 

ᠡᠨᠡ ᠬᠦ ᠮᠦᠴᠡ ᠳᠠᠬᠢ ᠲᠡᠯᠡᠬᠡᠢ ᠳ᠋ᠠᠬᠢᠨ ᠤ ᠣᠣᠬᠠᠶᠢᠯᠠᠯ

2019-10-02 17:24
  347
  0
 ᠦᠨᠦᠳᠦᠷ᠂ ᠰᠢᠨ᠎ᠠ ᠲᠤᠮᠳᠠᠳᠦ ᠤᠯᠤᠰ 70 ᠵᠢᠯ ᠤᠨ ᠤᠢ ᠪᠠᠨ ᠤᠬᠳᠤᠵᠤ᠂ ᠲᠡᠯᠡᠭᠡᠢ ᠶᠢᠨ ᠠᠩᠬᠠᠷᠤᠯ ᠲᠤᠮᠳᠠᠳᠦ ᠤᠯᠤᠰ ᠤᠨ ᠪᠡᠬᠡᠵᠢᠩ ᠳᠤ ᠲᠤᠰᠪᠠ᠃ ᠡᠨᠡ ᠬᠦ ᠤᠨᠴᠠᠭᠠᠢ ᠴᠠᠭ ᠮᠦᠴᠡ ᠳᠤ ᠲᠡᠯᠡᠬᠡᠢ ᠶᠢᠨ ᠡᠯ᠎ᠠ ᠭᠠᠵᠠᠷ ᠤᠷᠤᠨ ᠠᠴᠠ ᠪᠡᠶᠡᠷ ᠤᠨ ᠴᠠᠬᠢᠯᠭᠠᠨ ᠪᠡᠶᠡᠷ ᠤᠨ ᠵᠠᠬᠢᠳᠠᠯ ᠢᠷᠡᠬᠦᠯᠵᠦ᠂ ᠲᠤᠮᠳᠠᠳᠦ ᠤᠯᠤᠰ ᠤᠨ ᠢᠮᠠᠭᠳᠠ ᠶᠢᠨ ᠬᠦᠭᠵᠢᠯ ᠪᠠᠳᠠᠷᠠᠯ ᠢ ᠵᠦᠡᠭᠨᠡᠨ ᠪᠡᠯᠬᠡᠳᠡᠨ᠎ᠠ᠃
  ᠬᠡᠳᠡᠰᠦ ᠴᠠᠳᠬᠤᠯᠠᠩ ᠪᠤᠰᠤ ᠪᠠᠶᠢᠭᠰᠠᠨ ᠤᠯᠤᠰ ᠪᠦᠬᠦ ᠪᠦᠮᠪᠦᠷᠴᠡᠭ ᠤᠨ ᠬᠤᠶᠠᠳᠤᠭᠠᠷ ᠲᠤᠮᠦ ᠠᠵᠦ ᠠᠬᠤᠢ ᠶᠢᠨ ᠴᠤᠭᠴᠠ ᠪᠤᠯᠪᠠ᠃ 70 ᠵᠢᠯ ᠳᠤ᠂ ᠲᠤᠮᠳᠠᠳᠦ ᠤᠯᠤᠰ ᠲᠡᠯᠡᠬᠡᠢ ᠶᠢᠨ ᠲᠡᠤᠬᠡᠨ ᠳᠤ ᠬᠤᠤᠰ ᠦᠭᠡᠢ ᠬᠦᠭᠵᠢᠯᠳᠡ ᠶᠢᠨ ᠭᠠᠶᠢᠬᠠᠮᠰᠢᠭ ᠢ ᠡᠬᠦᠳᠴᠦ ᠬᠦᠮᠦᠨ ᠲᠦᠷᠦᠯᠬᠢᠳᠡᠨ ᠤ ᠬᠦᠭᠵᠢᠯᠳᠡ ᠶᠢᠨ ᠵᠠᠭᠪᠤᠷ ᠤᠨ ᠲᠤᠬᠠᠢ ᠲᠠᠨᠢᠯᠳᠠ ᠶᠢ ᠰᠢᠨᠡᠳᠭᠡᠵᠡᠢ᠃ ᠲᠤᠮᠳᠠᠳᠤ ᠤᠯᠤᠰ ᠤᠨ ᠲᠤᠬᠠᠢ ᠠᠩᠭ᠍ᠯᠢ ᠶᠢᠨ ᠲᠤᠰᠬᠠᠢ ᠮᠡᠷᠭᠡᠵᠢᠯᠳᠡᠨ ᠰᠢᠤ᠋ · ᠫᠸᠢᠢᠮᠠᠨ ᠡᠨᠡ ᠬᠦ ᠬᠡᠰᠡᠭ ᠲᠡᠦᠭᠡ ᠪᠤᠯ ︽ᠲᠡᠯᠡᠭᠡᠢ ᠶᠢᠨ ᠪᠦᠮᠪᠦᠷᠴᠡᠭ ᠤᠨ ᠬᠠᠮᠤᠭ ᠤᠨ ᠠᠭᠤᠤ ᠶᠡᠭᠡ ᠬᠤᠪᠢᠰᠤᠯᠳᠠ ᠮᠦᠨ︾ ᠬᠡᠵᠦ ᠮᠠᠭᠳᠠᠨ ᠰᠠᠶᠢᠰᠢᠶᠠᠵᠤ᠂ ᠤᠷᠤᠰ ᠤᠨ ᠶᠡᠷᠦᠩᠬᠡᠶᠢᠯᠡᠭᠴᠢ ᠫᠦᠲ᠋ᠢᠨ ᠲᠤᠮᠳᠠᠳᠦ ᠤᠯᠤᠰ ᠤᠨ ᠠᠵᠦ ᠠᠬᠤᠢ᠂ ᠨᠡᠶᠢᠬᠡᠮ᠂ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠵᠡᠷᠬᠡ ᠬᠦᠷᠢᠶᠡᠨ ᠳᠠᠬᠢ ᠲᠡᠯᠡᠬᠡᠢ ᠶᠢ ᠲᠤᠩᠰᠤᠯᠭᠠᠮ᠎ᠠ ᠠᠭᠤᠤ ᠶᠡᠭᠡ ᠠᠮᠵᠢᠯᠳᠠ ᠳᠤ ᠪᠡᠶᠡᠷ ᠬᠦᠷᠬᠡᠵᠦ ᠪᠠᠶᠢᠬᠤ ᠪᠠᠨ ᠢᠯᠡᠳᠭᠡᠪᠡ᠃ ᠨᠠᠮᠢᠪᠢᠶ᠎ᠠ ᠶᠢᠨ ᠶᠡᠷᠦᠩᠬᠡᠶᠢᠯᠡᠭᠴᠢ ᠨᠦᠴᠢᠶᠤᠤᠮᠠ ︽ᠲᠤᠮᠳᠠᠳᠦ ᠤᠯᠤᠰ ᠤᠨ ᠠᠮᠵᠢᠯᠳᠠ ᠪᠤᠯ ᠮᠠᠨ ᠤ ᠬᠦᠭᠵᠢᠵᠦ ᠪᠠᠶᠢᠭ᠎ᠠ ᠤᠯᠤᠰ ᠤᠳ ᠤᠨ ᠬᠠᠮᠳᠦ ᠶᠢᠨ ᠤᠮᠤᠭᠰᠢᠯ ᠮᠦᠨ︾ ᠬᠡᠪᠡ᠃
  ᠲᠤᠮᠳᠠᠳᠦ ᠤᠯᠤᠰ ᠲᠡᠯᠡᠬᠡᠢ ᠳ᠋ᠡᠬᠢᠨ ᠳᠤ ᠬᠠᠮᠳᠦ ᠪᠠᠷ ᠠᠰᠢᠬ ᠬᠦᠷᠳᠡᠬᠦ ᠨᠡᠩ ᠤᠯᠠᠨ ᠵᠠᠪᠰᠢᠶᠠᠨ ᠢ ᠲᠠᠰᠤᠷᠠᠯᠳᠠ ᠦᠬᠡᠢ ᠡᠬᠦᠳᠴᠦ᠂ ᠨᠡᠭᠡᠭᠡᠯᠳᠡ ᠬᠢᠵᠦ ᠬᠠᠮᠳᠤᠷᠠᠨ ᠠᠵᠢᠯᠯᠠᠬᠤ ᠤᠢᠢᠯᠠᠭᠠᠬᠳᠠᠬᠤᠨ ᠢ ᠪᠠᠷᠢᠮᠳᠠᠯᠠᠨ᠂ ᠲᠡᠯᠡᠬᠡᠢ ᠳ᠋ᠡᠬᠢᠨ ᠳᠤ ᠲᠤᠮᠳᠠᠳᠦ ᠤᠯᠤᠰ ᠤᠨ ᠠᠰᠢᠬ ᠲᠤᠰᠠ ᠶᠢ ᠬᠦᠷᠳᠡᠬᠡᠨ᠂ ᠬᠠᠮᠳᠤ ᠪᠠᠷ ᠬᠦᠭᠵᠢᠬᠦ ᠶᠢ ᠠᠬᠢᠭᠤᠯᠪᠠ᠃ ︽ᠦᠨᠦᠳᠦᠷ ᠤᠨ ᠲᠤᠮᠳᠠᠳᠦ ᠤᠯᠤᠰ ᠪᠤᠯ ᠮᠦᠨ ᠴᠤ ᠠᠽᠢᠶ᠎ᠠ ᠶᠢᠨ ᠲᠤᠮᠳᠠᠳᠦ ᠤᠯᠤᠰ᠂ ᠲᠡᠯᠡᠬᠡᠢ ᠶᠢᠨ ᠲᠤᠮᠳᠠᠳᠦ ᠤᠯᠤᠰ︾ ᠪᠠᠶᠢᠵᠤ᠂ ᠲᠡᠯᠡᠬᠡᠢ ᠶᠢᠨ ᠡᠩᠭᠡ ᠲᠠᠶᠢᠪᠤᠡᠭ ᠪᠡ ᠬᠦᠭᠵᠢᠯᠳᠡ ᠳᠤ ᠬᠦᠴᠦᠷᠭᠡᠭ ᠶᠡᠭᠡ ᠢᠳᠡᠪᠬᠢ ᠬᠦᠴᠦᠨ ᠬᠠᠨᠭ᠍ᠭᠠᠵᠠᠢ᠃ ᠪᠤᠯᠭᠠᠷᠢᠶ᠎ᠠ ᠶᠢᠨ ᠲᠡᠳ᠋ ᠶᠡᠷᠦᠩᠬᠡᠶᠢᠯᠡᠭᠴᠢ ᠶᠤᠸᠠᠶᠢᠲ᠋ᠦᠸᠠ ᠲᠤᠮᠳᠠᠳᠦ ᠤᠯᠤᠰ ᠢ ︽ᠪᠦᠬᠦ ᠪᠦᠮᠪᠦᠷᠴᠡᠭ ᠤᠨ ᠠᠵᠦ ᠠᠬᠤᠢ ᠶᠢᠨ ᠨᠡᠮᠡᠭᠳᠡᠯ ᠤᠨ ᠬᠦᠳᠡᠯᠬᠡᠬᠦᠷ︾ ᠬᠡᠵᠦ᠂ ᠺᠠᠮᠪᠦᠵᠡ ᠶᠢᠨ ᠲᠡᠷᠢᠬᠦᠨ ᠰᠠᠶᠢᠳ ᠬᠤᠨᠭ᠍ᠰᠧᠨ ᠬᠦᠴᠦᠷᠭᠡᠭ ᠶᠡᠭᠡ ᠲᠤᠮᠳᠠᠳᠦ ᠤᠯᠤᠰ ᠪᠤᠯ ︽ᠭᠠᠵᠠᠷ ᠤᠷᠤᠨ ᠪᠤᠯᠤᠨ ᠲᠡᠯᠡᠬᠡᠢ ᠶᠢᠨ ᠡᠩᠭᠡ ᠲᠠᠶᠢᠪᠤᠡᠭ᠂ ᠲᠤᠭᠳᠠᠭᠤᠨ᠂ ᠴᠡᠴᠡᠭᠯᠡᠯ ᠬᠦᠭᠵᠢᠯ ᠢ ᠬᠠᠮᠠᠭᠠᠯᠠᠬᠤ ᠳᠤ ᠠᠰᠢᠭᠳᠠᠢ︾ ᠭᠡᠵᠦ᠂ ᠠᠩᠭ᠍ᠯᠢ ᠶᠢᠨ 48 ᠪᠦᠯᠦᠭᠯᠡᠯ ᠺᠯᠦ᠋ᠪ ᠤᠨ ᠲᠡᠷᠢᠬᠦᠯᠡᠭᠴᠢ ᠰᠳᠢᠹᠧᠨ · ᠫᠸᠢᠢᠷ ︽ᠨᠢᠬᠡ ᠪᠦᠰᠡ ᠨᠢᠬᠡ ᠵᠠᠮ ᠤᠨ ᠰᠠᠨᠠᠭᠠᠴᠢᠯᠠᠭ᠎ᠠ ᠶᠠᠬ ᠰᠠᠶ᠋ᠢᠬᠠᠨ ᠲᠡᠯᠡᠬᠡᠢ ᠶᠢᠷᠳᠢᠨᠴᠦ ᠶᠢ ᠬᠤᠪᠢᠷᠠᠭᠤᠯᠵᠦ ᠪᠠᠶᠢᠨ᠎ᠠ᠂ ᠨᠢᠭᠡ ᠪᠦᠰᠡ ᠨᠢᠬᠡ ᠵᠠᠮ ᠲᠠᠭᠠᠤ ᠤᠯᠤᠰ ᠤᠷᠤᠨ ᠳᠤ ᠰᠢᠨ᠎ᠠ ᠭᠦᠭᠵᠢᠯᠳᠡ ᠶᠢᠨ ᠠᠵᠠ ᠵᠠᠪᠰᠢᠶᠠᠨ ᠤᠯᠭᠤᠵᠦ  ᠪᠠᠶᠢᠨ᠎ᠠ︾ ᠬᠡᠪᠡ᠃
  ᠲᠤᠮᠳᠠᠳᠤ ᠶᠢᠨ ᠡᠬᠡ ᠭᠠᠵᠠᠷ ᠤᠨ ᠬᠦᠭᠵᠢᠯ ᠪᠠᠳᠠᠷᠠᠯ᠂ ᠲᠤᠮᠳᠠᠳᠤ ᠤᠯᠤᠰ ᠶᠠᠭᠠᠬᠢᠭᠠᠳ ︽ᠲᠡᠶᠢᠯᠬᠦ︾᠂ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠶᠠᠭᠠᠬᠢᠭᠠᠳ ︽ᠰᠠᠶᠢᠨ︾ ᠭᠡᠳᠡᠭ ᠲᠤ ᠠᠮᠢᠳᠦᠯᠢᠭ᠋ ᠬᠠᠷᠢᠭᠤᠯᠳᠠ ᠦᠭᠪᠡ᠃ ᠤᠯᠠᠨ ᠤᠯᠤᠰ ᠤᠨ ᠬᠢᠨ ᠲᠤᠮᠳᠠᠳᠤ ᠤᠯᠤᠰ ᠤᠨ ᠵᠠᠮ ᠢ ᠮᠠᠬᠳᠠᠨ ᠰᠠᠶᠢᠰᠢᠶᠠᠨ᠎ᠠ᠃ ᠰᠤᠯᠤᠩᠭᠤᠰ ᠤᠨ ᠬᠦᠳᠡᠯᠮᠦᠷᠢᠴᠢᠨ ᠤ ᠨᠠᠮ ᠤᠨ ᠬᠤᠷᠢᠶᠠᠨ ᠲᠠᠷᠤᠭ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ ᠬᠤᠷᠢᠶᠠᠨ ᠲᠠᠷᠤᠭ᠎ᠠ ᠶᠢᠨ ᠵᠧᠩ ᠡᠧᠨ᠂ ᠨᠡᠶᠢᠬᠡᠮ ᠵᠢᠷᠦᠮ ᠪᠤᠯ ᠲᠤᠮᠳᠠᠳᠤ ᠤᠯᠤᠰ ᠤᠨ ᠠᠷᠠᠳ ᠲᠦᠮᠡᠨ ᠤ ᠬᠠᠮᠤᠭ ᠤᠨ ᠵᠦᠪ ᠤᠨᠤᠪᠴᠢᠳᠠᠢ ᠵᠠᠶᠢᠯᠠᠰᠢ ᠦᠬᠡᠢ ᠰᠤᠩᠭᠤᠯᠳᠠ ᠮᠦᠨ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠤᠳᠤᠷᠢᠳᠤᠯᠭ᠎ᠠ ᠪᠤᠯ ᠲᠤᠮᠳᠠᠳᠤ ᠤᠯᠤᠰ ᠤᠨ ᠠᠷᠠᠳ ᠲᠦᠮᠡᠨ ᠤ ᠢᠯᠠᠯᠳᠠ ᠤᠯᠬᠤ ᠶᠢᠨ ᠦᠨᠳᠦᠰᠦᠨ ᠪᠠᠳᠤᠯᠠᠭ᠎ᠠ ᠮᠦᠨ ᠬᠡᠵᠡᠢ︔ ᠠᠷᠮᠧᠨᠢᠶ᠎ᠠ ᠶᠢᠨ ᠲᠡᠳ᠋ ᠶᠡᠷᠦᠩᠬᠡᠢ ᠰᠠᠶᠢᠳ ᠠᠸᠢᠨᠢ ᠲᠤᠮᠳᠠᠳᠤ ᠤᠯᠤᠰ ︽ᠲᠤᠮᠳᠠᠳᠤ ᠤᠯᠤᠰ ᠤᠨ ᠤᠨᠴᠠᠯᠢᠭ ᠲᠠᠢ ᠠᠵᠤ ᠠᠬᠤᠢ ᠨᠡᠶᠢᠬᠡᠮ ᠤᠨ ᠬᠦᠭᠵᠢᠯᠳᠠ ᠶᠢᠨ ᠵᠠᠬᠪᠤᠷ︾ ᠢ ᠡᠬᠦᠳᠦᠨ ᠨᠡᠬᠡᠬᠡᠭᠰᠡᠨ ᠢ ᠮᠠᠬᠳᠠᠵᠤ᠂ ᠡᠺᠦ᠋ᠸᠠᠳᠤᠷ ᠤᠨ ᠲᠡᠳ᠋ ᠶᠡᠷᠦᠩᠬᠡᠶᠢᠯᠡᠭᠴᠢ ᠰᠦᠩᠨ᠋ᠧᠨᠬᠤᠷᠼᠨᠠ ᠦᠷᠬᠡᠨ ᠤᠯᠠᠨ ᠬᠦᠭᠵᠢᠵᠤ ᠪᠠᠶᠢᠭ᠎ᠠ ᠤᠯᠤᠰ ᠤᠳ ᠢ ᠲᠤᠮᠳᠠᠳᠤ ᠤᠯᠤᠰ ᠠᠴᠠ ᠨᠤᠮ ᠵᠠᠯᠠᠳᠤᠭᠠᠢ ᠬᠡᠮᠡᠨ ᠰᠠᠨᠠᠭᠤᠯᠤᠯ᠎ᠠ ᠁
  ᠬᠦᠮᠦᠨ ᠲᠦᠷᠦᠯᠬᠢᠳᠡᠨ ᠤ ᠬᠤᠪᠢ ᠵᠠᠶᠠᠭᠠᠨ ᠤ ᠬᠠᠮᠳᠤ ᠶᠢᠨ ᠴᠤᠬᠴᠡ ᠶᠢ ᠪᠠᠶᠢᠭᠤᠯᠬᠤ ᠶᠢ ᠢᠳᠡᠪᠬᠢᠳᠡᠢ ᠠᠬᠢᠭᠤᠯᠬᠤ ᠲᠤᠮᠳᠠᠳᠤ ᠤᠯᠤᠰ ᠤᠨ ᠲᠦᠰᠦᠯ ᠨᠢ ᠤᠯᠤᠰ ᠤᠳ ᠤᠨ ᠬᠤᠭᠤᠷᠤᠨᠳᠤ ᠪᠠᠨ ᠬᠡᠷᠬᠢᠨ ᠬᠠᠷᠢᠯᠴᠠᠬᠤ᠂ ᠬᠦᠮᠦᠨ ᠲᠦᠷᠦᠯᠬᠢᠳᠡᠨ ᠬᠡᠷᠬᠢᠨ ᠬᠦᠭᠵᠢᠬᠦ ᠵᠠᠮ ᠢ ᠵᠢᠭᠠᠵᠤ ᠦᠭᠴᠡᠢ᠃ ︽ᠬᠦᠮᠦᠨ ᠬᠦᠮᠦᠨ ᠲᠠᠢ ᠪᠠᠨ ᠡᠶᠡᠯᠰᠡᠭ ᠪᠠᠶᠢᠵᠤ᠂ ᠬᠠᠷᠢᠯᠴᠠᠨ ᠬᠠᠪᠰᠤᠷᠤᠯᠴᠠᠪᠠᠯ ᠰᠠᠶ᠋ᠢ ᠤᠷᠤᠰᠢᠨ ᠲᠤᠬᠳᠠᠨᠢᠵᠤ ᠴᠢᠳᠠᠨ᠎ᠠ᠃ ᠤᠯᠤᠰ ᠬᠡᠷ ᠴᠤ ᠠᠳᠠᠯᠢ᠂ ᠭᠠᠷ ᠬᠤᠯᠪᠤᠨ ᠬᠦᠭᠵᠢᠵᠤ᠂ ᠬᠦᠭᠵᠢᠯᠳᠠ ᠶᠢᠨ ᠦᠷ᠎ᠠ ᠪᠦᠳᠦᠬᠡᠯ ᠢᠶᠠᠨ ᠬᠠᠮᠳᠤ ᠪᠠᠷ ᠡᠳ᠋ᠯᠠᠪᠠᠯ ᠰᠠᠶ᠋ᠢ ᠲᠡᠯᠡᠬᠡᠢ ᠶᠢᠷᠳᠢᠨᠴᠤ ᠡᠩᠬᠡ ᠲᠠᠶᠢᠪᠤᠩ ᠪᠠᠶᠢᠵᠤ ᠴᠢᠳᠠᠨ᠎ᠠ︾ ᠭᠡᠵᠦ ᠶᠠᠫᠥᠨ ᠤ ᠤᠤᠯ ᠤᠨ ᠲᠡᠷᠢᠬᠦᠨ ᠰᠠᠶᠢᠳ ᠹᠦᠺᠦ᠋ᠳᠠ ᠶᠠᠰᠸᠣ᠋ ᠬᠦᠮᠦᠨ ᠲᠦᠷᠦᠯᠬᠢᠳᠡᠨ ᠤ ᠬᠤᠪᠢ ᠵᠠᠶᠠᠭᠠᠨ ᠤ ᠬᠠᠮᠳᠤ ᠶᠢᠨ ᠴᠤᠬᠴᠠ ᠶᠢᠨ ᠲᠤᠬᠠᠢ ᠤᠢᠢᠯᠠᠭᠠᠬᠳᠠᠬᠤᠨ ᠢᠶᠠᠨ ᠶᠠᠷᠢᠵᠤ ᠪᠠᠶᠢᠪᠠ᠃ ︽ᠤᠯᠠᠨ ᠤᠯᠤᠰ ᠤᠨ ᠬᠠᠮᠳᠤᠷᠠᠯᠴᠠᠭᠠᠨ ᠢ ᠦᠷᠨᠢᠬᠦᠯᠬᠦ ᠳᠤ ᠴᠣ᠋ ᠰᠢᠨ᠎ᠠ ᠲᠠᠪᠴᠠᠩ ᠢ ᠨᠡᠬᠡᠬᠡᠨ ᠦᠭᠴᠤ᠂ ᠬᠦᠮᠦᠨ ᠲᠦᠷᠦᠯᠬᠢᠳᠡᠨ ᠤ ᠬᠤᠪᠢ ᠵᠠᠶᠠᠭᠠᠨ ᠤ ᠬᠠᠮᠳᠤ ᠶᠢᠨ ᠴᠤᠬᠴᠠ ᠶᠢ ᠪᠦᠳᠦᠬᠡᠨ ᠪᠠᠶᠢᠭᠤᠯᠬᠤ ᠪᠤᠳᠠᠳᠠᠢ ᠠᠷᠭ᠎ᠠ ᠵᠠᠮ ᠢ ᠨᠡᠬᠡᠬᠡᠵᠤ ᠦᠭᠬᠦᠭᠰᠠᠨ ᠪᠠᠶᠢᠨ᠎ᠠ︾᠃ ᠡᠨᠡ ᠪᠤᠯ ᠱᠠᠩᠬᠠᠢ ᠶᠢᠨ ᠬᠠᠮᠳᠤᠷᠠᠯᠴᠠᠭᠠᠨ ᠤ ᠵᠤᠬᠢᠶᠠᠨ ᠪᠠᠶᠢᠭᠤᠯᠤᠯᠳᠠ ᠶᠢᠨ ᠨᠠᠷᠢᠨ ᠪᠢᠴᠢᠭ ᠤᠨ ᠲᠠᠷᠤᠭ᠎ᠠ ᠨᠦᠸᠧ ᠯᠦᠸᠧ ᠹᠦ᠋ ᠶᠢᠨ ︽ᠨᠢᠬᠡ ᠪᠦᠰᠡ ᠨᠢᠬᠡ ᠵᠠᠮ︾ ᠤᠨ ᠰᠠᠨᠠᠭᠠᠴᠢᠯᠠᠭ᠎ᠠ ᠶᠢᠨ ᠲᠤᠬᠠᠢ ᠮᠠᠬᠳᠠᠨ ᠰᠠᠶᠢᠰᠢᠶᠠᠯ  ᠪᠤᠯᠤᠨ᠎ᠠ᠃
  ᠠᠷᠠᠳ ᠲᠦᠮᠡᠨ ᠳᠤ ᠵᠤᠯ ᠵᠢᠷᠭᠠᠯ ᠢ ᠡᠳ᠋ᠯᠡᠬᠦᠯᠵᠦ᠂ ᠦᠨᠳᠦᠰᠦᠳᠡᠨ ᠤ ᠰᠡᠷᠬᠦᠨ ᠮᠠᠨᠳᠤᠯᠳᠠ ᠶᠢ ᠪᠡᠶᠡᠯᠡᠬᠦᠯᠦᠨ᠎ᠡ᠃ ᠡᠨᠡ ᠪᠤᠯ ᠲᠤᠷᠤᠨᠠᠳᠡᠬᠢᠨ ᠤ ᠶᠡᠭᠡ ᠤᠯᠤᠰ ᠤᠨ ᠬᠠᠷᠠᠭ᠎ᠠ ᠪᠠ ᠡᠬᠦᠷᠬᠡᠯᠡᠯ ᠮᠦᠨ᠂ ᠡᠨᠡ ᠪᠤᠯ ᠲᠡᠦᠬᠡ ᠶᠢ ᠡᠬᠦᠳᠬᠦ ᠴᠤᠭ ᠰᠦᠯᠳᠡ ᠪᠠ ᠬᠡᠬᠦᠳᠡᠭ ᠴᠡᠬᠡᠵᠢ ᠪᠤᠯᠤᠨ᠎ᠠ᠃ ᠵᠣᠬᠢᠶᠠᠭᠴᠢ᠄  ᠬᠠᠨ ᠯᠢᠶᠠᠩ ᠶᠧ ᠱᠣ᠋ᠬ  



  
     
     