

 

2015-04-07 22:49
  921
  0

                     
- ᠪᠢ ᠵᠢᠭᠦᠷ ᠦᠨ ᠰᠠᠢᠢᠳ ᠤᠨ ᠰᠤᠷᠭᠠᠨ ᠤᠬᠠᠭᠤᠯᠤᠭᠰᠠᠨ ᠢ ᠳᠣᠲᠤᠷ᠎ᠠ ᠪᠠᠨ ᠶᠡᠬᠡᠲᠡ ᠡᠷᠭᠢᠴᠡᠭᠦᠯᠦᠨ ᠪᠣᠳᠤᠵᠤ ᠦᠨᠡᠨ ᠲᠡᠢᠢᠮᠦ ᠬᠤᠪᠢᠲᠠᠢ ᠪᠣᠯ ᠮᠢᠨᠦ ᠬᠥᠮᠦᠨ ᠪᠣᠯᠤᠭᠰᠠᠨ ᠬᠡᠷᠡᠭ ᠪᠦᠲᠦᠯ᠎ᠠ ᠭᠡᠵᠦ ᠪᠣᠳᠤᠮᠠᠷ ᠪᠣᠯᠤᠭᠠᠳ ᠣᠳᠣ ᠤᠯᠤᠰ ᠤᠨ ᠨᠠᠭᠠᠴᠤ ᠶᠡᠬᠡ ᠸᠠᠩ ᠤᠨ ᠰᠤᠷᠭᠠᠯ ᠵᠠᠷᠯᠢᠭ ᠰᠣᠨᠤᠰᠤᠭᠠᠳ ᠪᠦᠷ  ᠴᠤ ᠢᠲᠡᠭᠡᠵᠦ ᠰᠡᠳᠭᠢᠯ ᠰᠢᠯᠤᠭᠤᠳᠠᠨ ᠪᠤᠶᠠᠨ ᠤ ᠵᠦᠭ ᠪᠤᠴᠠᠯᠲᠠ ᠦᠭᠡᠢ ᠬᠠᠨᠳᠤᠯ᠎ᠠ᠃ ᠱᠠᠵᠢᠨ ᠠᠮᠢᠲᠠᠨ ᠤ ᠲᠤᠰᠠ ᠶᠢ ᠪᠣᠳᠤᠵᠤ ᠶᠡᠬᠡᠰ ᠦᠨ ᠵᠠᠷᠯᠢᠭ᠂ ᠲᠩᠷᠢ ᠶᠢᠨ ᠪᠣᠱᠤᠭ᠎ᠠ ᠶᠢ ᠬᠢᠴᠢᠶᠡᠩᠭᠦᠢᠢᠯᠡᠨ ᠳᠠᠭᠠᠵᠤ ᠭᠦᠢᠴᠡᠳᠭᠡᠰᠦᠭᠡᠢ ᠭᠡᠳ ᠮᠥᠷᠭᠦᠪᠡ᠃ Йе ᠸᠠᠩ ᠤᠨ ᠴᠢᠷᠠᠢ ᠳᠤ ᠰᠡᠳᠭᠢᠯ ᠬᠠᠨᠤᠭᠰᠠᠨ ᠪᠠᠢᠢᠳᠠᠯ ᠲᠣᠳᠤᠷᠠᠵᠤ ᠮᠦᠰᠢᠶᠡᠭᠡᠳ ᠰᠤᠢᠢᠪᠤᠨ ᠢ ᠵᠣᠷᠢᠭᠵᠢᠭᠤᠯᠤᠨ᠂ - ᠪᠤᠶᠠᠨ ᠤ ᠵᠦᠭ ᠲᠦ ᠠᠶᠤᠨ ᠡᠮᠢᠶᠡᠬᠦ ᠵᠦᠢᠯ ᠦᠭᠡᠢ᠃ ᠴᠢᠨᠤ ᠬᠢᠴᠢᠶᠡᠬᠦ ᠲᠩᠷᠢ ᠶᠢᠨ ᠨᠢᠭᠤᠴᠠ ᠶᠢ ᠬᠡᠨ ᠳᠦ  ᠴᠤ ᠵᠠᠳᠠᠷᠠᠭᠤᠯᠵᠤ ᠪᠣᠯᠬᠤ ᠦᠭᠡᠢ᠃ ᠠᠶᠤᠬᠤ ᠶᠠᠭᠤᠮ᠎ᠠ ᠦᠭᠡᠢ᠃ ᠲᠠᠨ ᠤ ᠠᠷᠤ ᠮᠣᠩᠭᠤᠯ ᠤᠨ ᠣᠯᠠᠨ ᠱᠠᠪᠢ ᠨᠠᠷ ᠤᠨ ᠬᠦᠰᠡᠯ  ᠴᠤ ᠪᠦᠷᠢᠯᠳᠦᠨ ᠪᠦᠲᠦᠨ᠎ᠡ᠃ ᠴᠢᠨᠤ ᠵᠠᠶᠠᠭ᠎ᠠ ᠪᠤᠶᠠᠨ  ᠴᠤ ᠳᠡᠯᠭᠡᠷᠡᠨ᠎ᠡ︕ ᠭᠡᠳ ᠲᠣᠯᠤᠭᠠᠢ ᠳᠣᠬᠢᠨ ᠪᠠᠷᠠᠭᠠᠯᠬᠠᠯ ᠳᠠᠭᠤᠰᠤᠭᠰᠠᠨ ᠢ ᠮᠡᠳᠡᠭᠳᠡᠪᠡᠰᠦ ᠡᠮᠡᠭᠡᠨ ᠰᠣᠢᠢᠪᠤᠨ ᠶᠠᠭᠠᠷᠠᠨ ᠪᠣᠰᠴᠤ Йе ᠸᠠᠩ ᠤᠨ ᠵᠦᠭ ᠰᠥᠭᠦᠳᠴᠦ ᠮᠥᠷᠭᠦᠭᠡᠳ ᠭᠠᠷᠬᠤ ᠶᠢ ᠵᠠᠪᠳᠤᠨ ᠬᠠᠭᠠᠯᠭᠠᠨ ᠵᠦᠭ ᠤᠬᠤᠷᠢᠪᠠᠰᠤ ᠸᠠᠩ᠂ ᠥᠨᠥᠬᠢ ᠬᠣᠩᠬᠤ ᠪᠠᠨ ᠳᠡᠯᠳᠡᠮᠡᠭᠴᠡ ᠭᠡᠷ ᠤᠨ ᠳᠠᠷᠤᠭ᠎ᠠ ᠣᠷᠤᠵᠤ ᠢᠷᠡᠨ ᠡᠮᠡᠭᠡᠨ ᠰᠣᠢᠢᠪᠤᠨ ᠢ ᠳᠠᠭᠠᠭᠤᠯᠤᠨ ᠤᠬᠤᠷᠢᠭᠰᠠᠭᠠᠷ ᠬᠣᠶᠠᠭᠤᠯᠨ ᠪᠢᠴᠢᠭ᠌ ᠦᠨ ᠪᠠᠯᠭᠠᠳ ᠠᠴᠠ ᠭᠠᠷᠪᠠ᠃ ᠭᠡᠷ ᠦᠨ ᠳᠠᠷᠤᠭ᠎ᠠ ᠳᠠᠬᠢᠨ ᠣᠷᠤᠵᠤ ᠢᠷᠡᠭᠡᠳ᠂ ᠰᠣᠢᠢᠪᠤᠨ ᠤᠨ ᠡᠮᠦᠨ᠎ᠡ ᠲᠠᠯᠪᠢᠭᠰᠠᠨ ᠰᠢᠷᠡᠭᠡ ᠪᠠᠭᠪᠤᠷ ᠢ ᠠᠪᠴᠤ ᠣᠳᠤᠭᠰᠠᠨ ᠬᠣᠢᠨ᠎ᠠ Йе ᠸᠠᠩ ᠨᠢᠭᠡᠨ ᠵᠤᠷᠪᠤᠰ ᠪᠢᠴᠢᠭ᠌ ᠪᠢᠴᠢᠵᠦ ᠳᠤᠭᠲᠤᠢᠢᠯᠠᠭᠠᠳ ᠬᠣᠩᠬᠤ ᠪᠠᠨ ᠴᠣᠬᠢᠨ ᠵᠠᠷᠤᠳᠠᠰᠤ ᠢᠷᠡᠭᠦᠯᠵᠦ᠂ ᠵᠢᠭᠦᠷ ᠦᠨ ᠰᠠᠢᠢᠳ ᠤᠨ ᠭᠠᠷ ᠲᠤ ᠶᠠᠭᠠᠷᠠᠪᠴᠢᠯᠠᠨ ᠪᠡᠶ᠎ᠡ ᠪᠡᠷ ᠬᠦᠷᠭᠡᠵᠦ ᠥᠭ᠃ ᠪᠤᠰᠤᠳ ᠬᠥᠮᠦᠨ ᠢᠶᠡᠷ ᠳᠠᠮᠵᠢᠭᠤᠯᠵᠤ ᠪᠣᠯᠬᠤ ᠦᠭᠡᠢ ᠭᠡᠵᠦ ᠵᠠᠬᠢᠭᠠᠳ ᠵᠠᠷᠤᠳᠠᠰᠤ ᠶᠢ ᠭᠠᠷᠤᠭᠰᠠᠨ ᠬᠣᠢᠢᠨ᠎ᠠ ᠪᠢᠴᠢᠭ᠌ ᠦᠨ ᠪᠠᠯᠭᠠᠳ ᠲᠤ ᠥᠭᠡᠷ᠎ᠡ ᠬᠥᠮᠦᠨ ᠦᠭᠡᠢ ᠲᠤᠯᠠ᠂ ᠰᠡᠳᠭᠢᠯ ᠢ ᠰᠤᠯᠠ ᠲᠠᠯᠪᠢᠨ᠂ ᠴᠢᠷᠠᠢ ᠳᠤ  ᠨᠢ ᠬᠡᠳᠦᠢᠢᠨ ᠪᠣᠳᠤᠭᠰᠠᠨ ᠨᠢᠭᠡᠨ ᠵᠦᠢᠯ ᠴᠢᠬᠤᠯᠠ ᠬᠡᠷᠡᠭ ᠶᠣᠰᠤᠭᠠᠷ ᠪᠣᠯᠵᠤ ᠪᠣᠢ ᠳᠦ ᠳᠣᠲᠤᠷ᠎ᠠ ᠠᠭᠤᠵᠢᠷᠠᠭᠰᠠᠨ ᠪᠠᠢᠢᠳᠠᠯ ᠲᠣᠳᠤᠷᠠᠵᠤ ᠢᠨᠢᠶᠡᠮᠰᠦᠭᠯᠡᠪᠡ᠃ ᠡᠮᠡᠭᠡᠨ ᠰᠣᠢᠢᠪᠤᠨ ᠰᠢᠷ᠎ᠠ ᠰᠦᠮ᠎ᠡ ᠶᠢᠨ ᠭᠠᠵᠠᠷ᠂ ᠥᠨᠳᠦᠷ ᠭᠡᠭᠡᠨ ᠦ ᠪᠠᠭᠤᠭᠰᠠᠨ ᠪᠠᠭᠤᠳᠠᠯ ᠳᠤ ᠡᠭᠡᠪᠡᠰᠦ ᠡᠪᠦᠭᠡᠨ ᠬᠤᠲᠤᠭᠲᠤ ᠡᠵᠡᠭᠦᠢ᠃ ᠪᠠᠷᠠᠭ᠎ᠠ ᠪᠣᠯᠤᠭᠰᠠᠳ ᠢᠶᠠᠨ ᠴᠥᠮ ᠢ ᠳᠠᠭᠠᠭᠤᠯᠤᠨ ᠯᠢᠭ᠌ᠳᠡᠨ ᠬᠤᠲᠤᠭᠲᠤ ᠶᠢᠨ ᠰᠢᠲᠦᠳᠡᠭ ᠪᠠᠢᠢᠭᠰᠠᠨ ᠪᠡᠭᠡᠵᠢᠩ ᠤᠨ ᠮᠠᠬᠠᠭᠠᠯᠨ ᠶᠢᠨ ᠰᠦᠮ᠎ᠡ ᠳᠦ ᠣᠴᠢᠵᠠᠢ᠃ ᠣᠷᠤᠢ  ᠯᠠ ᠮᠣᠷᠢᠯᠠᠵᠤ ᠢᠷᠡᠬᠦ ᠪᠠᠢᠢᠬᠤ ᠭᠡᠵᠦ ᠴᠠᠬᠠᠷ ᠪᠠᠨᠳᠢ ᠠᠴᠠ ᠰᠣᠨᠤᠰᠤᠭᠠᠳ ᠥᠨᠳᠦᠷ ᠭᠡᠭᠡᠨ ᠦ ᠡᠭᠦᠳᠡᠨ ᠦ ᠥᠷᠦᠭᠡᠨ ᠳᠦ ᠮᠣᠩᠭᠤᠯ ᠣᠷᠤᠨ ᠳᠡᠭᠡᠷ᠎ᠡ ᠪᠡᠨ ᠰᠠᠭᠤᠲᠠᠯ᠎ᠠ ᠲᠡᠷᠡ ᠪᠠᠨᠳᠢ ᠳᠣᠮᠪᠤᠲᠠᠢ ᠴᠠᠢ ᠢᠳᠡᠭᠡ ᠪᠠᠷᠢᠨ ᠢᠷᠡᠭᠡᠳ ᠰᠤᠢᠢᠪᠤᠨ ᠤᠨ ᠵᠦᠭ ᠬᠠᠷᠠᠨ ᠨᠠᠮ ᠳᠠᠭᠤ ᠪᠠᠷ - ᠪᠠᠭᠰᠢ ᠶᠢᠨ ᠪᠡᠶ᠎ᠡ ᠲᠠᠪᠠ ᠦᠭᠡᠢ  ᠤᠤ︖ ᠴᠢᠷᠠᠢ ᠳᠤ ᠪᠠᠬᠠᠨ ᠠᠯᠵᠢᠶᠠᠭᠰᠠᠨ ᠰᠢᠨᠵᠢ ᠪᠠᠢᠢᠨ᠎ᠠ᠃ ᠡᠮᠴᠢ ᠵᠠᠯᠠᠵᠤ ᠢᠷᠡᠬᠦ  ᠦᠦ︖ ᠬᠡᠮᠡᠪᠡᠰᠦ ᠦᠭᠡᠢ᠂ ᠵᠦᠭᠡᠷ ᠵᠦᠭᠡᠷ᠃ ᠡᠨᠳᠡᠬᠢ ᠶᠢᠨ ᠴᠠᠭ ᠠᠭᠤᠷ ᠪᠠᠬᠠᠨ ᠵᠣᠬᠢᠬᠤ ᠦᠭᠡᠢ᠂ ᠪᠠᠬᠠᠨ ᠶᠠᠳᠠᠷᠠᠭᠰᠠᠨ ᠪᠣᠯᠬᠤ ᠠᠴᠠ ᠪᠡᠶ᠎ᠡ ᠭᠡᠮ ᠦᠭᠡᠢ ᠭᠡᠳ᠂ ᠲᠡᠷᠡ ᠪᠠᠨᠳᠢ ᠶᠢ ᠡᠭᠦᠳᠡᠨ ᠲᠤᠰᠢᠶ᠎ᠠ ᠵᠣᠭᠰᠤᠵᠤ ᠪᠠᠢᠢᠬᠤ ᠲᠤᠯᠠ ᠠᠶᠠᠭ᠎ᠠ ᠲᠠᠢ ᠴᠠᠢ ᠪᠠᠨ ᠪᠠᠷᠢᠨ᠂ ᠤᠩᠰᠢᠯᠭ᠎ᠠ ᠤᠩᠰᠢᠬᠤ ᠳᠦᠷᠢᠮ ᠦᠵᠡᠭᠦᠯᠦᠨ ᠨᠢᠳᠦ ᠠᠨᠢᠪᠠᠰᠤ᠂ ᠲᠡᠷᠡ ᠪᠠᠨᠳᠢ ᠴᠢᠮᠡᠭᠡ ᠦᠭᠡᠢ ᠭᠠᠷᠴᠤ ᠣᠳᠤᠭᠰᠠᠨ ᠬᠣᠢᠢᠨ᠎ᠠ ᠠᠶᠠᠭ᠎ᠠ ᠪᠠᠨ ᠲᠠᠯᠪᠢᠭᠠᠳ ᠥᠷᠯᠦᠭᠡᠭᠦᠷ ᠵᠢᠭᠦᠷ ᠦᠨ ᠰᠠᠢᠢᠳ ᠠᠴᠠ ᠰᠦᠷᠡᠬᠡᠢ ᠦᠭᠡ ᠵᠠᠬᠢᠶ᠎ᠠ ᠰᠣᠨᠤᠰᠴᠤ᠂ ᠣᠯᠠᠨ ᠶᠠᠭᠤᠮ᠎ᠠ ᠠᠰᠠᠭᠤᠯᠭᠠᠭᠠᠳ ᠳᠠᠷᠠᠭ᠎ᠠ  ᠨᠢ ᠤᠯᠤᠰ ᠤᠨ ᠨᠠᠭᠠᠴᠤ ᠰᠦᠷ ᠶᠡᠬᠡᠲᠦ Йе ᠸᠠᠩ ᠳᠤ ᠪᠠᠷᠠᠭᠠᠯᠠᠭᠰᠠᠨ ᠢᠶᠠᠨ ᠰᠠᠨᠠᠨ ᠰᠡᠳᠭᠢᠯ ᠦᠢᠮᠡᠴᠡᠵᠦ ᠴᠠᠢ ᠤᠤᠭᠤᠬᠤ  ᠴᠤ ᠳᠤᠷ᠎ᠠ ᠦᠭᠡᠢ᠂ ᠶᠠᠭᠠᠬᠢᠵᠤ ᠨᠢᠭᠡᠨᠲᠡ ᠬᠦᠯᠢᠶᠡᠭᠰᠡᠨ ᠡᠭᠦᠷᠭᠡ ᠶᠢ ᠭᠦᠢᠴᠡᠭᠡᠳᠡᠭ ᠪᠢᠯᠡ︖ ᠭᠡᠵᠦ ᠨᠣᠮ ᠤᠨ ᠰᠠᠬᠢᠭᠤᠰᠤ ᠳᠤ ᠵᠠᠯᠪᠠᠷᠢᠨ ᠳᠣᠲᠤᠷ᠎ᠠ ᠬᠠᠴᠢᠨ ᠠᠶ᠎ᠠ ᠦᠭᠡᠢ ᠪᠣᠯᠵᠤ ᠲᠣᠯᠤᠭᠠᠢ ᠡᠷᠭᠢᠵᠦ ᠪᠠᠢᠢᠭ᠎ᠠ  ᠴᠤ ᠶᠤᠮ ᠰᠢᠭ᠂ ᠴᠣᠬᠤᠮ ᠬᠠᠮᠢᠭ᠎ᠠ ᠪᠠᠢᠢᠭ᠎ᠠ ᠪᠠᠨ  ᠴᠤ ᠮᠡᠳᠡᠬᠦ ᠦᠭᠡᠢ ᠳᠡᠮᠡᠢ  ᠯᠠ ᠥᠪᠡᠷ ᠦᠨ ᠰᠠᠭᠤᠵᠤ ᠪᠠᠢᠢᠭ᠎ᠠ ᠥᠷᠦᠭᠡᠨ ᠦ ᠪᠠᠢᠢᠳᠠᠯ ᠢ ᠰᠠᠶᠢ ᠦᠵᠡᠭᠰᠡᠨ ᠮᠡᠲᠦ ᠭᠠᠢᠢᠬᠠᠨ ᠬᠠᠷᠠᠵᠤ ᠠᠷᠤ ᠭᠠᠵᠠᠷ ᠤᠨ ᠬᠦᠷᠢᠶᠡᠨ᠎ᠡ ᠪᠣᠷᠤ ᠥᠷᠭᠦᠭᠡᠨ ᠦ ᠵᠡᠭᠦᠨ ᠬᠣᠢᠢᠲᠤ ᠲᠠᠯ᠎ᠠ ᠶᠢᠨ ᠰᠠᠩ ᠤᠨ ᠥᠷᠭᠦᠭᠡᠨ ᠳᠦ ᠰᠠᠭᠤᠵᠤ ᠪᠠᠢᠢᠭ᠎ᠠ ᠬᠡᠷᠡᠭ ᠪᠢᠰᠢ ᠪᠡᠭᠡᠵᠢᠩ ᠳᠦ ᠰᠢᠷ᠎ᠠ ᠰᠦᠮ᠎ᠡ ᠶᠢᠨбуурчийн ᠭᠠᠵᠠᠷ ᠪᠠᠢᠢᠭ᠎ᠠ ᠪᠠᠨ ᠤᠬᠠᠭᠠᠷᠠᠨ ᠲᠡᠩᠬᠡᠭᠡ ᠲᠠᠮᠢᠷ ᠠᠯᠳᠠᠷᠠᠵᠤ ᠨᠣᠢᠢᠷ  ᠴᠤ
ᠬᠦᠷᠴᠦ ᠪᠠᠢᠭ᠎ᠠ ᠶᠤᠮ ᠰᠢᠭ ᠵᠢᠭ᠌ᠳᠠᠢ ᠡᠪ ᠦᠭᠡᠢ ᠪᠣᠯᠤᠭᠠᠳ ᠡᠪᠦᠭᠡᠨ ᠬᠤᠲᠤᠭᠲᠤ ᠪᠤᠴᠠᠵᠤ ᠢᠷᠡᠲᠡᠯ᠎ᠡ ᠬᠠᠮᠢᠭ᠎ᠠ  ᠴᠤ ᠪᠠᠢᠢᠭ᠎ᠠ ᠶᠣᠮ ᠪᠤᠢ ᠵᠠᠢᠢᠲᠠᠢ ᠪᠠᠢᠢᠨ᠎ᠠ᠃ ᠰᠥᠨᠢ ᠪᠣᠯᠲᠠᠯ᠎ᠠ ᠪᠠᠰᠠ ᠡᠳᠦᠢ᠃ ᠲᠡᠷᠡ ᠬᠦᠷᠲᠡᠯ᠎ᠡ ᠶᠠᠭᠠᠬᠢᠵᠤ ᠲᠡᠰᠴᠦ ᠪᠠᠢᠢᠳᠠᠭ ᠪᠢᠯᠡ᠃ ᠴᠠᠭ  ᠨᠢ ᠪᠣᠯᠤᠭᠠᠳ ᠢᠷᠡᠬᠦ ᠳᠦ ᠠᠮᠠᠯᠠᠭᠰᠠᠨ ᠶᠠᠭᠤᠮ᠎ᠠ ᠪᠠᠨ ᠶᠠᠭᠠᠬᠢᠵᠤ ᠶᠣᠰᠤᠭᠠᠷ ᠪᠣᠯᠭᠠᠳᠠᠭ ᠪᠢᠯᠡ︖ ᠭᠡᠵᠦ ᠤᠬᠠᠭᠠᠨ ᠡᠯᠡᠢ ᠪᠠᠯᠠᠢ ᠮᠡᠲᠦ ᠪᠣᠯᠵᠤ ᠬᠦᠯᠢᠶᠡᠬᠦ ᠨᠢᠭᠡ ᠬᠡᠴᠡᠭᠦᠦ᠂ ᠪᠠᠢᠢᠬᠤ ᠨᠢᠭᠡᠨ ᠬᠡᠴᠡᠭᠦᠦ᠃ ᠬᠥᠮᠦᠨ ᠣᠷᠤᠵᠤ ᠢᠷᠡᠬᠦ ᠳᠦ ᠰᠡᠳᠭᠢᠯ ᠦᠢᠮᠡᠴᠡᠭᠰᠡᠨ ᠢᠶᠡᠨ ᠶᠠᠭᠠᠬᠢᠵᠤ ᠳᠠᠷᠤᠵᠤ ᠳᠠᠯᠳᠠᠯᠠᠳᠠᠭ ᠪᠢᠯᠡ︖ ᠭᠡᠵᠦ ᠡᠷᠬᠡ ᠪᠡᠨ ᠪᠠᠷᠢᠨ ᠤᠩᠰᠢᠯᠭ᠎ᠠ ᠪᠠᠨ ᠤᠩᠰᠢᠵᠤ ᠭᠠᠷᠤᠯ᠎ᠠ᠃ ᠴᠢᠩᠭᠢᠭᠡᠳ᠂ ᠬᠠᠷ᠎ᠠ ᠪᠠᠭ᠎ᠠ ᠠᠴᠠ ᠴᠡᠭᠡᠵᠢᠯᠡᠭᠰᠡᠨ ᠤᠩᠰᠢᠯᠭ᠎ᠠ ᠶᠢ ᠠᠮᠠᠨ ᠳᠣᠲᠤᠷ᠎ᠠ ᠪᠠᠨ ᠰᠢᠪᠡᠨᠡᠨ ᠤᠩᠰᠢᠭᠰᠠᠭᠠᠷ ᠲᠡᠭᠦᠨ ᠳᠦ ᠪᠡᠨ ᠰᠡᠳᠭᠢᠯᠭᠡ ᠰᠠᠭᠠᠲᠠᠭᠤᠯᠵᠤ ᠨᠢᠭᠡᠨ ᠬᠡᠰᠡᠭ ᠶᠠᠭᠤ  ᠴᠤ ᠮᠡᠳᠡᠬᠦ ᠦᠭᠡᠢ ᠪᠣᠯᠵᠤ ᠬᠡᠴᠢᠨᠡᠨ ᠪᠣᠯᠤᠭᠰᠠᠨ ᠢᠶᠠᠨ ᠮᠡᠳᠡᠭᠰᠡᠨ ᠦᠭᠡᠢ᠃ ᠭᠠᠳᠠᠨ᠎ᠠ ᠠᠴᠠ ᠬᠥᠮᠦᠨ ᠠᠯᠬᠤᠨ ᠠᠢᠢᠰᠤᠢ ᠶᠢᠨ ᠴᠢᠮᠡᠭᠡ ᠴᠢᠬᠢᠨ ᠳᠦ  ᠨᠢ ᠲᠤᠰᠴᠤ ᠶᠠᠭᠠᠷᠠᠨ ᠨᠢᠳᠦ ᠪᠡᠨ ᠨᠡᠭᠡᠭᠡᠨ ᠬᠠᠷᠠᠪᠠᠰᠤ ᠥᠷᠦᠭᠡᠨ ᠳᠦ ᠪᠦᠷᠦᠢ ᠪᠠᠷᠤᠢ᠃ ᠡᠪᠦᠭᠡᠨ ᠬᠤᠲᠤᠭᠲᠤ ᠬᠠᠭᠠᠯᠭ᠎ᠠ ᠨᠡᠭᠡᠭᠡᠨ ᠣᠷᠤᠵᠤ ᠰᠣᠢᠢᠪᠤᠨ ᠤᠨ ᠵᠦᠭ᠂ - ᠵᠤᠯᠠ ᠳᠸᠩ ᠪᠠᠷᠢᠬᠤ ᠦᠭᠡᠢ ᠶᠠᠭᠠᠬᠢᠭᠰᠠᠨ ᠶᠤᠮ ᠪᠤᠢ︖ ᠶᠠᠭᠤᠨ ᠳᠤ ᠬᠠᠷᠠᠩᠭᠤᠢ ᠪᠠᠷ ᠰᠠᠭᠤᠪᠠ︖ ᠭᠡᠬᠦ ᠳᠦ  ᠨᠢ ᠬᠡᠳᠦᠢᠢᠨ ᠲᠠᠨᠢᠳᠠᠭ ᠲᠡᠷᠡ ᠳᠠᠭᠤ  ᠨᠢ ᠬᠠᠴᠢᠨ ᠰᠣᠨᠢᠨ ᠰᠠᠨᠠᠭᠳᠠᠵᠤ ᠶᠠᠭᠠᠷᠠᠨ ᠪᠣᠰᠤᠨ᠂
- ᠤᠩᠰᠢᠯᠭ᠎ᠠ ᠪᠠᠨ ᠤᠩᠰᠢᠵᠤ ᠪᠠᠢᠢᠭᠠᠳ᠂  ᠳᠸᠩ ᠪᠠᠷᠢᠬᠤ ᠶᠢᠨ ᠬᠡᠷᠡᠭᠴᠡᠭᠡ  ᠴᠤ ᠦᠭᠡᠢ ᠪᠠᠢᠢᠯ᠎ᠠ ᠭᠡᠬᠦ ᠳᠦ ᠡᠪᠦᠭᠡᠨ ᠬᠤᠲᠤᠭᠲᠤ ᠥᠷᠦᠭᠡᠨ ᠳᠦ ᠪᠡᠨ ᠣᠷᠤᠭᠠᠳ᠂ ᠤᠳᠠᠯ ᠦᠭᠡᠢ зама  ᠨᠢ ᠳᠣᠮᠪᠤᠲᠠᠢ ᠴᠠᠢ ᠪᠠᠷᠢᠨ ᠣᠷᠤᠵᠤ ᠥᠷᠯᠦᠭᠡᠨ ᠦ ᠵᠣᠭᠤᠭ ᠲᠤ ᠶᠠᠭᠤ ᠪᠡᠯᠡᠳᠬᠦ ᠶᠢ ᠨᠠᠮ ᠳᠠᠭᠤ ᠪᠠᠷ ᠠᠢᠢᠯᠠᠳᠭᠠᠵᠤ ᠪᠠᠢᠢᠭ᠎ᠠ  ᠨᠢ ᠳᠤᠭᠤᠯᠳᠤᠯ᠎ᠠ᠃ ᠲᠡᠭᠦᠨ ᠢ ᠰᠣᠨᠤᠰᠤᠮᠠᠭᠴᠠ ᠰᠣᠢᠢᠪᠤᠨ ᠤᠨ ᠳᠣᠲᠤᠷ᠎ᠠ ᠬᠠᠴᠢᠨ ᠪᠣᠳᠤᠯ ᠲᠥᠷᠦᠵᠦ᠂ ᠡᠪᠦᠭᠡᠨ ᠬᠤᠲᠤᠭᠲᠤ ᠲᠩᠷᠢ ᠶᠢᠨ ᠴᠠᠭ ᠢ ᠮᠡᠳᠡᠬᠦ ᠪᠢᠯᠢᠭᠦᠨ ᠨᠢᠳᠦᠲᠡᠢ ᠬᠤᠪᠢᠯᠭᠠᠨ ᠬᠥᠮᠦᠨ᠂ ᠯᠠᠪ ᠵᠠᠮ ᠤᠨ ᠰᠡᠳᠭᠢᠯ ᠴᠢᠯᠡᠭᠡᠬᠦ ᠦᠭᠡᠢ ᠭᠡᠵᠦ ᠢᠩᠭᠢᠵᠦ ᠪᠠᠢᠢᠭ᠎ᠠ ᠪᠢᠯᠨ ᠦᠦ︖ ᠭᠡᠵᠦ ᠪᠣᠳᠤᠵᠤ ᠶᠡᠬᠡ  ᠯᠠ ᠭᠠᠢᠢᠬᠠᠪᠠ᠃зама ᠶᠢ ᠭᠠᠷᠤᠭᠰᠠᠨ ᠬᠣᠢᠢᠨ᠎ᠠ ᠡᠪᠦᠭᠡᠨ ᠬᠤᠲᠤᠭᠲᠤ ᠶᠢᠨ ᠢᠶᠠᠨ ᠳᠡᠷᠭᠡᠳᠡ ᠣᠷᠤᠪᠠᠰᠤ ᠳ᠋ᠧᠩ ᠦᠨ ᠭᠡᠷᠡᠯ ᠳᠦ ᠨᠢᠭᠡ ᠬᠠᠭᠤᠴᠢᠨ ᠮᠣᠩᠭᠤᠯ ᠰᠤᠳᠤᠷ ᠳᠡᠯᠭᠡᠨ ᠦᠵᠡᠵᠦ ᠪᠠᠢᠢᠭᠰᠠᠨ ᠢᠶᠠᠨ᠂ - ᠥᠨᠥᠳᠦᠷ Махагалын ᠰᠦᠮ᠎ᠡ ᠳᠦ ᠨᠣᠮ ᠤᠨ ᠰᠠᠩ ᠤᠨ ᠰᠤᠳᠤᠷ ᠳᠣᠲᠤᠷ᠎ᠠ ᠠᠴᠠ ᠯᠢᠭ᠌ᠳᠡᠨ ᠬᠠᠭᠠᠨ ᠤ ᠦᠶ᠎ᠡ ᠶᠢᠨ ᠨᠢᠭᠡ ᠰᠣᠨᠢᠨ ᠬᠣᠪᠤᠷ ᠲᠡᠦᠬᠡ ᠣᠯᠵᠤ ᠠᠪᠤᠯ᠎ᠠ᠃ ᠠᠷᠤ ᠭᠠᠵᠠᠷ ᠡᠷᠢᠭᠡᠳ ᠣᠯᠤᠭᠰᠠᠨ ᠦᠭᠡᠢ ᠰᠤᠳᠤᠷ ᠢ ᠬᠠᠷᠢᠨ ᠪᠡᠭᠡᠵᠢᠩ ᠡᠴᠡ ᠣᠯᠵᠤ ᠠᠪᠤᠯ᠎ᠠ ᠭᠡᠵᠦ ᠢᠨᠢᠶᠡᠮᠰᠦᠭᠯᠡᠨ ᠥᠭᠦᠯᠡᠭᠡᠳ᠂ ᠣᠨ ᠤᠳᠠᠵᠤ ᠰᠢᠷᠯᠠᠭᠰᠠᠨ ᠬᠠᠭᠤᠳᠠᠰᠤ ᠶᠢ ᠡᠷᠭᠢᠭᠦᠯᠲᠡᠯ᠎ᠡ ᠪᠡᠨ ᠰᠣᠢᠢᠪᠤᠨ ᠤᠨ ᠴᠢᠷᠠᠢ ᠶᠢ ᠠᠵᠢᠨ᠂ - ᠪᠡᠶ᠎ᠡ ᠵᠦᠭᠡᠷ ᠪᠤᠢ ᠵ᠎ᠠ︖ ᠴᠢᠷᠠᠢ ᠨᠢᠭᠡ ᠬᠠᠴᠢᠨ ᠪᠣᠯᠤᠭᠰᠠᠨ
ᠪᠠᠢᠢᠳᠠᠯᠲᠠᠢ ᠪᠠᠢᠢᠨ᠎ᠠ ᠭᠡᠳ ᠰᠣᠢᠢᠪᠤᠨ ᠤᠨ ᠥᠭᠡᠳᠡ ᠡᠴᠡ ᠬᠠᠷᠠᠬᠤ ᠳᠤ ᠬᠡᠯᠡᠬᠦ ᠦᠭᠡ ᠣᠯᠵᠤ ᠶᠠᠳᠠᠨ᠂ - ᠵᠦᠭᠡᠷ ᠡ ᠭᠡᠵᠦ ᠠᠮᠠᠨ ᠳᠣᠲᠤᠷ᠎ᠠ ᠪᠠᠨ ᠭᠦᠩᠭᠡᠨᠡᠪᠡ᠃ - ᠣᠴᠢᠵᠤ ᠠᠮᠠᠷ ᠳ᠋ᠠ︕ ᠭᠡᠳ ᠲᠣᠯᠤᠭᠠᠢ ᠳᠣᠬᠢᠨ ᠥᠨᠦᠭᠡᠬᠢ ᠬᠠᠭᠤᠴᠢᠨ ᠰᠤᠳᠤᠷ ᠢᠶᠠᠨ ᠳᠠᠬᠢᠨ ᠦᠵᠡᠬᠦ ᠳᠦ  ᠨᠢ ᠴᠢᠮᠡᠭᠡ ᠦᠭᠡᠢ ᠭᠠᠷᠴᠤ ᠥᠷᠦᠭᠡᠨ ᠳᠦ ᠪᠡᠨ ᠣᠷᠤᠭᠠᠳ ᠰᠠᠭᠤᠬᠤ ᠪᠠᠢᠢᠬᠤ ᠭᠠᠵᠠᠷ ᠢᠶᠠᠨ ᠣᠯᠵᠤ ᠶᠠᠳᠠᠨ ᠬᠣᠢᠢᠮᠤᠷ ᠲᠤ ᠪᠤᠢ ᠭᠦᠩᠭᠠᠷᠠᠪᠠ ᠶᠢᠨ ᠡᠮᠦᠨ᠎ᠡ ᠵᠤᠯᠠ ᠪᠠᠷᠢᠨ᠂ ᠣᠷᠤᠨ ᠳᠡᠭᠡᠷ᠎ᠡ ᠪᠡᠨ ᠰᠠᠭᠤᠵᠤ ᠤᠩᠰᠢᠯᠭ᠎ᠠ ᠪᠠᠨ ᠤᠩᠰᠢᠵᠤ ᠨᠢᠭᠡᠨ ᠬᠡᠰᠡᠭ ᠪᠣᠯᠲᠠᠯ᠎ᠠ᠂зама ᠣᠷᠤᠢ ᠶᠢᠨ ᠵᠣᠭᠤᠭ ᠣᠷᠤᠭᠤᠯᠤᠯ᠎ᠠ᠃ ᠰᠣᠢᠢᠪᠤᠨ ᠤᠨ ᠰᠢᠷᠡᠭᠡᠨ ᠳᠡᠭᠡᠷ᠎ᠡ ᠪᠠᠰᠠ ᠲᠠᠪᠠᠭ ᠲᠠᠢ ᠢᠳᠡᠭᠡ ᠲᠠᠯᠪᠢᠭᠠᠳ ᠭᠠᠷᠤᠯ᠎ᠠ᠃ ᠥᠨᠥᠬᠢ ᠡᠴᠡ  ᠨᠢ ᠠᠮᠠ ᠬᠦᠷᠦᠭᠰᠡᠨ ᠪᠣᠯᠤᠭᠠᠳ ᠪᠠᠢᠢᠲᠠᠯ᠎ᠠ ᠡᠪᠦᠭᠡᠨ ᠬᠤᠲᠤᠭᠲᠤ ᠥᠷᠦᠭᠡᠨ ᠡᠴᠡ ᠪᠡᠨ ᠭᠠᠳᠠᠭᠠᠯᠠᠨ ᠭᠠᠷᠴᠤ᠂ - ᠥᠨᠥ ᠰᠥᠨᠢ ᠲᠩᠷᠢ ᠴᠡᠯᠮᠡᠭ ᠰᠠᠢᠢᠬᠠᠨ ᠪᠠᠢᠬᠤ ᠰᠢᠪ ᠭᠡᠳ ᠣᠷᠤᠵᠤ ᠢᠷᠡᠭᠰᠡᠨ ᠳᠦ᠂ ᠬᠣᠢᠨ᠎ᠠ ᠠᠴᠠ  ᠨᠢзама ᠣᠷᠤᠵᠤ ᠲᠠᠪᠠᠭ ᠲᠠᠢ ᠶᠠᠭᠤᠮ᠎ᠠ᠂ ᠳᠣᠮᠪᠤ ᠲᠠᠢ ᠴᠠᠢ ᠶᠢ ᠠᠪᠴᠤ ᠭᠠᠷᠤᠭᠠᠳ ᠴᠢᠪ ᠴᠢᠮᠡᠭᠡ ᠦᠭᠡᠢ ᠪᠣᠯᠪᠠ᠃ ᠡᠪᠦᠭᠡᠨ ᠬᠤᠲᠤᠭᠲᠤ ᠡᠷᠲᠡ ᠨᠣᠢᠢᠷᠰᠤᠵᠤ᠂ ᠥᠷᠯᠦᠭᠡ ᠡᠷᠲᠡ ᠪᠣᠰᠳᠠᠭ ᠲᠤᠯᠠ ᠰᠣᠨᠤᠰᠪᠠᠯ•ᠳ᠋ᠧᠩ ᠢᠶᠡᠨ ᠦᠯᠢᠶᠡᠨ ᠤᠨᠲᠠᠷᠠᠭᠠᠵᠠᠢ᠃ ᠴᠢᠩᠨᠠᠭᠠᠳ ᠰᠠᠭᠤᠲᠠᠯ᠎ᠠ ᠬᠡᠴᠢᠨᠡᠨ ᠪᠣᠯᠤᠭᠰᠠᠨ ᠢᠶᠠᠨ ᠮᠡᠳᠡᠭᠰᠡᠨ ᠦᠭᠡᠢ᠃ ᠨᠢᠭᠡ ᠮᠡᠳᠡᠬᠦᠨ᠎ᠡ ᠭᠦᠨ ᠰᠥᠨᠢ ᠪᠣᠯᠵᠤ ᠡᠪᠦᠭᠡᠨ ᠬᠤᠲᠤᠭᠲᠤ ᠶᠢᠨ ᠥᠷᠦᠭᠡᠨ ᠡᠴᠡ ᠦᠶ᠎ᠡ ᠦᠶ᠎ᠡ ᠬᠤᠷᠬᠢᠷᠠᠰᠬᠢᠬᠦ ᠴᠢᠮᠡᠭᠡ ᠭᠠᠷᠴᠤ ᠪᠠᠢᠢᠬᠤ ᠲᠤᠯᠠ ᠲᠡᠷᠡ ᠡᠭᠦᠨ ᠢ ᠰᠣᠨᠤᠰᠤᠭᠠᠳ ᠭᠡᠨᠡᠳᠲᠡ ᠰᠠᠨᠠᠭ᠎ᠠ ᠰᠢᠢᠳᠴᠦ ᠬᠢᠳᠤᠭ᠎ᠠ  ᠪᠡᠨ ᠪᠠᠷᠢᠭᠠᠳ ᠰᠡᠮ ᠠᠯᠬᠤᠵᠤ ᠥᠨᠳᠦᠷ ᠭᠡᠭᠡᠨ ᠦ ᠥᠷᠦᠭᠡᠨ ᠳᠦорвоос ᠪᠤᠷᠬᠠᠨ ᠤ ᠡᠮᠦᠨᠡᠬᠢ ᠲᠣᠮᠤ ᠮᠥᠩᠭᠦᠨ ᠴᠥᠭᠦᠴᠡ ᠲᠡᠢ ᠵᠤᠯᠠ ᠪᠠᠳᠮᠠᠯᠠᠭᠠᠳ ᠵᠤᠯᠠ ᠶᠢᠨ ᠲᠣᠰᠤ ᠰᠢᠷᠴᠢᠭᠢᠨᠡᠰᠬᠢᠬᠦ ᠴᠢᠮᠡᠭᠡ ᠭᠠᠷᠴᠤ ᠪᠦᠳᠡᠭᠢ ᠭᠡᠷᠡᠯ ᠳᠦ ᠣᠷᠤᠨ ᠳᠡᠭᠡᠷ᠎ᠡ ᠪᠡᠨ ᠨᠠᠭᠠᠰᠢ ᠪᠠᠨ ᠬᠠᠷᠠᠭᠠᠳ ᠨᠣᠢᠢᠷᠰᠤᠵᠤ ᠪᠤᠢ ᠥᠨᠳᠦᠷ ᠭᠡᠭᠡᠨ ᠦ ᠪᠡᠶ᠎ᠡ  ᠨᠢ ᠰᠦᠷᠲᠡᠢ ᠲᠣᠮᠤ ᠮᠡᠲᠦ ᠬᠠᠷᠠᠭᠳᠠᠵᠠᠢ᠃ ᠵᠢᠷᠦᠬᠡ ᠴᠣᠬᠢᠯᠠᠨ ᠳᠡᠷᠭᠡᠳᠡ  ᠨᠢ ᠠᠶᠠᠷᠬᠠᠨ ᠣᠢᠢᠷᠠᠲᠤᠲᠠᠯ᠎ᠠ ᠤᠨᠲᠠᠭᠰᠠᠭᠠᠷ ᠠᠮᠠᠨ ᠳᠣᠲᠤᠷ᠎ᠠ ᠪᠠᠨ ᠨᠢᠭᠡ ᠶᠠᠭᠤᠮ᠎ᠠ ᠥᠭᠦᠯᠡᠭᠰᠡᠨ ᠮᠡᠲᠦ᠂ ᠬᠡᠳᠦᠢᠢᠨ ᠨᠥᠭᠴᠢᠭ᠌ᠰᠡᠨ ᠬᠠᠲᠤᠨ ᠤ ᠪᠠᠨ ᠨᠡᠷ᠎ᠡ ᠬᠡᠯᠡᠬᠦ ᠰᠢᠭ ᠰᠠᠨᠠᠭᠳᠠᠯ᠎ᠠ᠃ ᠳᠣᠲᠤᠷ᠎ᠠ ᠬᠠᠴᠢᠨ ᠡᠪ ᠦᠭᠡᠢ ᠪᠣᠯᠤᠭᠠᠳ᠂ - ᠪᠤᠴᠠᠵᠤ ᠢᠷᠡᠬᠦ  ᠦᠦ︖ ᠭᠡᠵᠦ ᠵᠠᠬᠢᠨ ᠰᠤᠷᠭᠠᠭᠰᠠᠨ ᠦᠭᠡ ᠪᠡᠨ ᠥᠪᠡᠷ ᠦᠨ ᠡᠷᠬᠡ ᠦᠭᠡᠢ ᠳᠠᠭᠤᠳᠠᠨ ᠨᠢᠳᠦ ᠠᠨᠢᠨ ᠬᠢᠲᠤᠭ᠎ᠠ ᠪᠠᠷ ᠡᠪᠦᠭᠡᠨ ᠬᠤᠲᠤᠭᠲᠤ ᠶᠢᠨ ᠥᠷᠭᠡᠨ ᠬᠡᠩᠬᠦᠳᠡᠭ ᠢ ᠴᠢᠴᠢᠭᠡᠳ ᠠᠪᠲᠠᠯ᠎ᠠ᠂ ᠬᠢᠲᠤᠭᠠᠨ ᠤ ᠢᠷ ᠮᠢᠬᠠᠨ ᠤ ᠰᠢᠷᠬᠡᠭ ᠢ  ᠲᠠᠰᠤ ᠣᠭᠲᠤᠯᠤᠨ᠂ ᠨᠢᠭᠡᠨ ᠵᠥᠭᠡᠯᠡᠨ ᠶᠠᠭᠤᠮᠠᠨ ᠳᠤ ᠣᠷᠤᠬᠤ ᠪᠠᠢᠢᠳᠠᠯ ᠮᠡᠳᠡᠭᠳᠡᠨ ᠨᠢᠳᠦ  ᠨᠡᠭᠡᠭᠡᠨ ᠬᠠᠷᠠᠪᠠᠰᠤ ᠬᠤᠲᠤᠭᠲᠤ ᠴᠣᠴᠢᠨ ᠰᠡᠷᠢᠭᠡᠳ ᠨᠣᠢᠢᠷᠮᠤᠭᠯᠠᠨ ᠶᠠᠭᠤ ᠪᠣᠯᠤᠭᠰᠠᠨ ᠤᠴᠢᠷ ᠢ ᠮᠡᠳᠡᠬᠦ ᠦᠭᠡᠢ ᠭᠠᠭᠴᠠ ᠬᠦ᠂ ᠪᠤᠴᠠᠵᠤ ᠢᠷᠡᠬᠦ  ᠦᠦ︖ ᠭᠡᠵᠦ ᠠᠰᠠᠭᠤᠭᠰᠠᠨ ᠳᠤ᠂ - ᠢᠷᠡᠨ᠎ᠡ ᠢᠷᠡᠨ᠎ᠡ︕ ᠭᠡᠵᠦ ᠳᠤᠤᠭᠠᠷᠬᠤ  ᠨᠢ ᠳᠤᠭᠤᠯᠳᠠᠯ᠎ᠠ᠃ ᠲᠡᠭᠡᠮᠡᠴᠡ ᠰᠣᠢᠢᠪᠤᠨ ᠤᠬᠠᠭᠠᠨ ᠠᠮᠢ ᠦᠭᠡᠢ ᠶᠠᠭᠤ ᠬᠢᠵᠦ ᠪᠠᠢᠢᠭ᠎ᠠ ᠪᠠᠨ  ᠴᠤ ᠮᠡᠳᠡᠬᠦ ᠪᠡᠨ ᠪᠠᠢᠢᠵᠤ ᠳᠡᠮᠡᠢ  ᠯᠠ᠂ - ᠪᠤᠴᠠᠵᠤ ᠢᠷᠡᠬᠦ  ᠦᠦ︖ ᠪᠤᠴᠠᠵᠤ ᠢᠷᠡᠬᠦ  ᠦᠦ︖ ᠭᠡᠳ ᠰᠠᠨᠳᠤᠷᠤᠨ
ᠲᠡᠪᠡᠳᠡᠵᠦ ᠡᠮᠢᠶᠡᠨ ᠪᠠᠬᠠᠷᠬᠠᠭᠰᠠᠨ ᠳᠤ ᠪᠠᠨ ᠳᠡᠮᠡᠢ  ᠯᠠ ᠬᠢᠲᠤᠭ᠎ᠠ ᠪᠠᠷ ᠴᠢᠴᠢᠭ᠌ᠰᠡᠭᠡᠷ᠂ ᠨᠢᠭᠡ ᠮᠡᠳᠡᠬᠦ ᠳᠦ  ᠨᠢ ᠦᠨᠳᠡᠰᠬᠢᠨ ᠢᠷᠡᠭᠰᠡᠨ ᠡᠪᠦᠭᠡᠨ ᠬᠤᠲᠤᠭᠲᠤ ᠭᠡᠳᠡᠷᠭᠦ ᠪᠡᠨ ᠣᠷᠤᠨ ᠳᠡᠭᠡᠷ᠎ᠡ ᠪᠡᠨ ᠣᠢᠢᠴᠢᠭᠠᠳ ᠴᠢᠪ ᠴᠢᠮᠡᠭᠡ ᠦᠭᠡᠢ ᠪᠣᠯᠴᠢᠬᠠᠯ᠎ᠠ᠃ ᠰᠣᠢᠢᠪᠤᠨ ᠤᠨ ᠭᠠᠷ ᠨᠢᠭᠡ ᠪᠦᠯᠢᠶᠡᠨ ᠨᠣᠢᠢᠲᠠᠨ ᠶᠠᠭᠤᠮ᠎ᠠ ᠪᠣᠯᠤᠭᠠᠳ ᠬᠤᠲᠤᠭᠲᠤ ᠶᠢᠨ ᠪᠡᠶ᠎ᠡ ᠬᠤᠴᠢᠯᠭ᠎ᠠ  ᠨᠢ ᠴᠥᠮ ᠴᠢᠰᠤ ᠪᠣᠯᠵᠠᠢ᠃ ᠲᠡᠪᠡᠳᠡᠵᠦ ᠰᠠᠨᠳᠤᠷᠤᠭᠰᠠᠨ ᠳᠤ ᠪᠠᠨ ᠶᠠᠭᠤ ᠬᠢᠵᠦ ᠪᠠᠢᠢᠭ᠎ᠠ ᠪᠠᠨ  ᠴᠤ ᠮᠡᠳᠡᠬᠦ ᠦᠭᠡᠢ ᠪᠣᠯᠵᠤ ᠬᠤᠴᠢᠯᠭᠠᠨ ᠳᠤ  ᠨᠢ ᠭᠠᠷ ᠢᠶᠠᠨ ᠠᠷᠴᠢᠭᠠᠳ ᠬᠢᠳᠤᠭ᠎ᠠ ᠪᠡᠨ ᠪᠠᠰᠠ ᠠᠷᠴᠢᠵᠤ ᠠᠷᠴᠢᠵᠤ ᠬᠠᠭᠠᠯᠭ᠎ᠠ ᠶᠢ  ᠨᠢ ᠬᠠᠭᠠᠭᠠᠳ᠂ ᠥᠷᠦᠭᠡᠨ ᠳᠦ ᠪᠡᠨ ᠣᠷᠤᠵᠤ ᠵᠡᠭᠦᠳᠦᠯᠡᠵᠦ ᠪᠠᠢᠢᠭ᠎ᠠ ᠬᠥᠮᠦᠨ ᠰᠢᠭ ᠳᠡᠪᠡᠯ ᠬᠤᠪᠴᠠᠰᠤ ᠪᠠᠨ ᠲᠠᠢᠢᠴᠢᠨ ᠣᠷᠤᠨ ᠳᠤ ᠪᠠᠨ ᠣᠷᠤᠭᠠᠳ ᠨᠢᠳᠦ ᠠᠨᠢᠪᠠᠰᠤ ᠥᠨᠳᠦᠷ ᠭᠡᠭᠡᠨ ᠦ ᠨᠢᠭᠤᠷ᠂ ᠴᠢᠰᠤ ᠪᠣᠯᠤᠭᠰᠠᠨ ᠪᠡᠶ᠎ᠡ  ᠨᠢ ᠦᠵᠡᠭᠳᠡᠬᠦ ᠰᠢᠭ ᠪᠣᠯᠵᠤ ᠪᠦᠬᠦ ᠪᠡᠶ᠎ᠡ ᠴᠡᠴᠡᠷᠡᠨ ᠪᠠᠭᠰᠢ ᠶᠢ ᠪᠠᠨ ᠠᠯᠠᠴᠢᠬᠠᠯ᠎ᠠ᠂ ᠦᠭᠡᠢ ᠮᠡᠰᠡ ᠡᠷᠭᠦᠯ᠎ᠡ᠁ ᠪᠤᠴᠠᠵᠤ ᠢᠷᠡᠨ᠎ᠡ ᠭᠡᠵᠦ ᠠᠢᠯᠠᠳᠤᠭᠰᠠᠨ  ᠨᠢ ᠪᠣᠳᠤᠪᠠᠯ ᠡᠷᠭᠢᠵᠦ ᠠᠷᠤ ᠮᠣᠩᠭᠤᠯ ᠳᠤ ᠪᠠᠨ ᠲᠣᠳᠤᠷᠠᠬᠤ ᠪᠣᠯᠤᠯ᠎ᠠ᠁ ᠪᠠᠭᠰᠢ ᠶᠢ ᠪᠠᠨ ᠠᠯᠠᠴᠢᠬᠠᠯ᠎ᠠ᠃ ᠲᠠᠪᠤᠨ ᠵᠠᠪᠰᠠᠷ ᠦᠭᠡᠢ ᠶᠡᠬᠡ᠂ ᠨᠢᠭᠦᠯ ᠦᠨ ᠨᠢᠭᠡ ᠶᠢ ᠬᠢᠴᠢᠬᠡᠯ᠎ᠡ᠁ ᠦᠭᠡᠢ᠂ ᠪᠣᠭᠳᠠ ᠡᠵᠡᠨ ᠬᠠᠭᠠᠨ ᠤ ᠵᠠᠷᠯᠢᠭ ᠤᠨ ᠶᠡᠬᠡᠰ ᠰᠠᠢᠢᠳ᠂ ᠬᠤᠲᠤᠭᠲᠤ ᠶᠢ ᠡᠷᠭᠢᠵᠦ ᠮᠣᠩᠭᠤᠯ ᠳᠤ ᠲᠣᠳᠤᠷᠠᠬᠤ ᠶᠢᠨ ᠶᠡᠬᠡ ᠦᠢᠯᠡᠰ ᠢ ᠭᠦᠢᠴᠡᠳᠭᠡ︕ ᠭᠡᠰᠡᠨ ᠪᠢᠯᠡ᠃ ᠪᠠᠭᠰᠢ ᠮᠢᠨᠢ ᠡᠷᠭᠢᠵᠦ ᠠᠷᠤ ᠭᠠᠵᠠᠷ ᠢᠶᠠᠨ ᠲᠣᠳᠤᠷᠠᠬᠤ ᠪᠣᠯᠤᠯ᠎ᠠ᠁ ᠭᠡᠵᠦ ᠵᠡᠭᠦᠳᠦᠯᠡᠭᠰᠡᠨ ᠶᠤᠮ ᠰᠢᠭ ᠤᠬᠠᠭᠠᠨ ᠰᠣᠯᠢᠶᠠᠷᠠᠬᠤ ᠮᠡᠲᠦ ᠨᠢᠭᠡ ᠪᠡᠶ᠎ᠡ ᠪᠡᠨ ᠪᠤᠷᠤᠭᠤᠰᠢᠶᠠᠨ ᠨᠢᠭᠡ ᠵᠥᠪᠲᠦᠭᠡᠨ ᠵᠠᠪᠰᠠᠷ ᠬᠣᠭᠤᠷᠤᠨᠳᠤ  ᠨᠢ ᠤᠩᠰᠢᠯᠭ᠎ᠠ ᠪᠠᠨ ᠥᠪᠡᠷ ᠦᠨ ᠮᠡᠳᠡᠯ ᠦᠭᠡᠢ ᠤᠩᠰᠢᠨ ᠤᠷᠪᠠᠵᠤ ᠬᠥᠷᠪᠡᠭᠰᠡᠭᠡᠷ ᠦᠦᠷ ᠦᠨ ᠬᠢᠷᠠᠭᠠᠨ ᠢᠶᠠᠷ ᠪᠣᠰᠤᠭᠠᠳ ᠬᠤᠲᠤᠭᠲᠤ ᠶᠢᠨ ᠥᠷᠭᠦᠭᠡᠨ ᠳᠦ ᠣᠷᠤᠵᠤ ᠨᠢᠭᠤᠷ ᠢ  ᠨᠢ ᠲᠡᠰᠭᠡᠯ ᠦᠭᠡᠢ ᠡᠮᠢᠶᠡᠨ ᠬᠠᠷᠠᠭᠠᠳ ᠬᠤᠴᠢᠯᠭ᠎ᠠ ᠶᠢ  ᠨᠢзасахчаан ᠪᠣᠯᠵᠤ ᠪᠤᠷᠬᠠᠨ ᠤ ᠡᠮᠦᠨ᠎ᠡ ᠰᠢᠨ᠎ᠡ ᠵᠤᠯᠠ ᠪᠠᠷᠢᠭᠠᠳ ᠭᠠᠳᠠᠭᠰᠢ ᠭᠠᠷᠴᠤ ᠰᠠᠯᠬᠢᠨ ᠳᠤ ᠪᠠᠬᠠᠨ ᠰᠡᠷᠢᠭᠦᠴᠡᠨ᠂ ᠳᠣᠲᠤᠷ᠎ᠠ ᠣᠩᠭᠤᠢᠢᠬᠤ ᠰᠢᠭ ᠪᠣᠯᠵᠤ ᠨᠢᠭᠤᠷ ᠭᠠᠷ ᠢᠶᠠᠨ ᠤᠭᠢᠶᠠᠭᠠᠳ ᠣᠷᠤᠨ ᠳᠡᠭᠡᠷ᠎ᠡ ᠪᠡᠨ ᠤᠩᠰᠢᠯᠭ᠎ᠠ ᠪᠠᠨ ᠤᠩᠰᠢᠨ ᠰᠠᠭᠤᠲᠠᠯ᠎ᠠ ᠵᠠᠮ᠎ᠠ᠂ ᠮᠥᠩᠭᠦᠨ ᠭᠠᠳᠤᠷ᠎ᠠ ᠪᠠᠷᠢᠭᠠᠳ ᠣᠷᠤᠵᠤ ᠢᠷᠡᠭᠰᠡᠨ ᠳᠦ᠂ - ᠪᠠᠭᠰᠢ ᠥᠨᠳᠦᠷᠯᠡᠭᠡ ᠦᠭᠡᠢ᠃ ᠪᠤᠮᠪᠠ ᠭᠠᠳᠤᠷ᠎ᠠ ᠬᠤᠶᠠᠭᠤᠯᠨ ᠪᠠᠨ ᠡᠨᠳᠡ ᠲᠠᠯᠪᠢᠵᠤ ᠣᠷᠬᠢ ᠭᠡᠵᠦ ᠲᠤᠰᠢᠶᠠᠯ᠎ᠠ᠃ ᠲᠡᠭᠡᠭᠡᠳ᠂ ᠵᠠᠮ᠎ᠠ ᠶᠢ ᠭᠠᠷᠤᠭᠰᠠᠨ ᠬᠣᠢᠢᠨ᠎ᠠ ᠭᠠᠳᠤᠷ᠎ᠠ ᠪᠤᠮᠪᠠ ᠬᠣᠶᠠᠭᠤᠯᠨ ᠶᠢ ᠠᠪᠴᠤ ᠭᠠᠷᠤᠭᠠᠳ ᠤᠳᠠᠯ ᠦᠭᠡᠢ ᠥᠷᠯᠦᠭᠡᠨ ᠦ ᠵᠣᠭᠤᠭ᠂ ᠴᠠᠢ ᠪᠠᠷᠢᠭᠠᠳ ᠢᠷᠡᠬᠦ ᠳᠦ  ᠨᠢ᠂ - ᠪᠠᠭᠰᠢ ᠰᠥᠨᠢ ᠪᠠᠬᠠᠨ ᠮᠠᠭᠤ ᠨᠣᠢᠢᠷᠰᠤᠭᠰᠠᠨ ᠲᠤᠯᠠ᠂ ᠲᠦᠷ ᠠᠮᠤᠰᠬᠢᠵᠤ ᠪᠠᠢᠨ᠎ᠠ᠃ ᠴᠠᠢ ᠢᠳᠡᠭᠡ ᠶᠢ ᠡᠨᠳᠡ ᠲᠠᠯᠪᠢᠵᠤ ᠣᠷᠬᠢ᠃ ᠭᠡᠭᠡᠨ ᠦ ᠳᠠᠭᠤᠳᠠᠭᠰᠠᠨ ᠴᠠᠭ ᠲᠤ ᠪᠢ ᠣᠷᠤᠭᠤᠯᠤᠨ᠎ᠠ ᠭᠡᠬᠦ ᠳᠦ ᠵᠠᠮ᠎ᠠ᠂ ᠰᠤᠢᠢᠪᠤᠨ ᠤᠨ ᠨᠣᠢᠢᠷ ᠦᠭᠡᠢ ᠬᠣᠨᠤᠵᠤ ᠵᠣᠪᠠᠨᠢᠭᠰᠠᠨ ᠬᠠᠴᠢᠨ ᠴᠢᠷᠠᠢ ᠶᠢ ᠬᠠᠷᠠᠭᠠᠳ ᠪᠠᠭᠰᠢ ᠶᠢᠨ ᠲᠥᠯᠦᠭᠡ ᠰᠡᠳᠭᠢᠯ ᠵᠣᠪᠠᠭᠰᠠᠨ ᠪᠠᠢᠢᠳᠠᠯ ᠲᠠᠶ᠎ ᠭᠡᠵᠦ ᠳᠣᠲᠤᠭᠰᠢ ᠣᠷᠤᠯ ᠦᠭᠡᠢ᠂ ᠳᠣᠮᠪᠤ ᠲᠠᠢ ᠴᠠᠢ᠂ ᠲᠠᠪᠠᠭ ᠲᠠᠢ ᠮᠢᠬ᠎ᠠ ᠰᠡᠯᠲᠡ ᠶᠢ ᠰᠣᠢᠢᠪᠤᠨ ᠤᠨ ᠥᠷᠦᠭᠡᠨ ᠳᠦ ᠲᠠᠯᠪᠢᠭᠠᠳ ᠰᠣᠢᠢᠪᠤᠨ ᠳᠤ ᠪᠠᠰᠠ ᠴᠠᠢ ᠢᠳᠡᠭᠡ ᠠᠪᠴᠢᠷᠠᠵᠤ ᠥᠭᠭᠦᠭᠡᠳ ᠭᠠᠷᠤᠯ᠎ᠠ᠃
   ᠵᠠᠮ᠎ᠠ ᠶᠢ ᠭᠠᠷᠤᠮᠠᠭᠴᠠ ᠡᠮᠡᠭᠡᠨ ᠰᠣᠢᠢᠪᠤᠨ ᠶᠠᠭᠠᠷᠠᠨ ᠬᠤᠲᠤᠭᠲᠤ ᠶᠢᠨ ᠵᠣᠭᠤᠭ ᠡᠴᠡᠭᠠᠭᠴᠠ ᠨᠢᠭᠡ ᠬᠡᠷᠴᠢᠮ ᠮᠢᠬ᠎ᠠ ᠠᠮᠠ ᠬᠦᠷᠦᠭᠰᠡᠨ ᠪᠣᠯᠤᠭᠠᠳ ᠨᠢᠳᠦᠨ ᠳᠦ  ᠨᠢ ᠬᠤᠲᠤᠭᠲᠤ ᠶᠢᠨ ᠨᠢᠭᠤᠷ•ᠴᠢᠰᠤ ᠪᠣᠯᠤᠭᠰᠠᠨ ᠬᠡᠩᠬᠦᠳᠡᠭ᠂ ᠬᠤᠴᠢᠯᠭ᠎ᠠ  ᠨᠢ ᠦᠵᠡᠭᠳᠡᠬᠦ ᠰᠢᠭ ᠳᠣᠲᠤᠷ᠎ᠠ ᠮᠠᠰᠢ ᠠᠶ᠎ᠠ ᠦᠭᠡᠢ ᠪᠣᠯᠬᠤ ᠲᠤᠯᠠ ᠶᠠᠭᠤᠮ᠎ᠠ ᠢᠳᠡᠵᠦ ᠴᠢᠳᠠᠭᠰᠠᠨ ᠦᠭᠡᠢ᠂ ᠬᠣᠭᠤᠯᠠᠢ ᠵᠠᠩᠭᠢᠷᠴᠠᠢ•ᠴᠢᠩᠭᠢᠭᠡᠳ ᠰᠠᠭᠤᠵᠤ ᠪᠠᠢᠲᠠᠯ᠎ᠠ ᠵᠠᠮ᠎ᠠ ᠣᠷᠤᠵᠤ ᠢᠷᠡᠭᠡᠳ ᠨᠠᠮ ᠳᠠᠭᠤ ᠪᠠᠷ᠂ -ᠪᠠᠭᠰᠢ ᠵᠣᠭᠤᠭ ᠪᠠᠷᠢᠪᠠ  ᠤᠤ︖ ᠭᠡᠵᠦ ᠨᠠᠮ ᠲᠠᠭᠤ ᠪᠡᠷ ᠠᠰᠠᠭᠤᠪᠠᠰᠤ᠂ -ᠪᠠᠭᠰᠢ ᠵᠣᠭᠤᠭᠯᠠᠯ᠎ᠠ᠃ ᠡᠨᠡ ᠴᠠᠢ ᠢᠳᠡᠭᠡ ᠶᠢ ᠠᠪᠤᠭᠠᠳ ᠶᠠᠪ ᠭᠡᠰᠡᠨ ᠭᠡᠬᠦ ᠳᠦ ᠵᠠᠮ᠎ᠠ᠂ ᠲᠠᠪᠠᠭ ᠲᠠᠢ ᠮᠢᠬ᠎ᠠ ᠶᠢ ᠠᠪᠲᠠᠯ᠎ᠠ ᠱᠠᠭᠠᠨᠲᠤ ᠴᠢᠮᠦᠭᠡ ᠶᠢ ᠬᠠᠷᠠᠩᠭᠤᠲᠠ ᠴᠢᠷᠠᠢ ᠬᠤᠪᠢᠰᠴᠤ᠂ -ᠲᠠ ᠪᠠᠭᠰᠢ ᠶᠢ ᠵᠣᠭᠤᠭ ᠢᠶᠠᠨ ᠪᠠᠷᠢᠭᠰᠠᠨ ᠬᠡᠯ᠎ᠡ  ᠦᠦ︖ ᠭᠡᠬᠦ ᠳᠦ  ᠨᠢ᠂ -ᠲᠡᠭᠡᠭᠰᠡᠨ᠃ ᠡᠭᠦᠨ ᠢ ᠪᠡᠨ ᠠᠪᠤᠭᠠᠳ ᠶᠠᠪ︕ ᠭᠡᠬᠦ ᠳᠦ ᠵᠠᠮ᠎ᠠ ᠶᠢᠨ ᠴᠢᠷᠠᠢ ᠨᠢᠭᠡ ᠰᠣᠨᠢᠨ ᠬᠠᠴᠢᠨ ᠪᠤᠯᠤᠭᠠᠳ᠂ -ᠲᠠ ᠪᠠᠭᠰᠢ ᠶᠢ ᠵᠣᠭᠤᠭ ᠪᠠᠷᠢᠯ᠎ᠠ ᠭᠡᠵᠦ ᠶᠠᠭᠤᠨ ᠳᠤ ᠨᠠᠮᠠᠶ᠋ᠢ ᠬᠠᠭᠤᠷᠴᠤ ᠪᠠᠢᠢᠨ᠎ᠠ︖ ᠪᠠᠭᠰᠢ ᠱᠠᠭᠠᠨᠳᠤ ᠴᠢᠮᠦᠭᠡ ᠲᠠᠢ ᠵᠣᠭᠤᠭ ᠣᠷᠤᠭᠤᠯᠬᠤ ᠳᠤ ᠴᠠᠳᠭᠤᠯᠠᠩ  ᠴᠤ ᠪᠠᠢᠢᠭᠰᠠᠨ᠂ ᠥᠯᠦᠨ  ᠴᠤ ᠪᠠᠢᠢᠭᠰᠠᠨ ᠶᠠᠭᠤᠨ ᠤ ᠡᠮᠦᠨ᠎ᠡ ᠡᠨᠡ ᠨᠢᠭᠡ ᠥᠭᠡᠬᠦ ᠶᠢ  ᠨᠢ ᠵᠠᠪᠠᠯ ᠤᠷᠢᠳᠠ ᠪᠠᠷ ᠠᠮᠰᠠᠨ ᠵᠣᠭᠤᠭᠯᠠᠳᠠᠭ ᠵᠠᠩᠰᠢᠯᠲᠠᠢ᠃ ᠲᠡᠭᠡᠲᠡᠯ᠎ᠡ ᠱᠠᠭᠠᠨᠲᠤ ᠴᠢᠮᠦᠭᠡᠨ ᠦ ᠲᠡᠷᠡ ᠴᠠᠭᠠᠨ
ᠥᠭᠡᠬᠦ  ᠨᠢ ᠬᠡᠪ ᠢᠶᠡᠷ ᠢᠶᠡᠨ ᠪᠠᠢᠢᠨ᠎ᠠ᠃ ᠪᠠᠭᠰᠢ ᠶᠠᠭᠠᠬᠢᠭᠰᠠᠨ  ᠴᠤ ᠵᠣᠭᠤᠭ ᠪᠠᠷᠢᠭ᠎ᠠ ᠦᠭᠡᠢ᠃ ᠲᠠᠨ ᠤ ᠬᠤᠳᠠᠯ ᠬᠡᠯᠡᠳᠡᠭ  ᠴᠤ ᠨᠢᠭᠡ ᠤᠴᠢᠷ ᠪᠠᠢᠢᠨ᠎ᠠ᠃ ᠪᠢ ᠪᠠᠭᠰᠢ ᠠᠴᠠ ᠠᠰᠠᠭᠤᠨ᠎ᠠ︕ ᠭᠡᠳ᠂ ᠰᠣᠢᠢᠪᠤᠨ ᠤᠨ ᠬᠣᠷᠢᠭ ᠲᠠᠯᠪᠢᠬᠤ ᠶᠢᠨ ᠡᠮᠦᠨ᠎ᠡ ᠶᠠᠭᠠᠷᠠᠨ ᠡᠪᠦᠭᠡᠨ ᠬᠤᠲᠤᠭᠲᠤ ᠶᠢᠨ ᠥᠷᠦᠭᠡᠨ ᠳᠦ ᠣᠷᠤᠭᠠᠳ ᠶᠡᠬᠡ ᠳᠠᠭᠤ ᠠᠯᠳᠠᠨ᠂ -ᠡᠨᠡ ᠰᠢᠮᠨᠤ ᠶᠢᠨ ᠬᠤᠪᠢᠯᠭᠠᠨ ᠰᠣᠢᠢᠪᠤᠨ᠂ ᠪᠠᠭᠰᠢ ᠶᠢ ᠵᠠᠩᠴᠢ ᠬᠠᠯᠠᠭᠤᠯᠴᠢᠬᠠᠯ᠎ᠠ︕ ᠡ ᠶᠠᠭᠠᠬᠢᠳᠠᠭ ᠪᠢᠯᠡ︖ ᠪᠠᠭᠰᠢ ᠮᠠᠨᠢ ᠤᠯᠠᠭᠠᠨ ᠰᠢᠩᠬᠤ ᠪᠣᠯᠴᠢᠬᠠᠭᠠᠳ ᠵᠠᠩᠴᠢ ᠪᠠᠨ ᠬᠠᠯᠠᠴᠢᠬᠠᠯ᠎ᠠ︕ ᠡᠪᠡᠢ ᠬᠠᠯᠠᠭ︕ ᠡᠪᠡᠢ ᠬᠠᠯᠠᠭ︕ ᠭᠡᠳ ᠥᠨᠳᠦᠷ ᠳᠠᠭᠤ ᠪᠠᠷ ᠤᠬᠢᠯᠠᠨ ᠪᠠᠷᠬᠢᠷᠠᠵᠤ᠂ ᠰᠠᠨᠳᠤᠷᠤᠭᠰᠠᠨ ᠰᠣᠢᠢᠪᠤᠨ ᠤᠨ ᠬᠠᠵᠠᠭᠤ ᠪᠠᠷ ᠬᠤᠢ ᠰᠠᠯᠬᠢ ᠮᠡᠲᠦ ᠳᠠᠭᠠᠷᠢᠨ ᠭᠠᠷᠴᠤ ᠭᠠᠳᠠᠭ᠎ᠠ ᠭᠠᠰᠢᠭᠤᠳᠠᠨ ᠪᠠᠷᠬᠢᠷᠠᠬᠤ:ᠴᠢᠮᠡᠭᠡ ᠦᠭᠡᠢ  ᠨᠢ ᠰᠣᠢᠢᠪᠤᠨ ᠰᠣᠨᠤᠰᠤᠭᠠᠳ ᠬᠢᠷᠳ᠋ᠬᠢᠨ ᠴᠣᠴᠢᠵᠤ ᠪᠦᠬᠦ ᠪᠡᠶ᠎ᠡ ᠴᠡᠴᠡᠷᠡᠨ ᠵᠣᠭᠰᠤᠵᠤ ᠪᠠᠢᠢᠲᠠᠯ᠎ᠠ ᠣᠯᠠᠨ ᠬᠥᠮᠦᠨ ᠭᠠᠳᠠᠨ᠎ᠠ ᠠᠴᠠ ᠭᠦᠶᠦᠨ ᠣᠷᠤᠵᠤ ᠵᠠᠷᠢᠮ ᠨᠢᠭᠡ  ᠨᠢ ᠰᠣᠢᠢᠪᠤᠨ ᠢ ᠨᠣᠴᠤᠨ ᠳᠠᠷᠤᠵᠤ ᠬᠦᠯᠢᠪᠡ᠃ ᠵᠠᠷᠢᠮ ᠨᠢᠭᠡ  ᠨᠢ ᠠᠶᠤᠵᠤ ᠡᠮᠢᠶᠡᠨ ᠡᠪᠦᠭᠡᠨ ᠬᠤᠲᠤᠭᠲᠤ ᠶᠢᠨ ᠥᠷᠦᠭᠡᠨ᠎ᠡ ᠣᠷᠤᠵᠠᠭᠠᠵᠤ ᠬᠠᠯᠬᠠᠯᠠᠨ ᠭᠠᠰᠠᠯᠬᠤ ᠳᠠᠭᠤ ᠴᠢᠮᠡᠭᠡ ᠳᠤᠭᠤᠯᠳᠠᠬᠤ ᠵᠠᠪᠰᠠᠷ ᠭᠠᠳᠠᠨ᠎ᠠ ᠠᠴᠠ ᠭᠡᠨᠡᠳᠲᠡ ᠠᠯᠪᠠᠨ ᠤ ᠴᠠᠭᠳᠠᠭ᠎ᠠ ᠲᠦᠰᠢᠮᠡᠯ ᠣᠷᠤᠵᠤ ᠢᠷᠡᠭᠡᠳ᠂ ᠰᠣᠢᠢᠪᠤᠨ ᠢ ᠪᠠᠭᠰᠢ ᠶᠢᠨ ᠢᠶᠠᠨ ᠠᠮᠢ ᠶᠢ ᠬᠣᠣᠷᠯᠠᠭᠰᠠᠨ ᠭᠡᠵᠦ ᠣᠯᠵᠤ ᠰᠣᠨᠤᠰᠤᠮᠠᠭᠴᠠ ᠬᠦᠵᠦᠭᠦᠨ ᠳᠦ  ᠨᠢ ᠨᠠᠶᠠᠨ ᠵᠢᠩ ᠦᠨ ᠭᠢᠨᠵᠢ ᠵᠡᠭᠦᠨ ᠪᠠᠷᠢᠪᠴᠢᠯᠠᠵᠤ᠂ ᠲᠠᠭᠤᠨ ᠠᠪᠠᠴᠢᠪᠠ᠃ ᠡᠪᠦᠭᠡᠨ ᠬᠤᠲᠤᠭᠲᠤ ᠶᠢᠨ ᠪᠠᠷᠠᠭ᠎ᠠ ᠪᠣᠯᠤᠭᠰᠠᠳ ᠥᠨᠳᠦᠷ ᠨᠠᠰᠤᠲᠤ ᠴᠣᠷᠵᠢ ᠨᠠᠷ ᠬᠡᠯᠮᠡᠭᠳᠡᠨ ᠴᠣᠴᠢᠵᠤ ᠳᠡᠷᠭᠡᠳᠡ ᠶᠢᠨ ᠢᠲᠡᠭᠡᠯᠲᠦ ᠰᠣᠢᠢᠪᠤᠨ ᠢᠩᠭᠢᠴᠢᠬᠡᠳᠡᠭ  ᠨᠢ ᠶᠠᠮᠠᠷ ᠨᠢᠭᠦᠯᠲᠡᠢ ᠠᠮᠢᠲᠠᠨ ᠪᠤᠢ︖ ᠳᠠᠩᠴᠤ ᠶᠠᠭᠠᠬᠢᠪᠠ ᠳ᠋ᠠ︖ ᠶᠠᠮᠠᠷ ᠪᠤᠵᠠᠷ ᠪᠣᠯᠠᠢ ᠠᠮᠢᠲᠠᠨ ᠪᠠᠭᠰᠢ ᠶᠢ ᠪᠠᠨ ᠢᠩᠭᠢᠵᠦ ᠬᠣᠣᠷᠯᠠᠳᠠᠭ ᠪᠢᠯᠡ︖ ᠭᠡᠵᠦ ᠭᠠᠢᠢᠬᠠᠰᠢ ᠪᠠᠨ ᠪᠠᠷᠠᠵᠤ ᠨᠣᠮ ᠪᠤᠶᠠᠨ ᠬᠢᠬᠦ ᠪᠠᠰᠠ ᠳᠡᠭᠡᠳᠦ ᠠᠯᠪᠠᠨ ᠤ ᠭᠠᠵᠠᠷ ᠪᠢᠴᠢᠭ᠌ ᠮᠡᠳᠡᠭᠦᠯᠬᠦ᠂ ᠮᠥᠨ ᠡᠪᠦᠭᠡᠨ ᠬᠤᠲᠤᠭᠲᠤ ᠶᠢᠨ ᠴᠢᠨᠳᠠᠷ ᠢ ᠶᠡᠬᠡ ᠶᠣᠰᠤᠯᠠᠯ ᠶᠢᠡᠷ ᠵᠠᠯᠠᠵᠤ᠂ ᠱᠠᠷᠢᠯ ᠪᠦᠲᠦᠭᠡᠬᠦ ᠵᠡᠷᠭᠡ ᠪᠥᠭᠡᠮ ᠠᠵᠢᠯ ᠭᠠᠷᠴᠤ ᠪᠣᠵᠢᠭᠢᠨᠠᠯ᠎ᠠ ᠃ ᠭᠠᠰᠢᠭᠤᠳᠠᠨ ᠡᠮᠭᠡᠨᠢᠭ᠌ᠰᠡᠨ ᠮᠣᠩᠭᠤᠯᠴᠤᠳ ᠤᠨ ᠵᠦᠭ ᠮᠠᠨᠵᠤ ᠰᠠᠢᠢᠳ᠂ - ᠲᠠ ᠪᠦᠬᠦᠨ ᠪᠡᠯᠪᠡᠰᠦᠷᠡᠯ ᠦᠨ ᠲᠡᠮᠳᠡᠭ ᠵᠡᠭᠦᠨ ᠢᠷᠡᠵᠦ᠂ ᠡᠨᠡ ᠲᠤᠬᠠᠢ ᠳᠤ ᠬᠠᠷᠠᠬᠠᠨ ᠲᠠᠰᠢᠶᠠᠷᠠᠵᠠᠢ᠃ ᠲᠡᠮᠳᠡᠭ ᠶᠢᠡᠨ ᠠᠪᠴᠠᠭ᠎ᠠ︕ ᠭᠡᠳ ᠬᠡᠳᠦᠨ ᠲᠦᠰᠢᠮᠡᠯ ᠢ - ᠵᠢᠪᠵᠤᠨᠳᠠᠮᠪᠠ ᠬᠤᠲᠤᠭᠲᠤ ᠶᠢᠨ ᠳᠡᠷᠭᠡᠳᠡ ᠶᠢᠨ ᠰᠣᠢᠢᠪᠤᠨ ᠢ ᠤᠳᠤᠷᠢᠳᠤᠨ ᠢᠷᠡᠭᠦᠯ︕ ᠭᠡᠬᠦ ᠳᠦ ᠣᠯᠠᠨ ᠴᠥᠮ ᠭᠠᠢᠢᠬᠠᠵᠠᠭᠠᠵᠤ ᠲᠤᠰᠢᠶᠠᠯ ᠳᠠᠭᠠᠵᠤ ᠪᠡᠯᠪᠡᠰᠦᠷᠡᠯ ᠦᠨ ᠲᠡᠮᠳᠡᠭ ᠢ ᠬᠤᠷᠢᠶᠠᠵᠠᠭᠠᠪᠠ᠃ ᠬᠡᠳᠦᠨ ᠲᠦᠰᠢᠮᠡᠯ ᠡᠮᠡᠭᠡᠨ ᠰᠣᠢᠢᠪᠤᠨ ᠢ ᠤᠳᠤᠷᠢᠳᠤᠨ ᠣᠷᠤᠭᠤᠯᠵᠤ᠂ ᠲᠤᠰᠭᠠᠢ ᠵᠢᠭᠠᠭᠰᠠᠨ ᠭᠠᠵᠠᠷ ᠵᠣᠭᠰᠤᠭᠠᠪᠠᠰᠤ ᠴᠢᠷᠠᠢ ᠳᠤ  ᠨᠢ ᠤᠭ ᠬᠡᠷᠡᠭ ᠤᠴᠢᠷ ᠶᠠᠮᠠᠷ ᠪᠣᠯᠬᠤ ᠶᠢ ᠰᠠᠢᠢᠨ ᠮᠡᠳᠡᠭᠡ ᠦᠭᠡᠢ᠂ ᠪᠠᠬᠠᠨ ᠰᠦᠷᠳᠡᠭᠰᠡᠨ ᠪᠠᠢᠢᠳᠠᠯ ᠲᠠᠢ ᠳᠡᠮᠡᠢ  ᠯᠠ ᠶᠠᠮᠤᠯᠠᠬᠤ ᠰᠠᠢᠢᠳ ᠤᠨ ᠲᠠᠪᠴᠠᠩ᠂ ᠲᠡᠭᠦᠨ ᠦ ᠡᠮᠦᠨ᠎ᠡ ᠵᠣᠭᠰᠤᠨ ᠪᠤᠢ ᠮᠣᠩᠭᠤᠯᠴᠤᠳ ᠢ ᠡᠮᠢᠶᠡᠨ ᠵᠣᠪᠠᠰᠬᠢᠵᠦ ᠬᠠᠷᠠᠬᠤ ᠠᠵᠠᠢ᠃
ᠶᠣᠰᠤᠯᠠᠯ ᠢ ᠤᠳᠤᠷᠢᠳᠬᠤ ᠲᠦᠰᠢᠮᠡᠯ ᠤᠷᠤᠭᠰᠢ ᠳᠠᠪᠰᠢᠨ᠂ ᠲᠥᠷᠦ ᠶᠢᠨ ᠶᠡᠬᠡᠰ ᠰᠠᠢᠢᠳ ᠶᠠᠮᠤᠯ ᠢᠶᠠᠷ ᠢᠷᠡᠭᠰᠡᠨ ᠢ ᠮᠡᠳᠡᠭᠳᠡᠵᠦ ᠤᠯᠤᠰ ᠤᠨ ᠨᠠᠭᠠᠴᠤ᠂ ᠡᠵᠡᠨ ᠦ ᠬᠤᠪᠢ ᠶᠢᠨ ᠰᠠᠢᠢᠳ Йе ᠸᠠᠩ ᠲᠡᠷᠢᠭᠦᠲᠡᠢ ᠮᠠᠨᠵᠤ ᠰᠠᠢᠢᠳ ᠢ ᠭᠠᠷᠴᠤ ᠢᠷᠡᠬᠦ ᠳᠦ ᠣᠯᠠᠨ ᠢ ᠰᠥᠭᠦᠳᠭᠡᠨ ᠮᠥᠷᠭᠦᠭᠦᠯᠬᠦ ᠶᠣᠰᠤᠯᠠᠯ ᠦᠢᠯᠡᠳᠦᠭᠦᠯᠪᠡ᠃ ᠣᠯᠠᠨ ᠰᠠᠢᠢᠳ ᠳᠡᠰ ᠳᠡᠰ ᠢᠶᠡᠷ ᠰᠠᠭᠤᠳᠠᠯ ᠡᠵᠡᠯᠡᠮᠡᠭᠴᠡ Йе ᠸᠠᠩ ᠪᠣᠰᠴᠤ ᠣᠯᠠᠨ ᠤ ᠵᠦᠭ ᠥᠨᠳᠦᠷ ᠳᠠᠭᠤ ᠪᠠᠷ᠂ ᠪᠣᠭᠳᠠ ᠡᠵᠡᠨ ᠬᠠᠭᠠᠨ ᠤ ᠡᠷᠬᠢᠮᠯᠡᠨ ᠰᠢᠲᠦᠳᠡᠭ ᠡᠪᠦᠭᠡᠨ ᠬᠤᠲᠤᠭᠲᠤ ᠡᠷᠲᠡᠨ ᠦ ᠡᠨᠡᠳᠬᠡᠭ ᠲᠥᠪᠡᠳ ᠦᠨ ᠣᠷᠤᠨ ᠤ ᠳᠠᠷᠨᠠᠳᠠ ᠪᠣᠭᠳᠠ ᠶᠢᠨ ᠬᠤᠪᠢᠯᠭᠠᠨ ᠪᠥᠭᠡᠳ ᠲᠩᠷᠢ ᠶᠢᠨ ᠲᠣᠭᠲᠠᠭᠠᠭᠰᠠᠨ ᠰᠡᠭᠦᠳᠡᠷ ᠦᠨ ᠲᠣᠭ᠎ᠠ᠂ ᠲᠡᠷᠡᠬᠦ ᠮᠡᠰᠡ ᠡᠷᠭᠦᠭᠰᠡᠨ ᠰᠥᠨᠢ ᠶᠢᠨ ᠬᠤᠯᠤᠭᠠᠨ᠎ᠠ ᠦᠬᠡᠷ ᠴᠠᠭ ᠤᠨ ᠵᠠᠭᠠᠭ ᠲᠤ ᠭᠦᠢᠴᠡᠵᠦ ᠡᠨᠡᠳᠬᠡᠭ ᠲᠥᠪᠡᠳ ᠦᠨ ᠣᠷᠤᠠ᠎ᠠ ᠲᠣᠳᠤᠷᠠᠨ ᠬᠤᠪᠢᠯᠬᠤ ᠪᠠᠷ ᠪᠣᠯᠤᠭᠰᠠᠨ ᠪᠠᠢᠢᠵᠠᠢ᠃ ᠲᠡᠭᠡᠲᠡᠯ᠎ᠡ ᠮᠣᠩᠭᠤᠯ ᠣᠯᠠᠨ ᠱᠠᠪᠢ ᠨᠠᠷ ᠤᠨ ᠪᠤᠶᠠᠨ᠂ ᠬᠤᠪᠢᠯᠭᠠᠨ ᠰᠠᠬᠢᠭᠤᠰᠤᠨ ᠤ ᠢᠪᠡᠭᠡᠯ ᠢᠶᠡᠷ ᠡᠪᠦᠭᠡᠨ ᠰᠣᠢᠢᠪᠤᠨ ᠤᠭ ᠬᠤᠯᠤᠭᠠᠨ᠎ᠠ ᠴᠠᠭ ᠰᠢᠪᠲᠤᠷᠠᠬᠤ ᠠᠴᠠ ᠬᠡᠳᠦᠬᠡᠨ ᠬᠣᠷᠤᠮ ᠤᠨ ᠡᠮᠦᠨ᠎ᠡ  ᠠᠮᠵᠢᠨ ᠵᠠᠪᠳᠤᠵᠤ᠂ ᠡᠷᠭᠢᠵᠦ ᠮᠣᠩᠭᠤᠯ ᠭᠠᠵᠠᠷ ᠲᠣᠳᠤᠷᠠᠬᠤ ᠶᠢᠨ ᠪᠡᠯᠡᠭ ᠠᠢᠢᠯᠠᠳᠭᠠᠵᠤ᠂ ᠵᠠᠪᠰᠠᠷ ᠤᠨ ᠰᠠᠭᠠᠳ ᠢ ᠣᠭᠲᠤᠯᠤᠨ ᠲᠠᠰᠤᠯᠬᠤ ᠮᠡᠰᠡ ᠡᠷᠭᠦᠵᠦ ᠪᠠᠭᠰᠢ ᠶᠢ ᠪᠠᠨ ᠪᠤᠴᠠᠵᠤ ᠢᠷ︕ ᠭᠡᠵᠦ ᠠᠢᠯᠠᠳᠭᠠᠭᠰᠠᠨ ᠢ ᠡᠪᠦᠭᠡᠨ ᠬᠤᠲᠤᠭᠲᠤ ᠬᠦᠯᠢᠶᠡᠨ ᠲᠣᠭᠲᠠᠭᠠᠵᠤ᠂ ᠪᠤᠴᠠᠵᠤ ᠢᠷᠡᠨ᠎ᠡ︕ ᠬᠡᠮᠡᠨ ᠠᠢᠢᠯᠠᠳᠤᠭᠰᠠᠨ ᠪᠡᠯᠭᠡ ᠪᠡᠷ ᠳᠠᠬᠢᠨ ᠮᠣᠩᠭᠤᠯ ᠭᠠᠵᠠᠷ ᠢᠶᠠᠨ ᠤᠭ ᠮᠡᠰᠡ ᠡᠷᠭᠦᠭᠰᠡᠨ
ᠲᠣᠭ᠎ᠠ ᠪᠠᠷ ᠬᠣᠢᠢᠰᠢᠳᠠ ᠳᠣᠯᠤᠭᠠᠨ ᠤᠳᠠᠭ᠎ᠠ Жебзүндамба ᠬᠤᠲᠤᠭᠲᠤ ᠶᠢᠨ ᠭᠡᠭᠡᠨ ᠲᠣᠳᠤᠷᠠᠬᠤ ᠪᠣᠯᠤᠭᠰᠠᠨ ᠤᠴᠢᠷ ᠢ ᠡᠷᠳᠡᠮᠲᠡᠨ ᠮᠡᠷᠭᠡᠳ ᠲᠩᠷᠢ ᠶᠢᠨ ᠪᠡᠯᠭᠡ ᠰᠢᠨᠵᠢ ᠪᠡᠷ ᠣᠰᠤᠯ ᠦᠭᠡᠢ ᠮᠠᠭᠠᠳᠯᠠᠨ ᠮᠡᠳᠡᠵᠦ ᠤᠰᠤᠨ ᠨᠢᠳᠦᠲᠡᠢ᠂ ᠴᠢᠰᠤᠨ ᠵᠢᠷᠦᠬᠡᠲᠡᠢ ᠬᠥᠮᠦᠨ ᠦ ᠮᠣᠩᠬᠠᠯᠠᠨ ᠪᠣᠳᠤᠬᠤ ᠳᠤ ᠳᠡᠭᠡᠳᠦᠰ ᠦᠨ ᠠᠯᠲᠠᠨ ᠠᠮᠢᠨ ᠳᠤ ᠬᠠᠯᠳᠠᠭᠰᠠᠨ ᠶᠠᠯᠠᠲᠤ ᠬᠡᠷᠡᠭ ᠦᠢᠯᠡᠳᠦᠭᠰᠡᠨ  ᠨᠢ᠂ ᠲᠩᠷᠢ ᠶᠢᠨ ᠡᠴᠢᠨ᠎ᠡ ᠵᠠᠷᠯᠢᠭ ᠢᠶᠠᠷ ᠣᠯᠠᠨ ᠮᠣᠩᠭᠤᠯᠴᠤᠳ ᠤᠨ ᠲᠤᠰᠠ ᠶᠢᠨ ᠲᠤᠯᠠᠳᠠ ᠬᠤᠲᠤᠭᠲᠤ ᠶᠢ ᠳᠠᠬᠢᠨ ᠲᠣᠳᠤᠷᠠᠭᠤᠯᠬᠤ ᠪᠤᠶᠠᠨ ᠤ ᠦᠢᠯᠡᠰ ᠦᠢᠯᠡᠳᠦᠭᠰᠡᠨ ᠪᠠᠢᠢᠨᠠᠮ ᠭᠡᠵᠡᠢ᠃  



  
     
     