  

ᠪᠢ ᠶᠡᠷᠦ ᠨᠢ ᠮᠣᠩᠭᠣᠯ ᠭᠦᠮᠣᠨ ᠭᠡᠵᠦ ᠤᠤ

2020-05-12 16:29
  145
  0
    ᠪᠢ ᠶᠡᠷᠦ ᠨᠢ ᠮᠣᠩᠭᠣᠯ ᠭᠦᠮᠣᠨ ᠭᠡᠵᠦ ᠤᠤ 
   ᠪᠢ ᠶᠡᠷᠦ ᠨᠢ ᠪᠡᠶ᠎ᠡ ᠪᠡᠨ ᠮᠣᠩᠭᠣᠯ ᠭᠡᠵᠣ ᠢᠲᠡᠭᠡᠵᠦ ᠥᠩᠭᠡᠷᠡᠭᠡ ᠦᠭᠡᠢ ᠶᠤᠮ᠃ ᠮᠢᠨᠤ ᠪᠡᠶ᠎ᠡ ᠳᠦ ᠳᠡᠭᠡᠳᠦᠰ ᠦᠨ ᠴᠢᠰᠤ ᠤᠷᠤᠰᠴᠤ ᠪᠠᠢᠭ᠎ᠠ ᠪᠤᠯᠬᠤᠷ ᠵᠦᠪᠬᠡᠨ ᠮᠣᠩᠭᠣᠯ ᠤᠨ ᠬᠤᠢᠴᠢ ᠭᠡᠰᠡᠨ ᠢᠶᠡᠨ ᠯᠠ ᠵᠦᠪᠰᠢᠶᠡᠷᠳᠡᠭ ᠶᠤᠮ᠃ ᠦᠨᠳᠦᠰᠦᠲᠡᠨ  ᠭᠡᠳᠡᠭ ᠶᠤᠮ ᠯᠠ ᠪᠣᠯ ᠲᠡᠭᠦᠨ  ᠳᠦ ᠨᠢᠭᠡ ᠰᠦᠭ ᠰᠦᠨᠡᠰᠦ ᠭᠡᠰᠡᠨ ᠶᠠᠭᠤᠮ᠎ᠠ ᠪᠠᠢᠬᠤ ᠤᠴᠢᠷ ᠲᠠᠢ᠃ ᠷᠠᠰᠢᠲ᠋ᠧ-ᠠᠳ᠋ - ᠳ᠋ᠢᠨ ᠦ ︽ᠰᠤᠳᠤᠷ ᠤᠨ ᠴᠢᠭᠤᠯᠭᠠᠨ︾ ᠮᠠᠨ  ᠤ ᠮᠣᠩᠭᠣᠯ  ᠢ ᠠᠭᠤᠯᠠᠨ ᠠᠴᠠ ᠭᠦᠴᠦᠲᠡᠢ᠂ ᠲᠦᠷᠭᠡᠨ ᠰᠢᠷᠦᠭᠦᠨ ᠪᠠᠭᠤᠬᠤ ᠭᠠᠯ ᠤᠨ ᠤᠷᠤᠰᠬᠠᠯ ᠰᠢᠭ ᠵᠣᠷᠢᠭᠲᠠᠢ᠂ ᠪᠠᠭᠠᠲᠤᠷᠯᠢᠭ ᠭᠡᠵᠦ ᠲᠦᠷᠰᠦᠯᠡᠵᠡᠢ᠃ ᠦᠨᠡᠨᠳᠡᠭᠡᠨ ᠴᠤ ᠠᠽᠢᠶ᠎ᠠ ᠡᠧᠥᠷᠦ᠋ᠫᠡ  ᠶᠢᠨ ᠨᠣᠲᠣᠭ ᠲᠤ ᠤᠷᠢᠳ ᠬᠣᠵᠢᠳ ᠬᠤᠷᠢᠨ ᠭᠡᠳᠦᠨ ᠲᠥᠷᠥ ᠪᠠᠢᠭᠤᠯᠤᠨ ᠨᠤᠶᠠᠯᠠᠨ ᠵᠠᠰᠠᠭᠰᠠᠨ ᠲᠡᠷᠡᠴᠢᠯᠡᠨ ᠲᠠᠯ᠎ᠠ ᠶᠢᠨ ᠰᠣᠶᠣᠯ ᠤᠨ ᠭᠠᠢᠬᠠᠮᠰᠢᠭ ᠢ ᠡᠭᠦᠳᠴᠦ᠂ ᠭᠦᠮᠦᠨ ᠲᠦᠷᠦᠯᠬᠢᠲᠡᠨ ᠦ ᠭᠦᠭᠵᠢᠯᠲᠡ ᠶᠢᠨ ᠠᠶᠠᠨ ᠳᠤ ᠲᠠᠪᠠᠵᠤ ᠪᠦᠳᠦᠬᠦ ᠦᠬᠡᠢ ᠦᠨᠳᠦᠷ ᠤᠢᠯᠡᠰ  ᠢ ᠰᠦᠮᠪᠦᠷᠯᠡᠭᠦᠯᠦᠭᠰᠡᠨ ᠨᠢ ᠶᠢᠷᠲᠢᠨᠴᠦ ᠳᠦ ᠭᠠᠭᠴᠠᠭᠠᠷ ᠮᠣᠩᠭᠣᠯ ᠠᠵᠡᠢ᠃   ᠲᠡᠭᠦᠨ ᠳᠦ ᠬᠡᠳᠦᠢ ᠰᠤᠳᠦ ᠮᠡᠷᠭᠡᠨ ᠤᠷ᠎ᠠ ᠤᠬᠠᠭᠠᠨ ᠪᠠ ᠬᠡᠴᠦᠨᠡᠨ ᠠᠭᠤᠤ  ᠶᠡᠬᠡ ᠰᠦᠰᠣ ᠵᠣᠷᠢᠭ ᠬᠡᠷᠡᠭ ᠲᠠᠢ ᠪᠠᠢᠬᠤ ᠬᠡᠰᠡᠨ ᠢ ᠪᠢᠳᠠ ᠬᠡᠯᠡᠬᠦ ᠦᠭᠡᠢ ᠴᠦ ᠪᠣᠳᠣᠵᠤ ᠣᠯᠣᠨ᠎ᠡ᠃ ᠭᠡᠪᠡᠴᠦ ᠮᠠᠨᠵᠤ ᠴᠢᠩ ᠦᠨ ᠦᠶ᠎ᠡ ᠪᠣᠯᠬᠤ ᠳᠤ ᠮᠠᠨᠤᠰ ᠮᠣᠩᠭᠣᠯ ᠭᠡᠵᠦ ᠲᠠᠨᠢᠭᠳᠠᠬᠤ ᠪᠠᠨ ᠪᠣᠯᠢᠵᠡᠢ᠃ 
ᠮᠠᠨ ᠤ ᠮᠣᠩᠭᠣᠯ ᠳᠤ ᠡᠵᠡᠨ ᠪᠠᠨ ᠠᠯᠳᠠᠪᠠ ᠭᠡᠰᠡᠨ ᠨᠢᠭᠡ ᠬᠠᠷᠢᠶᠠᠯ ᠪᠤᠢ᠃ ᠤᠤᠯ ᠨᠢ ᠪᠢ ᠴᠢᠩᠬᠢᠰ ᠬᠠᠭᠠᠨ ᠲᠡᠭᠷᠢ ᠳᠦ ᠪᠤᠴᠠᠭᠰᠠᠨ ᠠᠴᠠ ᠪᠣᠯᠤᠭᠰᠠᠨ ᠦᠯᠢᠭᠡᠷ ᠪᠠᠢᠬᠤ ᠭᠡᠵᠤ ᠪᠤᠳᠤᠵᠤ ᠪᠠᠢᠪᠠ᠂ ᠣᠳᠣ ᠨᠠᠷᠢᠨ ᠲᠣᠩᠭᠠᠪᠠᠯ ᠠᠷᠠᠢ ᠪᠢᠰᠢ ᠪᠤᠯᠤᠯᠲᠡᠢ᠂  1634 ᠣᠨ ᠳᠤ ᠯᠢᠭᠳᠡᠨ ᠬᠠᠭᠠᠨ ᠭᠥᠭᠡᠨᠠᠭᠤᠷ ᠲᠤ ᠡᠪᠡᠳᠴᠢᠯᠡᠵᠦ ᠦᠬᠦᠭᠡᠳ ᠮᠠᠨ ᠤ ᠮᠣᠩᠭᠣᠯ ᠵᠢᠩᠬᠢᠨᠢ ᠶᠠᠭ ᠡᠵᠡᠨ ᠪᠠᠨ ᠠᠯᠳᠠᠪᠠ ᠭᠡᠭᠴᠢ  ᠢᠷᠡᠵᠡᠢ᠃ ᠶᠠᠮᠠᠷ ᠮᠠᠭᠤᠬᠠᠢ ᠭᠤᠨᠢᠭ᠂ ᠶᠠᠭᠠᠬᠢᠭᠰᠠᠨ ᠠᠵᠠ ᠦᠭᠡᠢ ᠤᠴᠠᠷᠠᠯ ᠠᠵᠡᠢ᠃ ᠪᠢᠳᠠ ᠴᠢᠩ ᠳᠤ ᠪᠠᠭᠤᠵᠤ ᠦᠭᠭᠦᠭᠡᠳ ᠲᠥᠷᠥ  ᠶᠢᠨ ᠬᠠᠰ ᠲᠠᠮᠠᠭ᠎ᠠ ᠪᠠᠨ ᠲᠤᠰᠢᠶᠠᠪᠠ᠃ ᠬᠠᠳᠠᠨ ᠪᠠᠭᠠᠲᠦᠷ ᠵᠣᠷᠢᠭ  ᠢᠶᠠᠨ ᠮᠠᠨᠵᠤ ᠶᠢᠨ ᠪᠣᠰᠬᠠᠵᠤ ᠦᠭᠭᠦᠭᠰᠡᠨ ᠤᠩᠭᠤᠷᠬᠠᠢ ᠰᠦᠮ᠎ᠡ ᠶᠢᠨ ᠨᠣᠮ  ᠤᠨ ᠪᠣᠱᠤᠭᠠᠨ ᠳᠤ ᠡᠯᠡᠭᠡᠵᠤ ᠮᠢᠲᠠᠷᠠᠭᠤᠯᠵᠡᠢ᠃  ᠡᠯᠡᠷ ᠪᠠᠯᠠᠷ ᠬᠡᠳᠦᠨ ᠵᠠᠭᠤᠨ ᠢ ᠲᠤᠭᠤᠯᠤᠭᠠᠳ ᠪᠢᠳᠠ ᠥᠩᠭᠡ ᠭᠡᠷᠡᠯᠳᠡᠢ ᠪᠠᠷ ᠬᠢᠲᠠᠳ ᠠᠷᠠᠳ ᠤᠯᠤᠰ  ᠤᠨ ᠢᠷᠭᠡᠨ ᠪᠣᠯᠪᠠ ᠃ ᠦᠯᠡᠳᠡᠭᠰᠡᠨ ᠵᠢᠭᠠᠬᠠᠨ ᠰᠦᠰᠥ  ᠪᠠᠨ ᠰᠣᠶᠣᠯ ᠤᠨ ᠬᠣᠪᠢᠰᠬᠠᠯ ᠤᠨ ᠬᠠᠳᠠᠭᠣ ᠰᠢᠭᠤᠷᠭᠠᠨ ᠳᠤ ᠠᠷᠴᠢᠭᠤᠯᠵᠤ ᠠᠮᠠᠷᠠᠪᠠ᠃ ᠣᠳᠣ ᠪᠢᠳᠠ ᠶᠠᠭ ᠪᠣᠰᠤᠳ ᠠᠴᠠ ᠶᠠᠮᠠᠷ ᠣᠪᠣᠭ ᠲᠠᠢ ᠪᠤᠢ ᠭᠡᠵᠤ ᠠᠰᠠᠭᠤᠬᠤᠯᠠᠷ ᠪᠡᠴᠢᠨ ᠪᠠᠭᠰᠢ ᠶᠢᠨ ᠬᠡᠯᠡᠭᠰᠡᠨ ᠰᠢᠭ ᠨᠠᠳᠠ ᠣᠮᠣᠭ ᠦᠭᠡᠢ᠂ ᠵᠤᠳᠤᠵᠤ ᠬᠠᠷᠢᠶᠠᠶ᠎ᠠ ᠠᠭᠤᠷᠯᠠᠬᠤ ᠦᠭᠡᠢ ᠭᠡᠰᠡᠨ ᠰᠢᠭ ᠶᠠᠭᠤᠮ᠎ᠠ ᠪᠤᠯᠴᠢᠬᠠᠵᠡᠢ᠃ 
   ᠤᠷᠳᠤᠰ ᠤᠨ ᠮᠠᠨᠳᠦᠬᠤ ᠠᠬᠠᠯᠠᠭᠴᠢ ᠶᠢᠨ ᠬᠠᠷ᠎ᠠ ᠲᠤᠯᠤᠭᠠᠢᠲᠤ ᠢᠷᠭᠡᠳ ᠪᠡᠶ᠎ᠡ ᠪᠡᠶᠡᠨ ᠳᠦ ᠪᠡᠨ ᠡᠵᠡᠨ ᠰᠠᠭᠤᠬᠤ ᠶᠤᠮ ᠪᠠ ᠭᠡᠰᠡᠨ ᠮᠠᠶ᠋ᠢᠭ ᠲᠠᠢ ᠨᠢᠭᠡ ᠦᠭᠡ ᠪᠠᠢᠭᠰᠠᠨ ᠰᠠᠨᠠᠭᠳᠠᠨ᠎ᠠ᠃ ᠪᠢᠳᠠ ᠤᠳᠣ ᠦᠪᠡᠷᠳᠡᠭᠡᠨ ᠵᠠᠰᠠᠬᠤ ᠲᠣᠭ᠎ᠠ ᠲᠠᠢ ᠶᠠᠪᠤᠳᠠᠭ ᠪᠤᠯᠪᠠᠴᠤ ᠪᠠᠭ᠎ᠠ ᠰᠠᠭ᠎ᠠ ᠤᠯᠤᠰ ᠲᠥᠷᠥ ᠶᠢᠨ ᠠᠨᠢᠷ ᠭᠠᠪᠠᠯᠠ ᠲᠠᠢ ᠪᠦᠭᠦᠨ ᠪᠦᠷ ᠮᠡᠳᠡᠨ᠎ᠡ᠃ ᠶᠠᠮᠠᠷ ᠴᠤ ᠬᠤᠭᠤᠴᠠᠭ᠎ᠠ᠂ ᠶᠠᠮᠠᠷ ᠴᠦ ᠲᠥᠷᠥ ᠳᠦ ᠡᠷᠬᠡ ᠮᠡᠳᠡᠯ ᠭᠡᠰᠡᠨ ᠶᠠᠭᠤᠮ᠎ᠠ ᠪᠦᠷ ᠬᠢᠵᠠᠭᠠᠷ ᠲᠠᠢ ᠪᠠᠢᠳᠠᠭ ᠶᠤᠮ᠃ ᠮᠠᠨ ᠤ ᠨᠠᠮ ᠤᠯᠠᠭᠠᠨᠬᠦᠦ ᠠᠴᠠ ᠥᠭᠡᠷ᠎ᠡ ᠮᠣᠩᠭᠣᠯ ᠭᠦᠮᠣᠨ ᠢ ᠶᠡᠷᠦᠨᠢ ᠢᠲᠡᠭᠡᠵᠦ ᠦᠩᠭᠡᠷᠡᠭᠡ ᠦᠭᠡᠢ ᠶᠤᠮ᠃ ᠰᠠᠨᠠᠭ᠎ᠠ ᠴᠢᠨᠢ ᠤᠨᠳᠤᠤ ᠪᠠᠢᠨ᠎ᠠ ᠭᠡᠵᠤ ᠪᠣᠤ ᠮᠠᠭᠤᠯᠠ᠂ ᠪᠢᠳᠠ ᠲᠡᠤᠬᠡ   ᠪᠠᠨ ᠵᠥᠪ  ᠬᠠᠷᠠᠭᠠᠯᠠᠵᠤ ᠰᠣᠷᠦᠶ᠎ᠡ ᠂ ᠬᠤᠳᠠᠯ ᠬᠡᠯᠡᠬᠦ᠂ ᠨᠢᠭᠤᠬᠤ᠂ ᠪᠤᠳᠤᠭᠯᠠᠬᠤ ᠪᠠᠷ  ᠤᠶᠤᠨᠰᠠᠵᠤ ᠭᠦᠮᠦᠰ ᠢ ᠬᠠᠭᠤᠷᠠᠨ ᠮᠡᠬᠡᠯᠡᠬᠦ ᠪᠡᠨ ᠪᠡᠢᠶ᠎ᠡ᠂ ᠨᠡᠩ ᠭᠣᠣᠯᠴᠢ ᠨᠡᠢᠬᠡᠮ ᠦᠨ ᠪᠠᠢᠭᠤᠯᠤᠯ ᠳᠤ ᠨᠡᠩ ᠦᠨᠳᠦᠷ ᠬᠠᠮᠲᠤ ᠶᠢᠨ ᠴᠡᠴᠡᠭᠯᠡᠯᠲᠡ ᠶᠢ ᠪᠡᠶᠡᠯᠡᠭᠦᠯᠵᠦ ᠴᠢᠳᠠᠨ᠎ᠠ ᠭᠡᠵᠦ ᠪᠣᠳᠣᠵᠣ ᠪᠠᠢᠨ᠎ᠠ᠃  
   ᠪᠢᠳᠠ ᠥᠷᠭᠡᠨ ᠠᠭᠤᠳᠠᠮ ᠨᠣᠲᠣᠭ ᠲᠡᠪᠢᠰᠬᠡᠷ ᠦᠮᠴᠢᠯᠡᠵᠤ ᠪᠠᠢᠪᠠ᠂ ᠴᠢᠩ ᠦᠨ ᠦᠶ᠎ᠡ ᠳᠦ ᠪᠤᠯᠢᠶᠠᠬᠤ ᠲᠡᠢ᠂ ᠲᠦᠷᠢᠶᠡᠰᠦᠯᠡᠬᠦ ᠲᠠᠢ᠂ ᠬᠤᠳᠠᠯᠳᠤᠬᠤ ᠲᠠᠢ᠂ ᠬᠠᠭᠠᠯᠬᠤ ᠲᠠᠢ ᠬᠠᠭᠠᠰ ᠢ ᠨᠢ ᠠᠯᠳᠠᠵᠣ ᠣᠷᠬᠢᠪᠠ᠃ 1935 ᠣᠨ ᠳᠤ ᠮᠠᠤ ᠽᠧ ᠳ᠋ᠦᠩ ᠄ ︽ ᠦᠪᠥᠷ  ᠮᠣᠩᠭᠣᠯ  ᠤᠨ ᠠᠷᠠᠳ ᠲᠦᠮᠡᠨ ᠳᠦ ᠥᠭᠬᠦ ᠪᠢᠴᠢᠭ︾ᠲᠦ ᠪᠡᠨ ᠥᠪᠥᠷ ᠮᠣᠩᠭᠣᠯ ᠤᠨ ᠨᠤᠲᠤᠭ ᠲᠡᠪᠢᠰᠬᠡᠷ ᠪᠣᠯ ᠮᠣᠩᠭᠣᠯ ᠥᠨᠳᠥᠰᠦᠲᠡᠨ ᠦ ᠬᠢ ᠬᠡᠵᠣ ᠬᠡᠯᠡᠵᠤ ᠦᠩᠭᠡᠷᠡᠭᠰᠡᠨ ᠪᠣᠯᠪᠠᠴᠣ ᠬᠣᠵᠢᠮ ᠨᠢ ᠠᠷᠠᠳ ᠤᠨ ᠠᠷᠠᠳᠴᠢᠯᠠᠭᠰᠠᠨ ᠳᠠᠷᠤᠩᠭᠤᠢᠯᠠᠬᠤ ᠵᠠᠰᠠᠭ ᠤᠨ ᠨᠡᠷ᠎ᠡ ᠪᠡᠷ ᠤᠯᠤᠰ ᠤᠨ ᠬᠢ ᠪᠤᠯᠭᠠᠪᠠ᠃ ᠣᠳᠤ ᠪᠢᠳᠠ ᠲᠠᠭᠠᠭᠠᠴᠢᠯᠠᠨ ᠬᠡᠷᠡᠭᠯᠡᠵᠦ ᠪᠠᠢᠨ᠎ᠠ᠃ ᠮᠣᠩᠭᠣᠯ ᠭᠡᠭᠴᠢ ᠨᠣᠲᠣᠭ ᠤᠰᠤ ᠪᠠᠨ ᠠᠮᠢᠨ ᠪᠡᠶ᠎ᠡ ᠪᠡᠨ ᠰᠢᠭ᠂ ᠠᠯᠠᠭ ᠨᠢᠳᠦ ᠪᠡᠨ ᠰᠢᠭ ᠨᠠᠨᠳᠢᠩᠨᠠᠨ ᠬᠠᠢᠷᠡᠯᠠᠳᠠᠭ ᠭᠦᠮᠦᠰ ᠪᠡᠢᠵᠡᠢ᠃ ᠭᠠᠯᠳᠠᠨ ᠪᠣᠱᠤᠭᠲᠤ  ᠮᠢᠨᠦ ᠨᠤᠲᠤᠭ ᠤᠨ ᠰᠢᠷᠦᠢ ᠶᠢ ᠪᠣᠷᠬᠠᠨ ᠭᠣᠶᠣᠭᠰᠠᠨ ᠴᠦ ᠪᠣᠤ ᠥᠭ ᠭᠡᠵᠣ ᠳᠣᠩᠭᠣᠳᠴᠤ ᠥᠩᠭᠡᠷᠡᠵᠡᠢ᠃ ᠣᠳᠣ ᠪᠣᠯᠬᠤ ᠳᠤ ᠵᠠᠷᠢᠮ ᠮᠣᠩᠭᠣᠯᠴᠤᠳ ᠪᠣᠰᠣᠳ ᠤᠨ ᠵᠠᠯᠢᠬᠠᠢ  ᠠᠷᠭᠠᠨ  ᠳᠤ ᠦᠷᠲᠡᠵᠣ ᠮᠠᠯ ᠤᠨ ᠪᠡᠯᠴᠢᠭᠡᠷ ᠪᠠᠨ ᠬᠣᠪᠢᠯᠭᠠᠵᠤ ᠮᠥᠩᠭᠥ ᠪᠣᠯᠭᠠᠭᠠᠳ ᠦᠷᠦᠵᠤ ᠳᠠᠭᠤᠰᠬᠠᠨ ᠶᠤᠰᠤᠲᠡᠢ ᠡᠯᠵᠢᠭᠡ ᠴᠦ ᠦᠭᠡᠢ ᠭᠤᠷᠪᠠ ᠯᠠᠩ ᠴᠤ ᠦᠬᠡᠢ ᠴᠠᠭᠠᠴᠢᠨ ᠂ ᠠᠷᠢᠬᠢᠴᠢᠨ᠂ ᠭᠤᠢᠷᠠᠨᠴᠢᠨ ᠪᠣᠯᠵᠤ ᠳᠠᠭᠤᠰᠴᠠᠢ᠃ 
   ᠪᠢᠳᠠ ᠢᠷᠠᠭᠤ ᠲᠤᠳᠤᠬᠠᠨ ᠦᠭᠡ ᠬᠡᠯᠡ᠂ ᠪᠣᠰᠤᠭ᠎ᠠ ᠰᠠᠢᠬᠠᠨ ᠦᠰᠦᠭ ᠪᠢᠴᠢᠭ ᠲᠠᠢ ᠪᠠᠢᠯ᠎ᠠ᠃ ᠣᠳᠣ ᠪᠣᠯᠬᠤ ᠳᠤ ᠮᠠᠨᠤᠰ  ᠢ ᠠᠳᠠᠯᠠᠵᠤ ᠳᠠᠷᠣᠯᠠᠵᠤ ᠶᠠᠪᠤᠭᠰᠠᠨ ᠂ ᠪᠠᠰᠠ ᠮᠠᠨᠤᠰ ᠤᠨ ᠤᠷᠢᠲᠡᠢ ᠮᠦᠭᠦᠵᠤ ᠳᠣᠬᠢᠨᠠᠭᠰᠠᠨ ᠮᠠᠨᠵᠤ  ᠶᠢᠨ ᠬᠡᠯᠡ ᠠᠳᠠᠯᠢᠬᠠᠨ ᠡᠵᠡᠭᠦᠢ ᠶᠠᠭᠤᠮ᠎ᠠ ᠪᠣᠯᠵᠤ ᠳᠠᠭᠣᠰᠴᠡᠢ᠃ ᠬᠤᠶᠠᠷ ᠦᠭᠡ ᠶᠠᠷᠢᠬᠤ ᠳᠤ ᠬᠤᠯᠢᠵᠤ ᠬᠣᠳᠬᠤᠭᠠᠳ ᠦᠪᠦᠷ ᠮᠣᠩᠭᠣᠯᠴᠤᠳ  ᠶᠤᠰᠦᠲᠡᠢ ᠲᠡᠯᠡᠬᠡᠢ ᠳᠡᠭᠡᠷ᠎ᠡ ᠦᠭᠡ ᠬᠡᠯᠡᠨ ᠤ ᠬᠠᠮᠤᠭ ᠤᠨ ᠲᠤᠮᠤ ᠯᠤᠢᠪᠠᠷᠴᠢᠨ ᠪᠣᠯᠵᠤ ᠳᠠᠭᠤᠰᠴᠠᠢ᠃ ᠬᠢᠲᠠᠳ ᠪᠠᠷ ᠰᠣᠷᠪᠠᠯ ᠢᠷᠡᠭᠡᠳᠦᠢ ᠲᠠᠢ ᠭᠡᠳ ᠬᠣᠢᠴᠢᠰ ᠨᠢ ᠬᠡᠯᠡ ᠪᠡᠨ ᠠᠯᠳᠠᠵᠤ ᠬᠡᠯᠡᠬᠡᠢ ᠪᠣᠯᠪᠡ᠃ ᠬᠡᠯᠡᠨ ᠦ ᠰᠡᠳᠬᠢᠭᠦᠢ ᠦᠭᠡᠢ ᠪᠣᠯᠣᠭᠰᠠᠨ ᠶᠤᠮ ᠴᠢᠨᠢ ᠬᠡᠯᠡᠨ ᠦ ᠤᠷᠠᠯᠢᠭ ᠡᠨᠡ ᠲᠡᠷᠡ ᠭᠡᠳ ᠶᠠᠮᠠᠷ ᠬᠡᠷᠡᠭ ᠯᠠ ᠪᠠᠢᠬᠤᠪ᠃ ᠲᠦᠷᠦᠭᠰᠡᠨ ᠠᠪᠤ ᠡᠵᠢ ᠶᠢ ᠪᠡᠨ ᠴᠦ ᠬᠠᠷᠢ ᠶᠢᠨ ᠬᠡᠯᠡ ᠪᠡᠷ ᠬᠠᠰᠬᠢᠷᠤᠯᠴᠠᠬᠤ ᠲᠤᠮᠤᠭᠤ ᠦᠭᠡᠢ ᠡᠭᠦᠳᠡᠨ᠂ ᠰᠣᠷᠭᠠᠯ ᠦᠭᠡᠢ ᠠᠢᠯ ᠤᠨ ᠵᠣᠯᠪᠣᠳᠠᠭ ᠤᠳ᠂ ᠨᠠᠷᠢᠨ ᠪᠣᠳᠣᠪᠠᠯ ᠲᠡᠳᠡᠨ  ᠳᠦ ᠶᠠᠮᠠᠷ ᠥᠭᠡᠳᠡ ᠲᠠᠢ ᠢᠷᠡᠭᠡᠳᠦᠢ ᠯᠠ ᠪᠠᠢᠬᠤᠪ᠃ ᠬᠢᠳᠡᠯ ᠦᠭᠡᠢ ᠪᠣᠯ ᠡᠪᠤᠭᠡ ᠶᠢᠨ ᠰᠣᠶᠣᠯ ᠢ ᠰᠠᠬᠢᠵᠤ ᠵᠦᠭᠡᠷ ᠤᠴᠤᠢᠶᠠ ᠪᠤᠯᠤᠮᠡᠷ᠂ ᠡᠭᠦᠨ ᠢ ᠨᠢ ᠥᠭᠡᠷᠡᠴᠢᠯᠡᠵᠦ ᠲᠡᠭᠦᠨ ᠢ ᠨᠢ ᠪᠤᠰᠬᠠᠨ᠎ᠠ ᠭᠡᠵᠦ ᠦᠨᠳᠡᠯᠵᠡᠭᠡᠳ ᠭᠡᠴᠤᠨᠠᠨ ᠦᠶ᠎ᠡ ᠵᠠᠷᠤᠭᠠᠳ ᠪᠤᠯᠤᠭᠰᠠᠨ᠂ ᠤᠳᠣ ᠨᠤᠷᠠᠮᠠᠷ ᠪᠤᠯᠤᠭᠰᠠᠨ ᠬᠡᠪᠡᠷᠡᠭ ᠦᠰᠦᠭ ᠪᠠᠨ ᠵᠠᠰᠠᠭᠠᠳ  ᠵᠠᠯᠠᠭᠤ ᠨᠢ ᠬᠡᠷᠡᠭᠯᠡᠬᠦ ᠦᠭᠡᠢ ᠪᠣᠭᠣᠷᠤᠯ ᠨᠢ ᠴᠢᠳᠠᠬᠤ ᠦᠭᠡᠢ ᠶᠠᠭᠤᠮ᠎ᠠ ᠪᠣᠯᠭᠠᠵᠤ ᠤᠷᠬᠢᠵᠡᠢ ᠃ ᠮᠣᠩᠭᠣᠯ ᠬᠡᠯᠡ ᠲᠣᠭᠠᠴᠢᠯᠠᠨ᠎ᠠ ᠭᠡᠳ ᠣᠨ ᠤᠳᠠᠪᠠᠢ᠃ ᠬᠠᠢᠯᠲᠠ ᠬᠢᠪᠡᠯ ᠬᠡᠯᠡ ᠶᠢ ᠴᠢᠨᠢ ᠭᠦᠮᠣᠨ ᠲᠠᠨᠢᠳᠠᠭ ᠦᠭᠡᠢ᠂ ᠠᠵᠢᠯᠯᠠᠬᠤ ᠣᠣᠹᠢᠰ᠂ ᠰᠢᠪᠡᠬᠦ ᠠᠷᠭ᠎ᠠ ᠨᠢ ᠨᠢᠭᠡ ᠨᠢᠭᠡ ᠪᠡᠨ ᠪᠠᠭᠳᠠᠭᠠᠳᠠᠭ ᠦᠭᠡᠢ ᠣᠯᠠᠨ ᠣᠯᠠᠨ ᠬᠡᠨᠢᠶ᠎ᠡ ᠲᠠᠢ ᠬᠠᠨ ᠳᠡᠯᠡᠬᠡᠢ  ᠳᠤ ᠭᠠᠭᠴᠠᠬᠠᠨ ᠬᠠᠴᠢᠨ ᠤᠭᠰᠠᠭᠠᠲᠠᠨ ᠪᠣᠯᠵᠤ ᠬᠤᠪᠢᠷᠠᠵᠡᠢ᠃ 
   ᠦᠷᠦᠭᠡᠯ ᠦᠨ ᠪᠠᠶᠠᠷ  ᠲᠤ ᠡᠮᠦᠰᠴᠦ ᠤᠴᠢᠳᠠᠭ ᠦᠨᠦᠴᠢᠨ ᠲᠡᠪᠡᠯ  ᠪᠠᠷ ᠢᠶᠠᠨ ᠮᠣᠩᠭᠣᠯ ᠶᠤᠮ ᠤᠤ︖ ᠡᠰᠡᠭᠦᠯ᠎ᠠ ᠥᠭᠡᠬᠦ ᠲᠠᠢ ᠲᠣᠰᠣ ᠲᠠᠢ ᠦᠳᠭᠡᠨ ᠴᠠᠢ   ᠪᠡᠷ ᠢᠶᠡᠨ ᠮᠣᠩᠭᠣᠯ ᠴᠤ ᠶᠤᠮ ᠤᠤ︖ ᠪᠢ ᠮᠣᠩᠭᠣᠯ ᠭᠡᠵᠤ ᠤᠤ︖ ᠪᠢ ᠮᠣᠩᠭᠣᠯ ᠪᠢᠰᠢ᠂ ᠵᠦᠪᠬᠡᠨ ᠲᠡᠳᠡᠨ ᠦ ᠬᠤᠢᠴᠢᠰ ᠂ ᠮᠠᠨ  ᠤ ᠮᠣᠩᠭᠣᠯ ᠮᠠᠨᠵᠤ  ᠶᠢᠨ  ᠦᠶ᠎ᠡ  ᠳᠦ ᠮᠦᠭᠦᠵᠤ  ᠳᠠᠭᠣᠰᠴᠠᠢ ᠃



  
     
     