠡᠷᠭᠢᠴᠡᠭᠦᠯᠦᠭ᠌ᠳᠡᠨᠡ ᠃ ᠡᠷᠭᠢᠴᠡᠭᠦᠯᠦᠭ᠌ᠳᠡᠬᠦ᠌ ᠪᠦᠷᠢ ᠳᠦ ᠪᠡᠨ ᠡᠮᠡᠭᠡ ᠲᠠᠢ ᠪᠠᠨ ᠥᠩᠭᠡᠷᠡᠭᠦᠯᠦᠭ᠌ᠰᠡᠨ ᠪᠠᠭ᠎ᠠ ᠨᠠᠰᠤ ᠮᠢᠨᠢ ᠵᠢᠷᠭᠠᠯ ᠳᠤ ᠱᠤᠮᠪᠠᠵᠤ ᠠᠲᠠᠯ᠎ᠠ ᠪᠠᠨ ᠣᠳᠣ ᠤᠬᠠᠭᠠᠷᠠᠬᠤ ᠨᠢ ᠣᠷᠣᠢᠲᠠᠯᠠ ᠭᠡᠬᠦ᠌ ᠱᠢᠭ ᠰᠠᠨᠠᠭ᠍ᠳᠠᠬᠤ ᠨᠢ ᠬᠡᠴᠡᠭᠦᠦ ᠴᠤ᠌ ᠪᠠᠢᠯ᠎ᠠ ᠃ ᠨᠠᠳᠠ ᠶ᠋ᠢ ᠪᠠᠭ᠎ᠠ ᠳᠤ ᠡᠮᠡᠭᠡ ᠮᠢᠨᠢ ᠥᠪᠡᠷ ᠦᠨ ᠬᠢ ᠪᠡᠨ ᠮᠡᠳᠡᠳᠡᠭ ᠠᠷᠠᠳ ᠤᠨ ᠠᠮᠠᠨ ᠦᠯᠢᠭᠡᠷ ᠡᠴᠡ ᠪᠡᠨ ᠨᠠᠳᠠ ᠳᠤ ᠶᠠᠷᠢᠵᠤ ᠥᠭ᠌ᠳᠡᠭ ᠃ ᠡᠮᠡᠭᠡ ᠮᠢᠨᠢ ᠬᠣᠭᠤᠯᠠᠢ ᠰᠠᠢᠲᠠᠢ ᠪᠣᠯᠬᠤᠷ ᠨᠠᠳᠠ ᠳᠤ ᠪᠠᠰᠠ ᠠᠷᠠᠳ ᠤᠨ ᠳᠠᠭᠤᠤ ᠳᠠᠭᠤᠯᠠᠵᠤ ᠥᠭ᠌ᠳᠡᠭ ᠃ ᠬᠠᠶᠠ ᠳᠤ ᠪᠠᠨ ᠪᠠᠰᠠ ᠤᠷᠲᠤ ᠶ᠋ᠢᠨ ᠳᠠᠭᠤᠤ ᠠᠶᠠᠯᠠᠭᠤᠯᠤᠨ ᠨᠤᠲᠤᠭ ᠤᠨ ᠰᠠᠬᠢᠭᠤᠰᠤ ᠤᠶᠠᠷᠠᠭᠤᠯᠵᠤ ᠪᠠᠢᠭ᠍ᠰᠠᠨ ᠲᠡᠦᠬᠡ ᠲᠠᠢ