 

ᠪᠠ᠊ · ᠠᠯᠳᠠᠨᠴᠡᠴᠡᠭ ᠤᠨ ᠨᠠᠶᠢᠷᠠᠭᠤᠯᠤᠯ ︽ᠲᠡᠭᠷᠢ ᠶᠢᠨ ᠰᠢᠪᠠᠭᠤ︾᠎ ᠶᠢ ᠤᠩᠰᠢᠭᠰᠠᠨ ᠰᠡᠳᠬᠢᠭᠳᠡᠯ

2018-05-15 15:45
  234
  0
    ᠲᠡᠬᠡᠷ᠎ᠠ ᠵᠠᠭᠤᠨ ᠤ ᠲᠠᠪᠢᠭᠠᠳ ᠤᠨ ᠳᠤ ᠬᠠᠯᠬ᠎ᠠ ᠶᠢᠨ ᠲᠦᠪᠡᠷᠬᠡᠨ ᠳᠤ ᠠᠪᠳᠠᠭᠰᠠᠨ ᠦᠨᠦᠴᠢᠨ ᠬᠡᠤᠬᠡᠨ ᠰᠡᠷᠡᠩ᠂ ᠨᠤᠷᠪᠤ ᠭᠤᠸᠠᠢ ᠲᠠᠢ ᠠᠳᠡᠬᠢ ᠨᠤᠳᠤᠭ ᠲᠤ ᠢᠷᠡᠵᠤ ᠠᠮᠢᠳᠤᠷᠠᠭᠠᠳ ᠦᠬᠡ ᠲᠠᠭᠤ ᠴᠦᠬᠡᠨ ᠲᠠᠢ᠂ ᠨᠠᠰᠤᠨ ᠳᠠᠭᠠᠨ ᠮᠠᠯ ᠤᠨᠤᠭᠠᠨ ᠳᠤ ᠪᠠᠨ ᠠᠮᠢᠨ ᠬᠠᠶᠢᠷᠠᠳᠠᠢ ᠡᠴᠡᠩᠬᠡᠷ ᠰᠢᠷ᠎ᠠ ᠰᠠᠮᠠᠭᠠᠨ ᠪᠤᠯᠵᠤ ᠬᠠᠮᠤᠭ ᠰᠡᠬᠦᠯ ᠳᠤ ᠰᠠᠭᠤᠭ᠎ᠠ ᠪᠠᠷ ᠢᠶᠠᠨ ᠦᠬᠡᠳᠡ ᠪᠤᠯᠤᠭᠰᠠᠨ ᠤᠬᠤᠷᠬᠠᠨ ᠨᠢᠬᠡ ᠨᠠᠰᠤᠨ ᠤ ᠦᠩᠬᠡᠷᠡᠯᠳᠡ ᠶᠢ ᠨᠢ ᠲᠤᠳᠤ ᠲᠤᠪᠤᠭᠤᠷ ᠵᠢᠷᠤᠭᠯᠠᠭᠰᠠᠨ ᠪᠠᠶᠢᠨ᠎ᠠ᠃ ᠲᠡᠬᠡᠬᠦ ᠳᠡᠭᠡᠨ ᠵᠤᠬᠢᠶᠠᠭᠴᠢ ᠠᠴᠠ ᠦᠪᠡᠷ ᠤᠨ ᠤᠶᠢᠷ᠎ᠠ ᠲᠤᠳᠤᠨᠤ ᠬᠦᠮᠦᠨ— ᠬᠦᠷᠢ ᠦᠬᠢᠨ ᠲᠡᠬᠦᠤ ᠪᠠᠷ ᠢᠶᠠᠨ ᠵᠤᠬᠢᠶᠠᠯ ᠤᠨ ᠴᠢᠬᠤᠯᠠ ᠰᠦᠪᠡᠭᠴᠢ ᠪᠤᠯᠭᠠᠵᠤ᠂ ᠪᠦᠬᠦᠶᠢᠯᠡ ᠵᠤᠬᠢᠶᠠᠯ ᠤᠨ ᠠᠮᠠ ᠰᠡᠭᠡᠷ ᠢ ᠨᠢ ᠨᠡᠶᠢᠯᠡᠬᠦᠯᠵᠦ ᠴᠢᠳᠠᠭᠰᠠᠨ ᠪᠠᠶᠢᠨ᠎ᠠ᠃ ᠡᠨᠡ ᠪᠤᠯ ᠲᠠᠷᠤᠢ ︽ᠦᠪᠤᠷ ᠮᠤᠩᠭᠤᠯ ᠤᠨ ᠡᠳᠦᠷ ᠤᠨ ᠰᠤᠨᠢᠨ ︾᠎ ᠤ 2016 ᠤᠨ ᠤ 7 ᠰᠠᠷ᠎ᠡ ᠶᠢᠨ 7᠎ ᠤ ᠡᠳᠦᠷ ᠤᠨ ︽ᠲᠠᠯ᠎ᠠ ᠶᠢᠨ ᠲᠤᠶᠠᠭ᠎ᠠ︾ ᠲᠤᠰᠬᠠᠢ ᠪᠤᠯᠤᠩ ᠳᠤ ᠨᠡᠶᠢᠳᠡᠯᠡᠭᠳᠡᠭᠰᠡᠨ ᠪᠠ᠊ · ᠠᠯᠳᠠᠨᠴᠡᠴᠡᠭ ᠤᠨ ᠨᠠᠶᠢᠷᠠᠭᠤᠯᠤᠯ ︽ᠲᠡᠭᠷᠢ ᠶᠢᠨ ᠰᠢᠪᠠᠭᠤ︾ ᠪᠤᠯᠤᠨ᠎ᠠ᠃ ᠲᠤᠰ ᠵᠤᠬᠢᠶᠠᠯ ᠪᠤᠯ ᠴᠢᠩᠭ᠎ᠠ ᠨᠢᠮᠪᠠᠢ ᠪᠦᠳᠦᠴᠡ ᠲᠠᠢ ᠤᠷᠠᠨ ᠨᠠᠷᠢᠨ ᠡᠰᠬᠡᠯᠳᠡ ᠲᠠᠢ᠂ ᠬᠡᠯᠡ ᠬᠡᠯᠡᠯᠬᠡ ᠪᠠᠭᠳᠠᠭᠠᠮᠵᠢ ᠰᠠᠶᠢᠳᠠᠢ ᠪᠦᠬᠡᠳ ᠪᠠᠶᠠᠯᠢᠭ ᠵᠢᠷᠤᠭᠯᠠᠯ ᠲᠠᠢ ᠃ ᠦᠬᠡ ᠦᠰᠦᠭ ᠢ ᠲᠤᠬᠢᠳᠠᠢ ᠭᠠᠵᠠᠷ ᠨᠢ ᠬᠠᠪᠤᠯᠢᠭ ᠬᠡᠷᠡᠭᠯᠡᠵᠦ᠂ ᠢᠯᠡᠬᠦᠤ ᠲᠤᠳᠠᠭᠤ ᠪᠢᠷ ᠪᠡᠬᠡᠰ ᠵᠠᠷᠤᠴᠠᠭᠤᠯᠤᠭ᠎ᠠ ᠦᠬᠡᠢ ᠰᠤᠳᠤᠨ ᠵᠤᠬᠢᠶᠠᠯ ᠬᠡᠵᠦ ᠪᠤᠳᠤᠭᠳᠠᠨ᠎ᠠ᠃ ︽ᠲᠡᠭᠷᠢ ᠶᠢᠨ ᠰᠢᠪᠠᠭᠤ︾᠎ ᠶᠢ ᠲᠤᠬᠢᠷᠠᠮᠵᠢᠳᠠᠢ ᠲᠠᠳᠠᠵᠤ ᠤᠷᠤᠭᠤᠯᠤᠭᠰᠠᠨ ᠨᠢ ᠲᠤᠩ ᠴᠤ ᠡᠪ ᠬᠠᠪᠤ ᠎ ᠲᠠᠢ ᠪᠦᠬᠡᠳ ᠵᠤᠬᠢᠶᠠᠯ ᠤᠨ ᠬᠦᠨᠴᠡ ᠶᠢ ᠲᠡᠬᠡᠭᠰᠢᠯᠡᠬᠦᠯᠦᠭᠰᠡᠨ ᠪᠠᠶᠢᠨ᠎ᠠ᠃ ᠰᠡᠷᠡᠩ ᠭᠤᠸᠠᠢ ᠮᠠᠯᠵᠢᠯ ᠠᠮᠢᠳᠤᠷᠠᠯ ᠳᠤ ᠬᠠᠶᠢᠷᠠᠳᠠᠢ ᠶᠠᠪᠤᠭᠰᠠᠨ ᠤᠴᠢᠷ ᠰᠦᠭ ᠰᠦᠨᠡᠰᠤ ᠨᠢ ︽ᠲᠡᠭᠷᠢ ᠶᠢᠨ ᠰᠢᠪᠠᠭᠤ︾ ᠪᠤᠶᠤ ︽ᠲᠡᠭᠷᠢ ᠶᠢᠨ ᠰᠢᠪᠠᠭᠤ︾ ᠬᠦᠯᠬᠡᠯᠡᠨ ︽ᠨᠤᠳᠤᠭ ᠪᠤᠴᠠᠭᠰᠠᠨ︾ ᠪᠢᠯᠡ᠃ ᠨᠢᠬᠡᠨ ᠬᠦᠰᠡᠬᠦᠶᠢᠴᠢ ᠦᠵᠡᠯ ᠢ ᠠᠭᠤᠰᠬᠠᠵᠤ ᠪᠢᠴᠢᠭᠰᠡᠨ ᠨᠠᠶᠢᠷᠠᠭᠤᠯᠤᠯ ᠢᠩᠬᠢᠵᠦ ᠲᠡᠬᠦᠰᠦᠭᠰᠡᠨ᠃
     ᠲᠤᠰ ᠵᠤᠬᠢᠶᠠᠯ ᠤᠨ ᠬᠡᠯᠡᠯᠬᠡ ᠶᠢ ᠦᠵᠡᠶ᠎ᠡ᠂ ᠨᠢᠬᠡ ᠳᠤ᠂ ᠦᠬᠡ ᠲᠠᠭᠤ ᠠᠷᠭ᠎ᠠ ᠦᠬᠡᠢ ᠴᠦᠬᠡᠨᠳᠡᠢ ᠰᠠᠮᠠᠭᠠᠨ ᠰᠠᠷᠡᠩ ᠤᠨ ᠲᠤᠬᠠᠢ ᠵᠢᠷᠤᠭᠯᠠᠭᠰᠠᠨ ᠨᠢ ︽ᠪᠦᠳᠦᠬᠦᠨ ᠤᠯᠠᠭᠠᠨ ᠰᠡᠷᠬᠡ ᠡᠬᠦᠳᠡ ᠮᠦᠷᠬᠦᠨ ᠤᠷᠤᠵᠤ ᠢᠷᠡᠬᠦ ᠪᠠᠷ ᠨᠢ ᠬᠠᠷᠢᠨ ︿ᠮᠢᠨᠦ ᠮᠠᠭᠤ ᠲᠤᠭᠤᠯᠮᠠᠢ ᠢᠷᠡᠴᠢᠬᠡᠭᠰᠡᠨ ᠶᠤᠮ ᠤᠤ︖﹀ ᠭᠡᠳ ᠢᠨᠢᠶᠠᠳᠤ ᠠᠯᠳᠠᠨ ᠪᠤᠰᠴᠤ ᠰᠢᠨᠠᠭ᠎ᠠ ᠪᠠᠷ ᠤᠰᠤᠯᠠᠪᠠ︾᠃ ᠡᠨᠡ ᠬᠡᠰᠡᠭ ᠲᠤᠭᠠᠴᠢᠯᠳᠠ ᠠᠴᠠ ᠮᠠᠯ ᠤᠨᠤᠭᠠᠨ ᠳᠠᠭᠠᠨ ᠬᠢᠷᠢ ᠵᠡᠷᠬᠡ ᠬᠠᠶᠢᠷᠠᠳᠠᠢ ᠪᠠᠶᠢᠬᠤ ᠬᠦᠳᠡᠯᠬᠡᠬᠡᠨ ᠪᠠᠷᠢᠳᠠᠯ ᠢᠯᠡᠷᠬᠡᠢ᠃ ᠵᠠᠯᠭᠠᠵᠤ ᠰᠢᠨᠵᠢᠯᠡᠶ᠎ᠡ᠂ ︽ᠤᠰᠤ ᠪᠠᠯᠭᠤᠭᠰᠠᠨ ᠶᠤᠮᠰᠢᠭ ᠲᠤᠤᠭᠠᠷᠳᠠᠭ ᠦᠬᠡᠢ ᠰᠢᠷ᠎ᠠ ᠰᠠᠮᠠᠭᠠᠨ ︿ᠮᠢᠨᠦ ᠢᠨᠵᠠᠭᠠᠨ ᠪᠤᠷᠤ᠂ ᠮᠢᠨᠦ ᠤᠤᠭᠠᠨ ᠴᠠᠭᠠᠨ᠂ ᠮᠢᠨᠦ ᠤᠯᠠᠭᠠᠨ ᠬᠠᠮᠠᠷ ᠁﹀ ᠭᠡᠳ ᠠᠮᠠ ᠬᠠᠭᠤᠷᠠᠢ ᠦᠬᠡᠢ ᠲᠦᠳᠦᠨᠡᠨ᠎ᠡ᠃ ᠶᠠᠭᠠᠬᠢᠭᠠᠳ ᠴᠤ ᠶᠤᠮ ᠮᠢᠨᠦ ᠰᠠᠮᠰᠠ ᠬᠦᠷᠪᠡᠬᠡᠨᠡᠨ ᠰᠠᠮᠠᠭᠠᠨ ᠢ ᠬᠠᠶᠢᠷᠠᠯᠠᠪᠠ᠃︾ ᠡᠨᠡ ᠬᠡᠰᠡᠭ ᠲᠤ ᠰᠢᠷ᠎ᠠ ᠰᠠᠮᠠᠭᠠᠨ ᠮᠠᠯ ᠤᠨᠤᠭᠠᠨ ᠳᠤ ᠬᠠᠶᠢᠷᠠᠳᠠᠢ ᠬᠠᠶᠢᠷᠠᠯᠠᠯᠳᠠᠢ ᠲᠦᠷᠢ ᠲᠠᠬᠢᠵᠤ ᠲᠤᠳᠤᠷᠠᠭᠰᠠᠨ᠎ᠠ ︽ᠪᠢ︾᠎ ᠶᠢᠨ ᠰᠠᠮᠠᠭᠠᠨ ᠢ ᠤᠶᠠᠰᠤᠨ ᠬᠠᠶᠢᠷᠠᠯᠠᠬᠤ ᠰᠠᠨᠠᠭ᠎ᠠ ᠲᠤᠳᠤᠷᠠᠨ ᠢᠯᠡᠷᠡᠯ᠎ᠡ᠃ ᠬᠤᠶᠠᠷ ᠲᠤ᠂ ᠰᠡᠷᠡᠩ ᠭᠤᠸᠠᠢ ᠮᠠᠯ ᠤᠨᠤᠭᠠᠨ ᠳᠠᠭᠠᠨ ᠬᠡᠪᠡᠯ ᠡᠷᠬᠦᠮᠡᠯ ᠬᠦᠤ ᠪᠠᠨ ᠴᠤ ᠢᠯᠡᠬᠦᠤ ᠶᠠᠭᠤᠮ᠎ᠠ ᠪᠤᠳᠤᠮ᠎ᠠ ᠵᠠᠩᠨᠠᠳᠠᠭ᠃ A. ︽ᠲᠤᠷᠤᠮ ᠲᠠᠢ ᠢᠩᠬᠡ ᠤᠯᠬᠤ ᠦᠬᠡᠢ ᠠᠶᠠᠭᠠᠨ ᠤ ᠠᠮᠠᠰᠠᠷ ᠵᠠᠭᠤᠯᠭᠠᠯ ᠦᠬᠡᠢ ᠬᠠᠷᠠᠩᠭᠤᠢ ᠰᠦᠨᠢ ᠪᠤᠴᠠᠠᠭᠠᠵᠤ ᠬᠦᠬᠡᠬᠡᠨ ᠬᠦᠳᠡᠭᠡ ᠬᠤᠨᠤᠭᠤᠯᠳᠠᠭ᠃︾᠂ B. ︽ᠢᠩᠬᠡ ᠪᠤᠳᠤᠭᠤ ᠨᠡᠶᠢᠯᠡᠬᠦᠯᠦᠯ᠎ᠡ ᠭᠡᠳ ᠲᠡᠮᠡᠬᠡᠨ ᠲᠡᠬᠡᠷ᠎ᠡ ᠠᠴᠠ ᠨᠠᠷᠢᠨ ᠰᠤᠷᠤᠨ ᠰᠢᠯᠪᠢᠬᠦᠷ ᠢᠶᠠᠷ ᠨᠢᠴᠤᠬᠦᠨ ᠰᠢᠯᠪᠢ ᠶᠢ ᠲᠠᠰ ᠁︾᠂ C. ︽ᠲᠡᠬᠦᠤ᠄ ︿ᠨᠢᠬᠡ ᠰᠢᠭᠤᠷᠭᠠᠨ ᠲᠠᠢ ᠡᠳᠦᠷ ᠲᠤᠷᠤᠮ ᠲᠠᠢ ᠢᠩᠬᠡ ᠤᠯᠳᠠᠬᠤ ᠦᠬᠡᠢ ᠬᠦᠳᠡᠭᠡ ᠬᠤᠨᠤᠭᠠᠳ ᠬᠡᠣᠬᠡᠳ ᠤᠨ ᠬᠤᠨᠤᠭ ᠤᠨ ᠰᠦ ᠲᠠᠰᠤᠷᠠᠬᠤ ᠬᠡᠵᠦ ᠪᠠᠶᠢᠬᠤ ᠳᠤ ᠢᠰᠢᠬᠡ ᠦᠯᠪᠡᠷᠴᠢᠬᠡᠨ᠎ᠡ ᠭᠡᠳ ᠦᠯᠡᠳᠡᠭᠰᠡᠨ ᠵᠢᠭᠠᠬᠠᠨ ᠰᠦ ᠪᠠᠷ ᠢᠰᠢᠬᠡ ᠤᠭᠵᠢᠴᠢᠬᠠᠭᠰᠠᠨ ᠪᠠᠶᠢᠭᠰᠠᠨ ᠶᠤᠮ᠁﹀ ᠬᠡᠵᠦ ᠶᠠᠷᠢᠬᠤ ᠳᠤ ᠎ ᠨᠢ ︿ᠶᠠᠭᠤ ᠴᠤ ᠪᠤᠯᠴᠢᠬᠠᠭᠰᠠᠨ ᠶᠤᠮ ᠪᠢᠯᠡ﹀ ᠬᠡᠵᠦ ᠲᠤᠳᠤᠷ᠎ᠠ ᠪᠠᠨ ᠦᠮᠦᠬᠡᠷᠡᠭᠰᠡᠡ ᠲᠡᠳᠤᠢ ᠦᠬᠡᠢ ᠡᠳᠡ ᠬᠤᠶᠡᠷ ᠨᠡᠶᠢᠯᠡᠵᠦ ᠡᠷᠬᠦᠮᠡᠯ ᠡᠵᠢ ᠪᠠᠨ ᠠᠳᠠᠯᠠᠳᠠᠭ ᠶᠤᠮ ᠪᠢᠰᠢ ᠪᠠᠶᠢᠭ᠎ᠠ ᠳ᠋ᠠ ᠬᠡᠮᠡᠨ ᠱᠠᠯᠢᠬᠤ ᠦᠬᠡᠢ ᠶᠠᠭᠤᠮ᠎ᠠ ᠪᠤᠳᠤᠨ ᠰᠠᠭᠤᠵᠦ ᠪᠠᠶᠢᠵᠤ ᠪᠢᠯᠡ᠃︾ ᠰᠡᠬᠦᠯ ᠳᠤ ᠠᠮᠢᠳᠤᠷᠠᠯ ᠤᠨ ᠪᠤᠯᠤᠮᠵᠢ ᠨᠦᠬᠦᠴᠡᠯ ᠢᠶᠠᠷ ︽ᠪᠢ︾ ᠪᠠ ᠰᠡᠷᠡᠩ ᠭᠤᠸᠠᠢ ᠲᠠᠢ ᠨᠢᠭᠤᠷᠳᠠᠨ ᠰᠠᠷ᠎ᠠ ᠬᠤᠷᠢ ᠬᠤᠨᠤᠭ ᠰᠠᠭᠤᠭᠠᠳ ᠦᠬᠡ ᠲᠠᠭᠤ ᠴᠦᠬᠡᠨ ᠲᠠᠢ ᠬᠠᠨᠢ ᠶᠢᠨ ᠪᠠᠷ᠎ᠠ ᠲᠠᠢ ᠰᠠᠶᠢᠨ ᠬᠦᠭᠰᠢᠨ ᠪᠤᠯᠬᠤ ᠨᠢ ᠲᠤᠤᠷᠠᠬᠠᠨ ᠢᠶᠠᠨ ᠲᠠᠨᠢᠭᠳᠠᠭᠰᠠᠨ ᠪᠠᠶᠢᠨ᠎ᠠ᠃ ᠦᠬᠡᠳᠡ ᠪᠤᠯᠤᠭᠰᠠᠨ ᠬᠦᠮᠦᠨ ᠤ ᠨᠠᠮᠳᠠᠷ ᠪᠢᠴᠢᠬᠦ ᠠᠵᠢᠯ ᠭᠠᠷᠳᠠᠭᠰᠠᠨ ︽ᠪᠢ︾᠎ ᠶᠢᠨ ᠠᠪᠤ ᠨᠢ ᠬᠡᠷ ᠲᠤᠨᠢ ᠤᠴᠢᠬᠤ ᠪᠠᠷ ︽ᠲᠠ ᠰᠡᠷᠡᠩ ᠭᠤᠸᠠᠢ ᠲᠠᠢ ᠠᠶᠢᠯ ᠠᠶᠢᠮᠠᠭ ᠰᠠᠭᠤᠵᠤ᠂ ᠡᠷᠬᠡᠯᠡᠵᠦ ᠦᠰᠦᠭᠰᠡᠨ ᠬᠦᠮᠦᠨ᠃ ᠡᠷᠬᠦᠮᠡᠯ ᠬᠦᠤ ᠪᠠᠨ ᠠᠳᠠᠯᠠᠬᠤ ᠪᠠᠷ ᠲᠠᠶᠢᠮᠦ ᠬᠠᠷᠬᠢᠰ ᠬᠦᠮᠦᠨ ᠪᠠᠶᠢᠭᠰᠠᠨ ᠤᠤ︖︾ ᠬᠡᠰᠡᠨ ᠳᠤ ︽ᠬᠡᠨ ᠭᠡᠯᠡᠵᠦ ᠪᠠᠶᠢᠨ᠎ᠠ᠃ ᠲᠡᠷᠡ ᠪᠢᠳᠡ ᠬᠡᠨ ᠳᠡᠭᠡᠨ ᠤᠴᠢᠵᠤ ᠬᠠᠷᠬᠢᠰᠯᠠᠬᠤ ᠶᠤᠮ ᠪᠢᠯᠡ᠃ ᠬᠠᠷ᠎ᠠ ᠨᠢᠯᠬ᠎ᠠ ᠠᠴᠠ ᠪᠠᠨ ᠠᠶᠢᠯ ᠤᠨ ᠡᠷᠬᠦᠮᠡᠯ ᠨᠡᠷᠡᠳᠡᠢ ᠴᠤ ᠨᠢᠳᠡᠷ ᠲᠡᠬᠡᠷ᠎ᠡ ᠪᠠᠨ ᠠᠶᠢᠯ ᠤᠨ ᠵᠠᠷᠤᠴᠠ ᠶᠠᠪᠤᠭᠰᠠᠨ ᠶᠤᠮᠳᠠᠭ᠃ ᠤᠯᠠᠨ ᠴᠤ ᠠᠶᠢᠯ ᠤᠨ ᠮᠠᠯ ᠬᠠᠷᠢᠭᠤᠯᠵᠤ ᠦᠨᠡᠰᠦ ᠬᠠᠶᠠᠭᠰᠠᠨ ᠳ᠋ᠠ᠂ ᠬᠦᠬᠡᠷᠦᠬᠦᠢ︕ ᠁ ᠦᠪᠡᠷ ᠤᠨ ᠦᠰᠦᠭᠰᠡᠨ ᠰᠢᠭ ᠢᠶᠠᠨ ᠡᠷᠬᠦᠭᠰᠡᠨ ᠬᠦᠤ ᠪᠠᠨ ᠬᠠᠶᠢᠷᠠᠯᠠᠵᠤ ᠡᠩᠬᠦᠷᠡᠶᠢᠯᠡᠬᠦ ᠶᠢ ᠮᠡᠳᠡᠬᠦ ᠦᠬᠡᠢ ᠬᠠᠯᠠ ᠲᠠᠢ ᠬᠠᠳᠠᠭᠤ ᠦᠰᠬᠡᠭᠰᠡᠨ ᠯᠡ ᠪᠠᠶᠢᠭ᠎ᠠ ᠪᠢᠵᠠ︕︾ ᠬᠡᠯ᠎ᠡ᠃ ᠬᠤᠨᠤᠭ ᠬᠤᠷᠢᠶᠠᠬᠤ ᠳᠤ ᠨᠢ ᠡᠵᠢ ᠶᠢᠨ ᠢᠶᠠᠨ ᠨᠠᠮᠳᠠᠷ ᠢ ᠰᠤᠨᠤᠰᠤᠭᠰᠠᠨ ᠲᠡᠬᠦᠤ ᠬᠦᠷᠬᠡᠨ ᠨᠢ ︽ᠪᠢ ᠮᠠᠭᠤ ᠡᠵᠢ ᠶᠢ ᠪᠠᠨ ᠤᠶᠢᠯᠭᠠᠬᠤ ᠦᠬᠡᠢ ᠶᠠᠪᠤᠵᠤ ᠳ᠋ᠠ︾ ᠬᠡᠵᠦ ᠰᠡᠬᠦᠷᠡᠰᠤ ᠠᠯᠳᠠᠭᠰᠠᠨ᠃
      ᠨᠢᠬᠡ ᠡᠳᠦᠷ ᠲᠡᠬᠦᠤ ᠬᠦᠷᠬᠡᠨ ᠨᠢ ᠬᠤᠶᠠᠭᠤᠯᠠ ᠪᠠᠨ ᠢᠷᠡᠪᠡ᠃ ᠬᠦᠷᠢ ᠦᠬᠢᠨ ᠲᠡᠬᠦᠤ ᠨᠢ᠄ ︽᠁ ᠡᠵᠢ ᠶᠢ ᠨᠠᠰᠤᠯᠠᠬᠤ ᠳᠤ ᠨᠣᠮ ᠪᠤᠶᠠᠨ ᠢ ᠨᠢ ᠦᠢᠯᠡᠳᠦᠭᠰᠡᠨ ᠯᠠᠮᠠᠬᠠᠢ ᠠᠯᠳᠠᠨ ᠰᠠᠪᠠ ᠶᠢ ᠨᠢ ᠨᠡᠭᠡᠭᠡᠭᠡᠳ ︿ᠡᠵᠢ ᠴᠢᠨᠢ ᠬᠠᠯᠬ᠎ᠠ ᠬᠦᠮᠦᠨ ᠶᠤᠮ ᠪᠠᠶᠢᠨ᠎ᠠ᠃ ᠲᠦᠷᠪᠡᠨ ᠰᠠᠷ᠎ᠠ ᠶᠢᠨ ᠲᠠᠷᠠᠭ᠎ᠠ ᠶᠠᠮᠠᠷ ᠨᠢᠬᠡᠨ ᠠᠮᠢᠳᠠᠨ ᠪᠤᠯᠵᠤ ᠨᠤᠳᠤᠭ ᠪᠤᠴᠠᠬᠤ ᠳᠠᠭᠠᠨ ᠲᠠᠨ ᠤ ᠬᠢ ᠪᠠᠷ ᠦᠩᠬᠡᠷᠡᠨ᠎ᠡ᠃ ᠢᠳᠡᠬᠦ ᠤᠤᠭᠤᠬᠤ ᠶᠡᠭᠤᠮ᠎ᠠ ᠡᠯᠪᠡᠭᠬᠡᠨ ᠦᠭᠬᠦᠬᠡᠷᠡᠢ︕﹀ ᠬᠡᠵᠦ ᠪᠢᠯᠡ᠃ ᠦᠨᠡᠬᠡᠷ ᠨᠢᠬᠡᠨ ᠡᠳᠦᠷ ᠁ ᠬᠠᠷᠢᠵᠦ ᠢᠷᠡᠬᠦ ᠳᠤ᠂ ᠤᠭᠳᠤ ᠦᠵᠡᠭᠡ ᠦᠬᠡᠢ ᠦᠨᠳᠦᠷ ᠲᠡᠬᠡᠶᠢᠭᠰᠡᠨ ᠬᠦᠯ ᠲᠠᠢ ᠲᠤᠷᠤᠭᠤ ᠰᠢᠭ᠋ ᠲᠤᠮᠤ ᠴᠠᠭᠠᠨ ᠰᠢᠪᠠᠭᠤ ᠬᠤᠳᠠ ᠬᠤᠷᠤᠭᠠᠨ ᠤ ᠬᠤᠭᠤᠷᠤᠨᠳᠤ ᠡᠷᠬᠢᠴᠡᠵᠦ ᠪᠠᠶᠢᠯ᠎ᠠ᠃ ᠁ ᠲᠡᠳᠦᠢ ᠯᠡ ᠠᠶᠤᠭᠰᠠᠨ ᠰᠢᠨᠵᠢ ᠦᠬᠡᠢ ᠲᠡᠨᠡᠬᠦᠬᠡᠨ ᠳᠡᠭᠡᠨ ᠡᠷᠬᠢᠴᠡᠨ᠎ᠡ᠃ ᠪᠢ ᠬᠡᠨᠡᠳᠳᠡ ᠯᠠᠮᠠᠬᠠᠢ ᠶᠢᠨ ᠬᠡᠯᠡᠭᠰᠡᠨ ᠢ ᠰᠠᠨᠠᠵᠤ ᠶᠠᠭᠤ ᠦᠭᠬᠦ ᠪᠠᠨ ᠮᠡᠳᠡᠬᠦ ᠦᠬᠡᠢ ᠪᠠᠯᠠᠭ ᠠᠯᠳᠠᠨ ᠰᠠᠨᠳᠤᠷᠴᠤ ᠪᠠᠷᠠᠭᠠᠨ ᠬᠡᠷ ᠠᠴᠠ ᠪᠤᠷᠳᠤᠭ᠎ᠠ ᠠᠳᠬᠤᠨ ᠰᠠᠴᠤᠬᠤ ᠳᠤ᠂ ᠰᠢᠪᠠᠭᠤ ᠦᠷᠬᠦᠭᠰᠡᠨ ᠮᠠᠶ᠋ᠢᠭᠳᠠᠢ ᠲᠡᠪᠳᠡᠷᠢᠨ ᠪᠤᠰᠴᠤ ᠬᠤᠳᠠᠨ ᠤ ᠴᠠᠭᠠᠨ᠎ᠠ ᠤᠴᠢᠨ ᠪᠠᠭᠤᠪᠠ᠃ ᠮᠠᠨ ᠤ ᠡᠨᠡ ᠬᠦᠮᠦᠨ ᠰᠡᠬᠦᠳᠡᠷᠯᠡᠬᠦ ᠬᠡᠳ ᠠᠭᠠᠨ᠎ᠠ ᠠᠴᠠ ᠨᠢ ᠬᠦᠶᠦᠨ ᠬᠦᠷᠬᠦ ᠳᠤ᠂ ᠦᠨᠦ ᠰᠢᠪᠠᠭᠤ ᠪᠤᠰᠴᠤ ᠠᠭᠠᠷ ᠢᠶᠠᠷ ᠨᠢᠬᠡ ᠡᠷᠬᠢᠯᠳᠦᠬᠡᠳ ᠬᠤᠶᠢᠳᠤ ᠵᠦᠭ ᠢ ᠪᠠᠷᠢᠨ ᠨᠢᠰᠤᠨ ᠤᠳᠤᠯ᠎ᠠ᠃ ︿ᠬᠦᠬᠡᠷᠦᠬᠦᠢ ᠡᠵᠢ ᠮᠢᠨᠢ ᠨᠤᠳᠤᠭ ᠪᠤᠴᠠᠴᠢᠬᠠᠯ᠎ᠠ ᠳ᠋ᠠ﹀ ᠬᠡᠵᠦ ᠰᠢᠪᠡᠨᠡᠨ ᠬᠤᠴᠣᠷᠤᠭᠰᠠᠨ ᠶᠤᠮ︾ ᠬᠡᠰᠡᠨ ᠳᠤ᠂ ᠲᠡᠬᠦᠤ ᠬᠦᠷᠬᠡᠨ ᠨᠢ᠄ ︽ᠠᠢ ᠳ᠋ᠠ᠂ ᠪᠢ ᠴᠤ ᠦᠰᠭᠡᠵᠦ ᠬᠦᠮᠦᠵᠢᠬᠦᠯᠦᠭᠰᠡᠨ ᠡᠵᠢ ᠎ ᠶᠢᠨ ᠢᠶᠠᠨ ᠠᠴᠢ ᠶᠢ ᠬᠠᠷᠢᠭᠤᠯᠵᠤ ᠴᠢᠳᠠᠭᠰᠠᠨ ᠦᠬᠡᠢ ᠳ᠋ᠠ᠃ ᠁︾ ᠬᠡᠵᠦ ᠬᠠᠷᠠᠮᠰᠠᠵᠤ ᠵᠤᠪᠠᠭ᠋ᠤ ᠬᠤᠤᠰᠯᠠᠵᠤ ᠨᠢᠳᠤᠨ ᠠᠴᠠ ᠨᠢ ᠬᠡᠳᠤᠨ ᠲᠤᠮᠤ ᠲᠤᠰᠤᠯ ᠪᠦᠮᠪᠦᠷᠢᠨ ᠤᠨᠠᠪᠠ᠃ ᠬᠠᠮᠤᠭ ᠰᠡᠬᠦᠯ ᠳᠤ ︽ᠪᠢ︾᠄ ᠬᠦᠮᠦᠨ ᠤ ᠨᠤᠳᠤᠭ ᠲᠤ ᠬᠠᠯᠠ ᠲᠠᠮᠤ ᠠᠮᠰᠠᠨ ᠮᠠᠯ ᠬᠠᠷᠢᠭᠤᠯᠬᠤ ᠠᠴᠠ ᠴᠠᠭᠠᠨᠠᠬᠢ ᠶᠢ ᠮᠡᠳᠡᠬᠦ ᠦᠬᠡᠢ ᠬᠡᠨᠡᠨ ᠴᠠᠶᠢᠯᠭᠠᠨ ᠬᠡᠤᠬᠡᠳ ᠢᠶᠠᠷ ᠢᠶᠠᠨ ᠦᠳᠡᠯᠦᠭᠰᠡᠨ ᠨᠢᠬᠡᠨ ᠪᠤᠭᠤᠷᠤᠯ ᠲᠡᠭᠷᠢ ᠶᠢᠨ ᠰᠢᠪᠠᠭᠤ ᠬᠦᠯᠬᠡᠯᠡᠨ ᠨᠤᠳᠤᠭ ᠪᠤᠴᠠᠵᠤ ᠳ᠋ᠠ ᠬᠦᠬᠡᠷᠦᠬᠦᠢ ᠬᠡᠵᠦ ᠬᠦᠰᠡᠬᠦᠶᠢᠴᠢ ᠰᠠᠨᠠᠭ᠎ᠠ ᠪᠠᠨ ᠲᠤᠰᠢᠶᠠᠪᠠ᠃ ( ᠰ᠊ · ᠠᠭᠤᠯᠠ)



  
     
     