 

ᠨᠤᠳᠤᠭ ᠢᠶᠠᠨ ᠴᠢᠮᠡᠵᠤ ᠠᠷᠠᠳ ᠢᠶᠠᠨ ᠪᠠᠶᠠᠵᠢᠭᠤᠯᠤᠬᠰᠡᠨ ︽ᠭᠤᠷᠪᠠᠨ ᠤᠢ︾

2018-06-06 10:47
  313
  0
    ᠤᠯᠠᠭᠠᠨᠬᠠᠲᠠ ᠬᠤᠲᠠ ᠶᠢᠨ ᠰᠢᠨ ᠴᠧᠩᠽᠢ ᠪᠠᠯᠭᠠᠰᠦ ᠶᠢᠨ ᠵᠢᠮᠢᠰ ᠤᠨ ᠮᠤᠳᠤᠨ ᠤᠢ
 
     ᠤᠯᠠᠭᠠᠨᠬᠠᠲᠠ ᠬᠤᠲᠠ ᠶᠢᠨ ᠯᠢᠨᠰᠢ ᠰᠢᠶᠠᠨ ᠤ ᠰᠢᠨ ᠴᠧᠩᠽᠢ ᠪᠠᠯᠭᠠᠰᠦ ᠶᠢᠨ ᠯᠤᠤ ᠬᠤ᠋ ᠱᠢ ᠭᠸᠦ ᠲᠤᠰᠬᠤᠨ ᠳᠤ ᠠᠯᠬᠤᠨ ᠤᠷᠤᠬᠤ ᠳᠤ᠂ ᠬᠤᠯᠠ ᠶᠢᠨ ᠠᠭᠤᠯᠠᠨ ᠲᠡᠭᠡᠷ᠎ᠡ ᠲᠡᠷᠭᠡ ᠬᠦᠰᠭᠡ᠂ ᠮᠠᠰᠢᠨ ᠲᠤᠨᠤᠭ ᠪᠠ ᠤᠨᠠᠬᠰᠠᠨ ᠮᠠᠯᠠᠭᠠᠢ ᠪᠠᠨ ᠠᠪᠬᠤ ᠵᠠᠪ ᠦᠬᠡᠢ ᠶᠠᠭᠠᠷᠠᠯᠲᠤᠵᠦ ᠪᠠᠶᠢᠭ᠎ᠠ ᠬᠦᠮᠦᠰ ᠤᠨ ᠪᠠᠷ᠎ᠠ ᠬᠠᠷᠠᠭᠲᠠᠨ᠎ᠠ᠃ ᠠᠳᠡ 1200 ᠮᠦ ᠲᠠᠯᠠᠪᠠᠢ ᠪᠦᠬᠦᠢ ᠵᠢᠮᠢᠰ ᠤᠨ ᠮᠤᠲᠤ ᠠᠵᠦ ᠠᠬᠤᠢ ᠶᠢᠨ ᠤᠢ ᠶᠢᠨ ᠪᠦᠲᠦᠭᠡᠨ ᠪᠠᠶᠢᠭᠤᠯᠤᠯᠲᠠ ᠶᠠᠭ ᠰᠠᠶᠢᠬᠠᠨ ᠪᠠᠴᠢᠮ ᠶᠠᠭᠠᠷᠠᠯᠲᠠᠢ ᠶᠠᠪᠤᠭᠲᠠᠵᠦ ᠪᠠᠶᠢᠭ᠎ᠠ ᠠᠵᠢ᠃    ︽ᠡᠨᠡ ᠵᠢᠯ ᠪᠢᠳᠡ ᠲᠤᠰ ᠠᠭᠤᠯᠠᠨ ᠲᠡᠭᠡᠷ᠎ᠡ ᠪᠠᠨ 1000 ᠮᠦ ᠭᠠᠷᠤᠢ ᠵᠢᠮᠢᠰ ᠤᠨ ᠮᠤᠲᠤᠨ ᠤ ᠠᠵᠦ ᠠᠬᠤᠢ ᠶᠢᠨ ᠤᠢ ᠵᠠᠶᠢᠯᠠᠬᠤ ᠪᠤᠯᠤᠨ᠎ᠠ᠃ ᠡᠨᠡ ᠴᠢᠨᠢ ᠪᠠᠯᠭᠠᠰᠦᠨ ᠠᠴᠠ ᠴᠢᠷᠮᠠᠶᠢᠵᠦ ᠤᠯᠵᠦ ᠦᠭᠬᠦᠭᠰᠡᠨ ᠤᠢ ᠰᠢᠭᠤᠢ ᠶᠢᠨ ᠲᠦᠷᠦᠯ ᠵᠦᠢᠯ ᠰᠢᠦ᠃ ᠪᠢᠳᠡ 4 ᠰᠠᠷ᠎ᠠ ᠶᠢᠨ ᠡᠬᠢᠨ ᠠᠴᠠ ᠡᠬᠢᠯᠡᠵᠦ ᠨᠦᠬᠡ ᠮᠠᠯᠲᠠᠵᠦ ᠮᠤᠲᠤ ᠵᠠᠶᠢᠯᠠᠬᠰᠠᠨ᠂ ᠤᠲᠤ ᠪᠠᠷᠤᠭ ᠡᠲᠦᠷ ᠪᠦᠷᠢ 100 ᠭᠠᠷᠤᠢ ᠬᠦᠮᠦᠨ ᠠᠭᠤᠯᠠᠨ ᠲᠡᠭᠡᠷ᠎ᠡ ᠠᠵᠢᠯᠯᠠᠵᠦ ᠪᠠᠶᠢᠨ᠎ᠠ︾ ᠭᠡᠵᠦ ᠯᠤᠤ ᠬᠤ᠋ ᠱᠢ ᠭᠸᠦ ᠲᠤᠰᠬᠤᠨ ᠤ ᠨᠠᠮ ᠤᠨ ᠡᠬᠦᠷ ᠤᠨ ᠱᠦᠵᠢ ᠶᠠᠨ ᠬᠠᠢ ᠬᠤᠸᠠ ᠶᠠᠷᠢᠨ᠎ᠠ᠃
    ᠰᠢᠨ ᠴᠧᠩᠽᠢ ᠪᠠᠯᠭᠠᠰᠦ ᠪᠤᠯ ᠯᠢᠨᠰᠢ ᠰᠢᠶᠠᠨ ᠤ ᠤᠯᠤᠰ ᠤᠨ ᠲᠡᠰ ᠤᠨ ᠶᠠᠲᠠᠭᠤ ᠬᠦᠴᠢᠷᠳᠡᠯᠳᠡᠢ ᠰᠢᠶᠠᠩ ᠪᠠᠯᠭᠠᠰᠦ ᠪᠤᠯᠬᠤ ᠮᠦᠷᠳᠡᠭᠡᠨ ᠠᠮᠢ ᠠᠬᠤᠢ ᠶᠢᠨ ᠤᠷᠴᠢᠨ ᠲᠤᠭᠤᠷᠢᠨ ᠮᠠᠰᠢ ᠬᠡᠪᠡᠷᠡᠭ ᠪᠠᠶᠢᠲᠠᠭ᠃ 30 ᠭᠠᠷᠤᠢ ᠵᠢᠯ ᠤᠨ ᠲᠤᠷᠰᠢᠬᠢ ᠠᠭᠤᠯᠠ ᠶᠢ ᠪᠢᠳᠡᠬᠦᠮᠵᠢᠯᠡᠵᠦ ᠤᠢᠢᠵᠢᠭᠤᠯᠬᠤ ᠵᠡᠷᠭᠡ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠪᠠᠷ ᠲᠠᠮᠵᠢᠨ᠂ ᠤᠲᠤ ᠲᠤᠰ ᠪᠠᠯᠭᠠᠰᠦ ᠨᠢ ᠨᠢᠬᠡᠨᠳᠡ ᠬᠠᠪᠤᠷ ᠴᠡᠴᠡᠭ ᠤᠨ ᠦᠨᠦᠷ ᠬᠠᠨᠭ᠍ᠬᠤᠯᠵᠦ ᠨᠠᠮᠤᠷ ᠵᠢᠮᠢᠰ ᠲᠡᠬᠦᠵᠢᠩᠨᠡᠭᠰᠡᠨ ᠴᠡᠴᠡᠭ ᠵᠢᠮᠢᠰᠲᠦ ᠨᠤᠲᠤᠭ ᠪᠤᠯᠵᠦ ᠠᠮᠢ ᠠᠬᠤᠢ ᠤᠷᠴᠢᠨ ᠲᠤᠭᠤᠷᠢᠨ ᠨᠢ ᠡᠲᠦᠷ ᠢᠷᠡᠬᠦᠶ᠎ᠡ ᠰᠠᠶᠢᠵᠢᠷᠠᠬᠰᠠᠨ ᠢᠶᠠᠷ ᠦᠯᠦ ᠪᠠᠷᠠᠮ ᠠᠳᠡᠬᠢ ᠠᠷᠠᠳ ᠲᠦᠮᠡᠨ ᠤᠢᠢᠵᠢᠭᠤᠯᠵᠦ ᠨᠤᠭᠤᠭᠠᠷᠠᠭᠤᠯᠬᠤ ᠶᠠᠪᠤᠴᠠ ᠲᠤᠮᠲᠠ ᠪᠠᠨ ᠦᠪᠡᠷ ᠤᠨ ᠤᠨᠴᠠᠯᠢᠭ ᠲᠠᠭᠠᠨ ᠲᠤᠬᠢᠷᠠᠬᠰᠠᠨ ᠬᠦᠭᠵᠢᠯᠳᠡ ᠶᠢᠨ ᠵᠠᠮ ᠢᠶᠠᠨ ᠬᠠᠶᠢᠵᠦ ᠤᠯᠤᠬᠰᠠᠨ ᠪᠠᠶᠢᠨ᠎ᠠ᠃ 2016 ᠤᠨ ᠳᠤ ᠰᠢᠨ ᠴᠧᠩᠽᠢ ᠪᠠᠯᠭᠠᠰᠦ ᠬᠠᠢ ᠲᠠᠩ ᠬᠤ᠋᠂ ᠯᠤᠤ ᠬᠤ᠋ ᠱᠢ ᠭᠸᠦ᠂ ᠳ᠋ᠠ ᠶᠢᠨ ᠭᠸᠦ ᠭᠤᠷᠪᠠᠨ ᠲᠤᠰᠬᠤᠨ ᠳᠠᠭᠠᠨ ᠤᠢ ᠰᠢᠭᠤᠢ ᠵᠢᠮᠢᠰ ᠤᠨ ᠤᠢ ᠪᠠᠷ ᠠᠷᠠᠳ ᠢᠶᠠᠨ ᠪᠠᠶᠠᠵᠢᠭᠤᠯᠬᠤ ᠢᠨᠵᠧᠨᠧᠷᠢᠩ ᠢ ᠡᠬᠢᠯᠡᠨ ᠭᠡᠷᠡᠭᠵᠢᠬᠦᠯᠦᠭᠰᠡᠨ ᠪᠠᠶᠢᠨ᠎ᠠ᠃ ᠤᠲᠤᠬᠠᠨ ᠳᠤ᠂ ᠪᠦᠬᠦ ᠪᠠᠯᠭᠠᠰᠦ ᠶᠢᠨ ᠭᠡᠭᠡᠷ᠎ᠡ ᠶᠢᠨ ᠵᠢᠮᠢᠰ ᠤᠨ ᠠᠵᠦ ᠠᠬᠤᠢ ᠶᠢᠨ ᠤᠢ ᠨᠢᠬᠡᠨᠳᠡ 5 ᠲᠦᠮᠡᠨ ᠮᠦ ᠪᠤᠯᠵᠦ᠂ ᠪᠠᠯᠭᠠᠰᠦᠨ ᠳᠠᠭᠠᠨ ᠲᠦᠮᠡᠨ ᠮᠦ ᠶᠢᠨ ᠰᠢᠨ᠎ᠡ ᠡᠬᠦᠯᠳᠡᠷ ᠤᠨ ᠴᠢᠬᠢ ᠪᠤᠶᠢᠵᠢᠭᠤᠯᠬᠤ ᠰᠠᠭᠤᠷᠢᠨ ᠢ ᠪᠠᠶᠢᠭᠤᠯᠵᠦ᠂ ᠤᠢ ᠰᠢᠭᠤᠢ ᠵᠢᠮᠢᠰ ᠤᠨ ᠠᠵᠦ ᠦᠢᠯᠡᠰ ᠢ ᠲᠤᠰ ᠪᠠᠯᠭᠠᠰᠦ ᠶᠢᠨ ᠢᠶᠠᠨ ᠠᠵᠦ ᠠᠬᠤᠢ ᠶᠢᠨ ᠬᠦᠭᠵᠢᠯᠳᠡ ᠪᠠ ᠠᠮᠢ ᠠᠬᠤᠢ ᠶᠢᠨ ᠬᠠᠮᠠᠭᠠᠯᠠᠯᠲᠠ ᠪᠦᠲᠦᠭᠡᠨ ᠪᠠᠶᠢᠭᠤᠯᠤᠯᠲᠠ ᠶᠢᠨ ᠬᠢᠯᠠᠯᠵᠠᠮ᠎ᠠ ᠨᠡᠷ᠎ᠡ ᠶᠢᠨ ᠬᠠᠭᠤᠲᠠᠰᠦ ᠪᠤᠯᠭᠠᠭᠰᠠᠨ ᠪᠢᠯᠡ᠃ 
    ᠤᠷᠲᠤᠰ ᠬᠤᠲᠠ ᠶᠢᠨ ᠬᠠᠵᠠᠭᠤᠳᠤ ᠲᠤᠰᠬᠤᠨ ᠤ ᠴᠢᠴᠠᠷᠭᠠᠨ᠎ᠠ ᠶᠢᠨ ᠤᠢ

     5 ᠰᠠᠷ᠎ᠠ ᠶᠢᠨ ᠤᠷᠲᠤᠰ ᠨᠤᠲᠤᠭ ᠲᠤ ᠡᠪᠡᠰᠦ ᠮᠤᠲᠤ ᠨᠤᠭᠤᠭᠠᠷᠠᠨ ᠦᠡᠭᠭᠡ ᠶᠢᠨ ᠴᠡᠴᠡᠭ ᠮᠢᠷᠠᠯᠵᠠᠨ᠎ᠠ᠃ ᠤᠢᠢᠷ᠎ᠠ ᠶᠢᠨ ᠬᠡᠲᠦᠨ ᠵᠢᠯ ᠤᠷᠲᠤᠰ ᠬᠤᠲᠠ ᠨᠢ ᠤᠢᠢᠵᠢᠭᠤᠯᠤᠯᠲᠠ ᠨᠤᠭᠤᠭᠠᠷᠠᠭᠤᠯᠤᠯᠲᠠ ᠶᠢᠨ ᠶᠠᠪᠤᠴᠠ ᠳᠠᠭᠠᠨ ᠲᠤᠬᠠᠢ ᠶᠢᠨ ᠭᠠᠵᠠᠷ ᠤᠨ ᠤᠨᠴᠠᠯᠢᠭ ᠲᠠᠭᠠᠨ ᠲᠤᠬᠢᠷᠠᠭᠤᠯᠤᠨ ᠴᠢᠴᠠᠷᠭᠠᠨ᠎ᠠ᠂ ᠠᠭᠤᠯᠠᠨ ᠤ ᠬᠦᠢᠯᠡᠰᠦ᠂ ᠴᠢᠪᠠᠭ᠎ᠠ᠂ ᠴᠠᠭᠠᠨ ᠭᠤᠶᠤᠤ᠂ ᠦᠵᠦᠮ᠂ ᠴᠢᠨ᠋ᠸ᠎ᠠ ᠶᠢᠨ ᠬᠠᠷᠮᠠᠭ ᠵᠡᠷᠭᠡ ᠤᠨᠴᠠᠯᠢᠬᠲᠦ ᠠᠵᠦ ᠠᠬᠤᠢ ᠶᠢᠨ ᠤᠢ ᠶᠢ ᠤᠢᠢᠵᠢᠭᠤᠯᠵᠦ᠂ ᠠᠮᠢ ᠠᠬᠤᠢ ᠶᠢᠨ ᠪᠠ ᠠᠵᠦ ᠠᠬᠤᠢ ᠶᠢᠨ ᠬᠤᠤᠰ ᠦᠷ᠎ᠡ ᠠᠰᠢᠭ ᠢ ᠬᠦᠷᠳᠡᠭᠰᠡᠨ ᠪᠠᠶᠢᠨ᠎ᠠ᠃ ᠤᠷᠲᠤᠰ ᠬᠤᠲᠠ ᠶᠢᠨ ᠳ᠋ᠦᠡᠭᠱᠧᠩ ᠲᠤᠭᠤᠷᠢᠭ ᠤᠨ ᠬᠠᠵᠤᠲᠦ ᠲᠤᠰᠬᠤᠨ ᠤ ᠠᠭᠤᠯᠠ ᠲᠠᠯ᠎ᠠ ᠶᠢ ᠪᠦᠷᠬᠦᠭᠰᠡᠨ ᠴᠢᠴᠠᠷᠭᠠᠨ᠎ᠠ ᠶᠢᠨ ᠤᠢ ᠨᠢ ᠲᠤᠬᠠᠢ ᠶᠢᠨ ᠭᠠᠵᠠᠷ ᠤᠨ ᠨᠢᠬᠡᠨ ᠤᠨᠴᠠᠯᠢᠬᠲᠦ ᠦᠵᠡᠮᠵᠢ ᠪᠤᠯᠤᠬᠰᠠᠨ ᠪᠠᠶᠢᠯ᠎ᠠ᠃ ︽ᠡᠮᠦᠨ᠎ᠡ ᠬᠡᠲᠦᠨ ᠵᠢᠯ᠂ ᠮᠠᠨ ᠤ ᠲᠤᠰᠬᠤᠨ ᠤᠢᠢᠷ᠎ᠠ ᠬᠠᠪᠢ ᠶᠢᠨ ᠭᠤᠤ ᠵᠢᠯᠠᠭ᠎ᠠ ᠳᠠᠭᠠᠨ ᠪᠦᠷ ᠴᠢᠴᠠᠷᠭᠠᠨ᠎ᠠ ᠲᠠᠷᠢᠬᠰᠠᠨ᠂ ᠤᠲᠤ ᠨᠠᠮᠤᠷ ᠪᠤᠯᠤᠬᠰᠠᠭᠠᠷ ᠪᠢᠳᠡ ᠡᠬᠦᠨ ᠠᠴᠠ ᠪᠠᠨ ᠠᠵᠦ ᠠᠬᠤᠢ ᠶᠢᠨ ᠤᠷᠤᠯᠭ᠎ᠠ ᠤᠯᠲᠠᠭ ᠰᠢᠦ︾ ᠭᠡᠵᠦ ᠬᠠᠵᠦᠲᠦ ᠲᠤᠰᠬᠤᠨ ᠤ ᠶᠠᠩ ᠰᠠᠨ ᠴᠧᠩ ᠶᠠᠷᠢᠨ᠎ᠠ᠃ ᠶᠠᠩ ᠰᠠᠨ ᠴᠧᠩ ᠤᠨ ᠬᠢᠨ 2013 ᠤᠨ ᠠᠴᠠ ᠡᠬᠢᠯᠡᠨ ᠴᠢᠴᠠᠷᠭᠠᠨ᠎ᠠ ᠲᠠᠷᠢᠵᠦ᠂ ᠲᠡᠷᠡ ᠴᠦ ᠴᠢᠴᠠᠷᠭᠠᠨ᠎ᠠ ᠭᠡᠬᠦ ᠤᠷᠭᠤᠮᠠᠯ ᠠᠴᠠ ᠪᠠᠶᠠᠵᠢᠨ ᠴᠢᠨᠡᠭᠡᠯᠢᠭᠵᠢᠬᠦ ᠶᠢᠨ ᠪᠠᠯ ᠪᠤᠷᠠᠮ ᠰᠢᠬ ᠠᠮᠲᠠ ᠶᠢ ᠮᠡᠳᠡᠯ᠎ᠡ᠃ ᠲᠡᠲᠡᠨ ᠤ ᠰᠠᠭᠤᠵᠦ ᠪᠠᠶᠢᠭ᠎ᠠ ᠬᠠᠨᠲᠠᠢ ᠶᠢᠨ ᠰᠦᠮ᠎ᠡ ᠪᠠᠯᠭᠠᠰᠦ ᠪᠠᠰᠠ ︽ᠺᠤᠮᠫᠠᠨᠢ + ᠲᠤᠰᠬᠠᠢ ᠬᠤᠷᠰᠢᠶ᠎ᠠ + ᠲᠠᠷᠢᠶᠠᠴᠢᠨ ᠡᠷᠦᠬᠡ︾᠎ ᠶᠢᠨ ᠵᠠᠬᠪᠦᠷ ᠢᠶᠠᠷ ᠴᠢᠴᠠᠷᠭᠠᠨ᠎ᠠ ᠶᠢᠨ ᠠᠵᠦ ᠦᠢᠯᠡᠰ ᠢ ᠬᠦᠭᠵᠢᠬᠦᠯᠵᠦ᠂ ᠮᠠᠯᠴᠢᠨ ᠲᠠᠷᠢᠶᠠᠴᠢᠳ ᠲᠤ ᠨᠢᠲᠦᠨ ᠳᠤ ᠦᠵᠡᠭᠳᠡᠵᠦ ᠭᠠᠷ ᠲᠤ ᠪᠠᠷᠢᠬᠲᠠᠮ᠎ᠠ ᠪᠤᠲᠠᠲᠦ ᠦᠷ᠎ᠡ ᠠᠰᠢᠭ ᠬᠦᠷᠳᠡᠭᠡᠭᠰᠡᠨ ᠪᠠᠶᠢᠨ᠎ᠠ᠃
    ᠴᠢᠴᠠᠷᠭᠠᠨ᠎ᠠ ᠪᠤᠯ ᠤᠷᠲᠤᠰ ᠨᠤᠲᠤᠭ ᠤᠨ ᠤᠨᠴᠠᠯᠢᠬᠲᠦ ᠤᠷᠭᠤᠮᠠᠯ ᠪᠤᠯᠬᠤ ᠶᠤᠮ᠃ ᠲᠡᠷᠡ ᠨᠢ ᠬᠦᠢᠳᠡᠨ ᠪᠠ ᠭᠠᠩ ᠳᠤ ᠲᠡᠰᠪᠦᠷᠢᠲᠡᠢ᠂ ᠰᠠᠯᠬᠢ ᠶᠢ ᠡᠰᠡᠷᠬᠦᠴᠡᠵᠦ ᠡᠯᠡᠰᠦ ᠶᠢ ᠲᠤᠭᠲᠠᠪᠦᠷᠢᠵᠢᠭᠤᠯᠬᠤ ᠦᠢᠯᠡᠲᠦᠯ ᠲᠠᠢ ᠪᠤᠯᠬᠤᠷ ᠤᠷᠲᠤᠰ ᠨᠤᠲᠤᠭ ᠤᠨ ᠡᠯᠡᠰᠦ ᠶᠢ ᠲᠤᠭᠲᠠᠪᠦᠷᠢᠵᠢᠭᠤᠯᠵᠦ ᠠᠮᠢ ᠠᠬᠤᠢ ᠶᠢᠨ ᠵᠠᠰᠠᠯᠲᠠ ᠬᠢᠬᠦ ᠭᠤᠤᠯ ᠤᠷᠭᠤᠮᠠᠯ ᠤᠨ ᠨᠢᠬᠡ ᠪᠤᠯᠤᠬᠰᠠᠨ ᠶᠤᠮ᠃ ᠴᠢᠴᠠᠷᠭᠠᠨ᠎ᠠ ᠶᠢᠨ ᠦᠨᠲᠦᠰᠦ ᠰᠠᠯᠠᠭᠠᠯᠠᠬᠤ ᠴᠢᠳᠠᠪᠦᠷᠢ ᠪᠠᠷ ᠰᠠᠶᠢᠨ᠂ ᠤᠰᠤ ᠰᠢᠩᠭᠡᠭᠡᠬᠦ ᠳᠡᠭᠡᠨ ᠴᠢᠲᠠᠮᠠᠭᠠᠢ ᠪᠤᠯᠬᠤᠷ ᠤᠰᠤ ᠬᠦᠷᠦᠰᠦ ᠶᠢ ᠪᠠᠲᠤᠯᠠᠬᠤ ᠤᠨᠴᠠᠭᠠᠢ ᠦᠢᠯᠡᠲᠦᠯ ᠲᠠᠢ᠂ ᠨᠡᠩ ᠴᠦ ᠦᠨᠲᠦᠰᠦᠨ ᠤ ᠰᠢᠰᠲ᠋ᠧᠮ ᠨᠢ ᠬᠦᠭᠵᠢᠵᠦ ᠨᠠᠪᠴᠢ ᠨᠠᠮᠠᠭ᠎ᠠ ᠨᠢ ᠦᠳᠭᠡᠨ ᠰᠠᠬᠤᠯᠢᠭ ᠪᠤᠯᠬᠤᠷ ᠰᠠᠯᠬᠢ ᠶᠢ ᠰᠡᠷᠭᠡᠶᠢᠯᠡᠵᠦ ᠡᠯᠡᠰᠦ ᠶᠢ ᠲᠤᠭᠲᠠᠪᠦᠷᠢᠵᠢᠭᠤᠯᠬᠤ ᠦᠢᠯᠡᠲᠦᠯ ᠲᠠᠢ ᠪᠠᠶᠢᠲᠠᠭ᠃ ᠤᠷᠲᠤᠰ ᠨᠤᠲᠤᠭ ᠲᠤ ᠴᠢᠴᠠᠷᠭᠠᠨ᠎ᠠ ᠶᠢᠨ ᠲᠠᠷᠬᠠᠯᠲᠠ ᠦᠷᠭᠡᠨ᠂ ᠬᠠᠲᠠᠭᠠᠯᠠᠬᠲᠠᠴᠠ ᠶᠢᠨ ᠬᠡᠮᠵᠢᠶ᠎ᠡ ᠶᠡᠭᠡ ᠪᠠᠶᠢᠵᠦ᠂ ᠪᠠᠷᠤᠭ ᠪᠦᠬᠦ ᠤᠯᠤᠰ ᠪᠠ ᠪᠦᠬᠦ ᠤᠷᠤᠨ ᠤ ᠴᠢᠴᠠᠷᠭᠠᠨ᠎ᠠ ᠶᠢᠨ ᠶᠡᠷᠦᠩᠭᠡᠢ ᠬᠡᠮᠵᠢᠶ᠎ᠡ ᠶᠢᠨ 60% ᠪᠠ 80%᠎ ᠢ ᠡᠵᠡᠯᠡᠵᠦ ᠪᠠᠶᠢᠲᠠᠭ᠃
     ᠠᠯᠠᠱᠠ ᠵᠡᠬᠦᠨ ᠬᠤᠰᠢᠭᠤᠨ ᠤ ᠰᠤᠬᠠᠢᠢᠳᠤ ᠭᠠᠴᠠᠭ᠎ᠠ ᠶᠢᠨ ᠲᠠᠷᠢᠮᠠᠯ ᠵᠠᠭ ᠤᠨ ᠤᠢ

    ᠠᠯᠠᠱᠠ ᠵᠡᠬᠦᠨ ᠬᠤᠰᠢᠭᠤᠨ ᠤ ᠪᠠᠶᠠᠨᠨᠢᠷᠤᠭᠤᠨ ᠰᠤᠮᠤ ᠶᠢᠨ ᠰᠤᠬᠠᠢᠢᠲᠦ ᠭᠠᠴᠠᠭ᠎ᠠ 30 ᠲᠦᠮᠡᠨ ᠮᠥ ᠶᠢᠨ ᠲᠠᠷᠢᠮᠠᠯ ᠵᠠᠭ ᠤᠨ ᠤᠢ ᠲᠠᠢ᠃ ᠲᠡᠭᠷᠢ ᠡᠯᠡᠰᠦᠨ ᠤ ᠵᠡᠬᠦᠨ ᠵᠠᠬ᠎ᠠ ᠳᠤ ᠪᠠᠶᠢᠷᠢᠯᠠᠲᠠᠭ ᠪᠠᠶᠠᠨᠨᠢᠷᠤᠭᠤᠨ ᠰᠤᠮᠤ ᠶᠢᠨ ᠰᠤᠬᠠᠢᠢᠲᠦ ᠭᠠᠴᠠᠭ᠎ᠠ ᠨᠢ ᠤᠤᠯ ᠳᠠᠭᠠᠨ ᠮᠠᠯᠵᠢᠯ ᠤᠨ ᠲᠠᠯᠠᠪᠠᠢ ᠪᠠᠶᠢᠵᠠᠢ᠂ 2004 ᠤᠨ ᠤ ᠤᠷᠴᠢᠮ ᠢᠶᠠᠷ᠂ ᠠᠳᠡᠬᠢ ᠪᠡᠯᠴᠢᠭᠡᠷ ᠮᠠᠭᠤᠲᠠᠵᠦ᠂ ᠮᠠᠯᠴᠢᠳ ᠤᠨ ᠵᠢᠯ ᠤᠨ ᠤᠷᠤᠯᠭ᠎ᠠ ᠡᠪᠡᠰᠦ ᠪᠤᠷᠲᠤᠭᠠᠨ ᠳᠠᠭᠠᠨ ᠴᠦ ᠬᠦᠷᠬᠦ ᠦᠬᠡᠢ ᠪᠤᠯᠵᠦ᠂ ᠭᠠᠴᠠᠭ᠎ᠠ ᠶᠢᠨ ᠤᠯᠠᠩᠬᠢ ᠵᠠᠯᠠᠭᠤᠴᠤᠳ ᠬᠦᠯᠦᠰᠦᠨ ᠠᠵᠢᠯ ᠬᠢᠬᠦ ᠪᠠᠷ ᠭᠠᠲᠠᠭᠰᠢ ᠶᠠᠪᠤᠭᠰᠠᠨ ᠪᠠᠶᠢᠯ᠎ᠠ᠃ ᠡᠨᠡᠬᠦ ᠪᠠᠶᠢᠲᠠᠯ ᠳᠤ ᠴᠢᠭᠯᠡᠬᠦᠯᠦᠨ ᠤᠢᠢᠷ᠎ᠠ ᠶᠢᠨ ᠬᠡᠲᠦᠨ ᠵᠢᠯ᠂ ᠭᠠᠴᠠᠭ᠎ᠠ ᠠᠴᠠ ᠲᠤᠰᠬᠠᠢ ᠬᠤᠷᠰᠢᠶ᠎ᠠ ᠪᠠᠶᠢᠭᠤᠯᠵᠦ᠂ ᠭᠠᠲᠠᠨ᠎ᠠ ᠭᠠᠵᠠᠷ ᠬᠦᠯᠦᠰᠦᠨ ᠠᠵᠢᠯ ᠬᠢᠵᠦ ᠪᠠᠶᠢᠬᠰᠠᠨ ᠮᠠᠯᠴᠢᠳ ᠲᠤ ᠨᠤᠲᠤᠭ ᠲᠠᠭᠠᠨ ᠬᠠᠷᠢᠵᠦ ᠵᠠᠭ ᠮᠤᠲᠤ ᠲᠠᠷᠢᠬᠤ ᠶᠢ ᠰᠤᠷᠲᠠᠯᠴᠢᠯᠠᠬᠰᠠᠨ ᠪᠠᠶᠢᠨ᠎ᠠ᠃
     ᠬᠤ᠋ ᠵᠢᠩ ᠺᠠᠢ ᠪᠤᠯ ᠰᠤᠬᠠᠢᠢᠲᠦ ᠭᠠᠴᠠᠭ᠎ᠠ ᠶᠢᠨ ᠬᠠᠮᠤᠭ ᠤᠨ ᠲᠦᠷᠦᠬᠦᠨ ᠳᠤ ᠵᠠᠬ ᠮᠤᠲᠤ ᠲᠠᠷᠢᠬᠰᠠᠨ ᠮᠠᠯᠴᠢᠨ ᠪᠤᠯᠤᠨ᠎ᠠ᠃ ᠲᠡᠷᠡ ᠨᠢᠬᠡᠲᠦᠭᠡᠷ ᠵᠢᠯ ᠲᠤᠷᠰᠢᠵᠦ ᠦᠵᠡᠬᠦ ᠪᠤᠲᠤᠯᠭ᠎ᠠ ᠪᠠᠷ 600 ᠮᠦ ᠵᠠᠬ ᠮᠤᠲᠤ ᠲᠠᠷᠢᠵᠠᠢ᠂ ᠰᠠᠨᠠᠭᠰᠠᠨ ᠠᠴᠠ ᠭᠠᠲᠠᠭᠤᠷ ᠲᠠᠷᠢᠬᠰᠠᠨ ᠡᠳᠡᠭᠡᠷ ᠮᠤᠲᠤᠳ ᠨᠢ ᠰᠠᠯᠠᠭᠠᠯᠠᠵᠦ ᠨᠠᠮᠠᠭᠠᠯᠠᠨ ᠲᠡᠬᠦᠨ ᠤ ᠵᠤᠷᠢᠭ ᠢ ᠬᠦᠪᠴᠢᠯᠡᠭᠰᠡᠨ ᠪᠠᠶᠢᠯ᠎ᠠ᠃ ᠠᠵᠦ ᠠᠬᠤᠢ ᠶᠢᠨ ᠤᠷᠤᠯᠭ᠎ᠠ ᠶᠢ ᠨᠡᠮᠡᠭᠳᠡᠬᠦᠯᠵᠦ ᠮᠠᠯᠴᠢᠳ ᠤᠨ ᠢᠳᠡᠪᠬᠢᠵᠢᠯ ᠢ ᠲᠠᠶᠢᠴᠢᠯᠠᠬᠤ ᠶᠢᠨ ᠲᠤᠰᠠᠲᠠ ᠠᠯᠠᠱᠠ ᠵᠡᠬᠦᠨ ᠬᠤᠰᠢᠭᠤᠨ ᠤ ᠬᠢᠨ ᠵᠠᠬ ᠮᠤᠲᠤᠨ ᠲᠡᠭᠡᠷ᠎ᠡ ᠴᠠᠭᠠᠨ ᠭᠤᠶᠤᠤ ᠶᠢ ᠵᠠᠯᠭᠠᠵᠦ ᠤᠷᠭᠤᠭᠤᠯᠬᠤ ᠶᠢ ᠰᠤᠲᠤᠯᠵᠦ᠂ ᠡᠨᠡᠬᠦ ᠲᠤᠷᠰᠢᠯᠭ᠎ᠠ ᠪᠠᠨ ᠮᠠᠯᠴᠢᠨ ᠲᠦᠮᠡᠨ ᠤ ᠲᠤᠮᠲᠠ ᠲᠡᠯᠭᠡᠷᠡᠬᠦᠯᠦᠭᠰᠡᠨ ᠪᠠᠶᠢᠨ᠎ᠠ᠃ ᠬᠤ᠋ ᠵᠢᠩ ᠺᠠᠢ ᠴᠦ ᠡᠨᠡᠬᠦ ᠲᠤᠷᠰᠢᠯᠭ᠎ᠠ ᠶᠢ ᠲᠡᠷᠡ ᠲᠤᠤᠷ᠎ᠠ ᠨᠢ ᠰᠤᠷᠴᠦ᠂ ᠵᠢᠯ ᠪᠦᠷᠢ ᠴᠠᠭᠠᠨ ᠭᠤᠶᠤᠤ ᠠᠴᠠ ᠨᠠᠭᠠᠲᠦ ᠵᠠᠬ᠎ᠠ ᠳᠠᠭᠠᠨ ᠬᠤᠷᠢ ᠭᠤᠴᠢᠨ ᠲᠦᠮᠡᠨ ᠲᠦᠬᠦᠷᠢᠭ ᠤᠯᠲᠠᠭ ᠪᠤᠯᠵᠠᠢ᠃  
ᠰᠤᠬᠠᠢᠢᠲᠦ ᠭᠠᠴᠠᠭ᠎ᠠ ᠶᠢᠨ ᠰᠢᠬ ᠡᠯᠡᠰᠦ ᠮᠠᠩᠬᠠᠨ ᠤ ᠬᠦᠪᠡᠭᠡ ᠪᠠᠷ ᠵᠠᠬ ᠮᠤᠲᠤ ᠵᠡᠷᠭᠡ ᠡᠯᠡᠰᠦ ᠶᠢ ᠲᠤᠬᠲᠠᠪᠦᠷᠢᠵᠢᠭᠤᠯᠬᠤ ᠤᠷᠭᠤᠮᠠᠯ ᠲᠠᠷᠢᠬᠤ ᠠᠷᠭ᠎ᠠ ᠨᠢ ᠡᠯᠡᠰᠦᠨ ᠤ ᠲᠦᠷᠢᠯᠳᠡ ᠶᠢ ᠪᠦᠲᠦᠮᠵᠢᠳᠡᠢ ᠬᠤᠷᠢᠬᠯᠠᠲᠠᠭ ᠪᠠᠶᠢᠨ᠎ᠠ᠃ ᠤᠲᠤ᠂ ᠲᠡᠭᠷᠢ ᠡᠯᠡᠰᠦ ᠶᠢᠨ ᠵᠡᠬᠦᠨ ᠡᠮᠦᠨ᠎ᠡ ᠬᠦᠪᠡᠭᠡ ᠪᠠᠷ ᠨᠢᠬᠡᠨᠳᠡ 350 ᠺᠢᠯᠤᠮᠧᠲᠷ ᠤᠨ ᠤᠢ ᠶᠢᠨ ᠪᠦᠰᠡ ᠪᠦᠷᠢᠯᠲᠦᠵᠦ᠂ ᠡᠯᠡᠰᠦ ᠮᠠᠩᠬᠠᠨ ᠤ ᠲᠦᠷᠢᠯᠳᠡ ᠪᠠ ᠦᠷᠬᠡᠵᠢᠯ ᠢ ᠬᠤᠷᠢᠬᠯᠠᠬᠤ ᠨᠤᠭᠤᠭᠠᠨ ᠬᠠᠯᠬᠠᠪᠴᠢ ᠪᠤᠯᠤᠬᠰᠠᠨ ᠪᠢᠯᠡ᠃ ︽ᠠᠵᠦ ᠠᠬᠤᠢ ᠶᠢᠨ ᠦᠷᠳᠡᠭ ᠢᠶᠠᠷ ᠦᠨᠲᠦᠷ ᠴᠠᠭᠠᠨ ᠭᠤᠶᠤᠤ ᠡᠯᠡᠰᠦᠨ ᠤ ᠠᠵᠦ ᠦᠢᠯᠡᠰ ᠤᠨ ᠬᠦᠭᠵᠢᠯᠳᠡ ᠶᠢ ᠲᠠᠶᠢᠴᠢᠯᠠᠵᠦ᠂ ᠡᠯᠡᠰᠦ ᠮᠠᠩᠬᠠᠨ ᠳᠤ ᠨᠤᠭᠤᠭᠠᠨ ᠬᠦᠷᠮ᠎ᠡ ᠡᠮᠦᠰᠭᠡᠭᠰᠡᠨ ᠮᠦᠷᠳᠡᠭᠡᠨ ᠮᠠᠯᠴᠢᠳ ᠴᠦ ᠰᠢᠷᠭᠠᠯ ᠮᠠᠩᠬᠠᠨ ᠠᠴᠠ ᠰᠢᠷ᠎ᠠ ᠠᠯᠲᠠ ᠮᠠᠯᠲᠠᠵᠦ ᠤᠯᠤᠬᠰᠠᠨ︾ ᠭᠡᠵᠦ ᠰᠤᠬᠠᠢᠢᠲᠦ ᠭᠠᠴᠠᠭ᠎ᠠ ᠶᠢᠨ ᠮᠠᠯᠴᠢᠨ ᠱᠧᠨ ᠶᠦᠩ ᠼᠠᠢ ᠶᠠᠷᠢᠨ᠎ᠠ᠃ ᠲᠡᠲᠡᠨᠡᠶᠢᠬᠢᠨ ᠮᠦᠨ ᠴᠦ ᠬᠤ᠋ ᠵᠢᠩ ᠺᠠᠢ ᠶᠢᠨ ᠬᠢ ᠶᠢ ᠰᠢᠬ ᠵᠠᠰᠠᠭ ᠤᠨ ᠤᠷᠲᠤᠨ ᠤ ᠪᠡᠯᠴᠢᠭᠡᠷᠯᠡᠬᠦᠯᠬᠦ ᠶᠢ ᠬᠤᠷᠢᠭᠯᠠᠬᠤ ᠲᠦᠷᠦ ᠶᠢᠨ ᠪᠤᠲᠤᠯᠭ᠎ᠠ ᠶᠤᠰᠤᠭᠠᠷ᠂ ᠵᠠᠬ ᠮᠤᠲᠤ ᠪᠠ ᠴᠠᠭᠠᠨ ᠭᠤᠶᠤᠤ ᠶᠢᠨ ᠠᠵᠦ ᠦᠢᠯᠡᠰ ᠢ ᠬᠦᠭᠵᠢᠬᠦᠯᠵᠦ᠂ ᠠᠵᠦ ᠠᠬᠤᠢ ᠶᠢᠨ ᠤᠷᠤᠯᠭ᠎ᠠ ᠪᠠᠨ ᠨᠡᠮᠡᠭᠳᠡᠬᠦᠯᠵᠦ ᠪᠠᠶᠢᠨ᠎ᠠ᠃ ᠤᠲᠤ ᠱᠧᠨ ᠶᠦᠩ ᠼᠠᠢ ᠶᠢᠨ 2000 ᠤᠨ ᠳᠤ ᠲᠠᠷᠢᠬᠰᠠᠨ 300 ᠮᠦ ᠶᠢᠨ ᠵᠠᠬ ᠮᠤᠲᠤ ᠨᠢ ᠤᠲᠤ ᠨᠢᠬᠡᠨᠳᠡ 5000 ᠭᠠᠷᠤᠢ ᠮᠦ ᠪᠤᠯᠵᠦ ᠬᠦᠭᠵᠢᠭᠡᠳ᠂ ᠱᠧᠨ ᠶᠦᠩ ᠼᠠᠢ ᠴᠦ ᠭᠠᠴᠠᠭᠠᠨ ᠤ ᠪᠠᠨ ᠵᠠᠬ ᠮᠤᠲᠤ ᠲᠠᠷᠢᠬᠤ ᠮᠡᠷᠭᠡᠵᠢᠯ ᠤᠨ ᠲᠡᠯᠭᠡᠷᠡᠬᠦᠯᠦᠭᠴᠢ ᠪᠤᠯᠵᠦ᠂ ᠵᠢᠯ ᠤᠨ ᠲᠤᠮᠲᠠᠴᠢ ᠤᠷᠤᠯᠭ᠎ᠠ ᠨᠢ 10 ᠲᠦᠮᠡ ᠭᠠᠷᠤᠢ ᠲᠦᠬᠦᠷᠢᠭ ᠲᠤ ᠬᠦᠷᠦᠭᠰᠡᠨ ᠪᠠᠶᠢᠨ᠎ᠠ᠃
     ︽ᠤᠲᠤ ᠮᠠᠨ ᠤ ᠰᠤᠮᠤ ᠶᠢᠨ ᠵᠠᠬ ᠮᠤᠲᠤ ᠶᠢᠨ ᠰᠠᠭᠤᠷᠢᠨ ᠭᠠᠵᠠᠷ ᠨᠢᠬᠡᠨᠳᠡ 3 ᠤᠢ ᠶᠢᠨ ᠪᠦᠰᠡ ᠪᠤᠯᠵᠦ ᠪᠦᠷᠢᠯᠲᠦᠪᠡ᠂ ᠬᠠᠮᠤᠭ ᠤᠨ ᠤᠷᠲᠤ ᠨᠢ 40 ᠺᠢᠯᠤᠮᠧᠲᠷ᠂ ᠦᠷᠭᠡᠨ ᠢᠶᠠᠷ ᠢᠶᠠᠨ 3 ᠺᠢᠯᠤᠮᠧᠲᠷ ᠤᠷᠴᠢᠮ ᠪᠠᠶᠢᠨ᠎ᠠ︾ ᠭᠡᠵᠦ ᠠᠯᠠᠱᠠ ᠵᠡᠬᠦᠨ ᠬᠤᠰᠢᠭᠤᠨ ᠤ ᠪᠠᠶᠠᠨᠨᠢᠷᠤᠭᠤᠨ ᠰᠤᠮᠤ ᠶᠢᠨ ᠤᠢ ᠶᠢᠨ ᠠᠵᠢᠯ ᠤᠨ ᠦᠷᠳᠡᠭᠡ ᠶᠢᠨ ᠲᠠᠷᠤᠭ᠎ᠠ ᠬᠦᠸᠧ ᡁᠢ ᠵᠢᠶᠦ᠋ᠨ ᠲᠠᠨᠢᠯᠴᠠᠭᠤᠯᠤᠨ᠎ᠠ᠃ ᠤᠲᠤᠬᠠᠨ ᠳᠤ᠂ ᠰᠤᠬᠠᠢᠢᠲᠦ ᠭᠠᠴᠠᠭ᠎ᠠ ᠶᠢᠨ ᠬᠦᠮᠦᠨ ᠤ ᠬᠦᠴᠦ ᠪᠠᠷ ᠤᠢᠢᠵᠢᠭᠤᠯᠤᠬᠰᠠᠨ ᠵᠠᠬ ᠮᠤᠲᠤᠨ ᠤᠢ ᠨᠢᠬᠡᠨᠳᠡ 30 ᠲᠦᠮᠡᠨ ᠮᠦ ᠰᠢᠬᠠᠮ ᠲᠠᠯᠠᠪᠠᠢ ᠲᠠᠢ ᠪᠤᠯᠵᠦ᠂ 3 ᠲᠦᠮᠡ ᠭᠠᠷᠤᠢ ᠮᠦ ᠶᠢᠨ ᠴᠠᠭᠠᠨ ᠭᠤᠶᠤᠤ ᠨᠢ ᠨᠢᠬᠡᠨᠳᠡ ᠮᠠᠯᠴᠢᠳ ᠲᠤ ᠪᠤᠲᠠᠲᠠᠢ ᠠᠰᠢᠭ ᠬᠦᠷᠳᠡᠭᠡᠭᠰᠡᠨ ᠪᠠᠶᠢᠨ᠎ᠠ᠃       
     
     