 

ᠬᠤᠷᠴᠢᠨ ᠵᠡᠭᠦᠨ ᠭᠠᠷᠤᠨ ᠬᠤᠶᠢᠳᠤ ᠬᠤᠰᠢᠭᠤ

2019-11-01 19:35
  203
  0
ᠬᠤᠷᠴᠢᠨ ᠵᠡᠭᠦᠨ ᠭᠠᠷᠤᠨ ᠬᠤᠶᠢᠳᠤ ᠬᠤᠰᠢᠭᠤ ᠪᠦᠬᠦ ᠪᠦᠮᠪᠦᠷᠴᠡᠭ ᠤᠨ ᠶᠠᠳᠠᠭᠤ ᠬᠦᠴᠢᠷᠳᠡᠯᠲᠡᠢ ᠬᠦᠮᠦᠨ ᠠᠮᠠ ᠶᠢ ᠴᠦᠬᠡᠳᠭᠡᠬᠦ ᠦᠢᠯᠡᠰ ᠲᠤ 2 ᠰᠢᠨ᠎ᠡ ᠵᠠᠭᠪᠣᠷ ᠡᠭᠦᠳᠦᠯ᠎ᠡ

  ︽ᠳᠤᠰ ᠬᠤᠰᠢᠭᠤ ᠶᠠᠳᠠᠭᠤ ᠶᠢ ᠳᠡᠳᠬᠦᠬᠦ ᠠᠵᠢᠯ ᠤᠨ ᠰᠢᠨ᠎ᠠ ᠵᠠᠭᠪᠤᠷ ᠢ ᠬᠠᠶᠢᠨ ᠰᠦᠪᠡᠭᠴᠢᠯᠡᠵᠤ᠂ ᠦᠷ᠎ᠠ ᠪᠦᠳᠦᠮᠵᠢ ᠨᠢ ᠮᠠᠰᠢ  ᠭᠠᠶᠢᠬᠠᠮ᠎ᠠ᠃ ᠶᠠᠳᠠᠭᠤ ᠬᠦᠴᠢᠷᠳᠡᠯᠳᠠᠢ ᠤᠯᠠᠨ ᠲᠦᠮᠡᠨ ᠤ ᠠᠰᠢᠭ ᠳᠤᠰᠠ ᠶᠢ ᠦᠨᠡᠨ ᠬᠦ ᠪᠠᠳᠤᠯᠠᠬᠰᠠᠨ ᠡᠨᠡ ᠬᠦ ᠵᠠᠭᠪᠤᠷ ᠢ ᠳᠡᠯᠡᠬᠡᠢ ᠶᠢᠨ ᠬᠦᠭᠵᠢᠵᠤ ᠪᠠᠶᠢᠭ᠎ᠠ ᠤᠯᠤᠰ ᠤᠷᠤᠨ ᠳᠤ ᠳᠡᠯᠬᠡᠷᠡᠬᠦᠯᠦᠬᠦᠰᠢᠳᠡᠢ︾᠃ ᠡᠨᠡ ᠪᠤᠯ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠳᠡᠯᠡᠭᠡᠢ ᠶᠢᠨ ᠠᠮᠤ ᠪᠤᠳᠠᠭᠠᠨ ᠤ ᠲᠦᠯᠦᠪᠯᠡᠯᠬᠡ ᠶᠢᠨ ᠵᠠᠬᠢᠷᠭᠠᠨ ᠤ ᠳᠤᠮᠳᠠᠳᠤ ᠤᠯᠤᠰ ᠲᠤ ᠰᠠᠭᠤᠭ᠎ᠠ ᠳᠦᠯᠦᠭᠡᠯᠡᠭᠴᠢ ᠴᠢᠦᠢ ᠰᠧ ᠰᠢ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠳᠤ ᠢᠷᠡᠵᠤ ᠪᠦᠬᠦ ᠪᠦᠮᠪᠦᠷᠴᠡᠭ ᠤᠨ ᠶᠠᠳᠠᠭᠤ ᠬᠦᠴᠢᠷᠳᠡᠯᠳᠡᠢ ᠬᠦᠮᠦᠨ ᠠᠮᠠ ᠶᠢ ᠴᠦᠭᠡᠳᠭᠡᠭᠰᠡᠨ ᠨᠡᠶᠢᠳᠡᠯᠢᠭ ᠵᠢᠱᠢᠶ᠎ᠡ ᠶᠢᠨ ᠠᠭᠤᠯᠭ᠎ᠠ ᠳᠤ ᠰᠢᠯᠭᠠᠨ ᠦᠨᠡᠯᠡᠯᠳᠡ ᠬᠢᠬᠦ ᠳᠡᠭᠡᠨ ᠶᠠᠷᠢᠬᠰᠠᠨ ᠦᠬᠡ ᠪᠤᠯᠤᠨ᠎ᠠ᠃ ᠳᠤᠰ ᠬᠤᠰᠢᠭᠤ ᠨᠤᠭᠤᠭᠠᠨ ᠳᠠᠯ᠎ᠠ ᠶᠢᠨ ᠬᠡᠰᠢᠭ ᠤᠯᠠᠭᠠᠨ ᠦᠬᠡᠷ ᠤᠨ ᠬᠦᠴᠦᠨ ᠢᠶᠠᠷ ᠬᠦᠭᠵᠢᠯᠳᠡ ᠶᠢᠨ ᠬᠤᠤᠰ ᠵᠢᠬᠦᠷ ᠤᠷᠭᠤᠭᠤᠯᠤᠨ ᠬᠤᠷᠴᠢᠨ ᠤ ᠡᠯᠡᠰᠦᠨ ᠠᠴᠠ ᠳᠡᠬᠦᠯᠢᠨ ᠨᠢᠰᠴᠦ᠂ ᠠᠩᠬ᠎ᠠ ᠤᠳᠠᠭ᠎ᠠ ᠶᠠᠳᠠᠭᠤ ᠠᠴᠠ ᠠᠩᠬᠢᠵᠢᠷᠠᠭᠰᠠᠨ ᠵᠠᠭᠪᠤᠷ ᠢᠶᠠᠷ ᠢᠶᠠᠨ ᠲᠡᠯᠡᠬᠡᠢ ᠶᠢᠨ ᠲᠠᠪᠴᠠᠩ ᠳᠤ ᠢᠯᠡᠷᠡᠨ᠂ ᠪᠦᠬᠦ ᠪᠥᠮᠪᠥᠷᠴᠡᠭ ᠤᠨ ᠶᠠᠳᠠᠭᠤ ᠬᠦᠴᠢᠷᠳᠡᠯᠳᠡᠢ ᠬᠦᠮᠦᠨ ᠠᠮᠠ ᠶᠢ ᠴᠦᠭᠡᠳᠭᠡᠭᠦ ᠦᠢᠯᠡᠰ ᠲᠤ ᠬᠠᠭᠤᠯᠪᠤᠷᠢᠯᠠᠵᠤ ᠪᠣᠯᠬᠤᠢᠢᠴᠠ ᠳᠤᠯᠢᠳᠠᠵᠦ ᠪᠣᠯᠬᠤᠢᠢᠴᠠ ᠬᠡᠷᠡᠭᠯᠡᠭᠡᠨ ᠤ ᠠᠮᠵᠢᠯᠳᠠ ᠲᠠᠢ ᠳᠤᠷᠰᠢᠯᠭ᠎ᠠ ᠬᠠᠨᠳᠢᠪᠯᠠᠵᠦ᠂ ᠳᠤᠮᠳᠠᠳᠤ ᠤᠯᠤᠰ ᠤᠨ ᠶᠠᠳᠠᠭᠤ ᠶᠢ ᠳᠡᠳᠭᠦᠭᠦ ᠣᠶᠤᠨ ᠤᠬᠠᠭᠠᠨ ᠢ ᠳᠠᠯᠡᠭᠡᠢ ᠳ᠋ᠠᠬᠢᠨ᠎ᠠ ᠬᠠᠷᠠᠭᠤᠯᠤᠯ᠎ᠠ᠃
  ᠦᠢᠷ᠎ᠠ ᠳᠤ᠂ ᠲᠤᠰ ᠬᠤᠰᠢᠭᠤᠨ ᠤ ︽ᠠᠮᠢ ᠠᠬᠤᠶ ᠪᠠᠷ ᠶᠠᠳᠠᠭᠤ ᠶᠢ ᠲᠡᠳᠬᠦᠭᠰᠡᠨ ᠨᠡᠶᠢᠳᠡᠯᠢᠭ ᠵᠢᠱᠢᠶ᠎ᠡ︾᠂ ︽ᠤᠯᠠᠭᠠᠨ ᠦᠬᠡᠷ ᠤᠨ ᠠᠵᠤ ᠦᠢᠯᠡᠰ ᠢᠶᠠᠷ ᠤᠨᠢᠨ ᠳᠡᠭᠡᠷ᠎ᠠ ᠨᠢ ᠶᠠᠳᠠᠭᠤ ᠶᠢ ᠲᠡᠳᠬᠦᠭᠰᠡᠨ ᠨᠡᠶᠢᠳᠡᠯᠢᠭ ᠵᠢᠱᠢᠶ᠎ᠡ︾ ᠨᠢ ᠲᠡᠯᠡᠬᠡᠢ ᠶᠢᠨ 30 ᠭᠠᠷᠤᠢ ᠤᠯᠤᠰ ᠤᠷᠤᠨ ᠠᠴᠠ ᠳᠡᠪᠰᠢᠬᠦᠯᠦᠭᠰᠡᠨ 820 ᠵᠢᠱᠢᠶ᠎ᠡ ᠶᠢᠨ ᠳᠤᠳᠤᠷ᠎ᠠ ᠠᠴᠠ ᠴᠤᠯᠭᠤᠷᠠᠨ ᠭᠠᠷᠴᠦ᠂ ᠪᠦᠬᠦ ᠪᠦᠮᠪᠦᠷᠴᠡᠭ ᠤᠨ ᠶᠠᠳᠠᠭᠤ ᠬᠦ᠋ᠴᠢᠷᠳᠡᠯᠳᠡᠢ ᠬᠦᠮᠦᠨ ᠠᠮᠠ ᠶᠢ ᠴᠦᠭᠡᠳᠭᠡᠭᠰᠡᠨ 110 ᠰᠤᠳᠤᠨ ᠨᠡᠶᠢᠳᠡᠯᠢᠭ ᠵᠢᠱᠢᠶ᠎ᠡ ᠳᠤ ᠰᠤᠩᠭᠤᠭᠳᠠᠪᠠ᠃ ᠨᠢᠬᠡᠯᠠ ᠬᠤᠰᠢᠭᠤᠨ ᠠᠴᠠ 2 ᠵᠢᠱᠢᠶ᠎ᠡ ᠰᠤᠩᠭᠤᠭᠳᠠᠭᠰᠠᠨ ᠨᠢ ᠪᠦᠬᠦ ᠤᠯᠤᠰ ᠲᠤ ᠭᠠᠭᠴᠠᠬᠠᠨ᠃ ᠲᠤᠰ ᠬᠤᠰᠢᠭᠤ ᠨᠢ ᠤᠯᠤᠰ ᠤᠨ ᠲᠡᠰ ᠤᠨ ᠶᠠᠳᠠᠭᠤ ᠬᠦᠴᠢᠷᠳᠡᠯᠳᠡᠢ ᠬᠤᠰᠢᠭᠤ ᠪᠠᠶᠢᠬᠰᠡᠨ ᠠᠴᠠ ᠪᠠᠨ ᠡᠨᠡ ᠵᠢᠯ ᠶᠠᠳᠠᠭᠤ ᠠᠴᠠ ᠠᠩᠬᠢᠵᠢᠷᠠᠵᠤ᠂ ᠲᠡᠳᠡᠨ ᠤ ᠶᠠᠳᠠᠭᠤ ᠶᠢ ᠳᠡᠳᠬᠦᠬᠦ ᠵᠠᠭᠪᠤᠷ ᠤᠨ ᠰᠢᠨ᠎ᠠ ᠡᠬᠦᠳᠦᠯᠳᠡ ᠨᠢ ᠲᠦᠷᠦ ᠶᠢᠨ ᠶᠠᠪᠤᠳᠠᠯ ᠤᠨ ᠬᠤᠷᠢᠶᠠᠨ ᠤ ᠶᠠᠳᠠᠭᠤ ᠶᠢ ᠲᠡᠳᠬᠦᠬᠦ ᠨᠡᠭᠡᠭᠡᠯᠳᠡ ᠶᠢᠨ ᠠᠵᠢᠯ ᠤᠨ ᠤᠳᠤᠷᠢᠳᠬᠤ ᠳᠤᠭᠤᠢᠢᠯᠠᠩ ᠤᠨ ᠦᠨᠳᠦᠷ ᠦᠨᠡᠯᠡᠯᠳᠠ ᠶᠢ ᠭᠦᠷᠳᠡᠵᠤ᠂ ︽ᠪᠥᠬᠦ ᠤᠯᠤᠰ ᠤᠨ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠤᠨ ᠵᠣᠬᠢᠶᠠᠨ ᠪᠠᠶᠢᠭᠤᠯᠤᠯᠲᠠ ᠶᠢᠨ ᠰᠢᠨ᠎ᠡ ᠶᠢ ᠡᠭᠦᠳᠬᠦ ᠱᠠᠩᠨᠠᠯ︾ ᠤᠯᠪᠠ᠃
  10 ᠰᠠᠷ᠎ᠠ ᠶᠢᠨ 26 ᠤ ᠡᠳᠦᠷ᠂ ᠨᠤᠭᠤᠰᠤᠳᠠᠢ ᠪᠠᠯᠭᠠᠰᠤᠨ ᠤ 50 ᠲᠦᠮᠡᠡ ᠮᠦ ᠶᠢᠨ ᠦᠢᠵᠢᠭᠤᠯᠤᠯᠳᠠ ᠶᠢᠨ ᠤᠷᠤᠨ ᠳᠤ ᠭᠠᠯ ᠰᠡᠷᠭᠡᠶᠢᠯᠡᠬᠦ ᠡᠬᠡᠯᠵᠢ ᠶᠢᠨ ᠠᠵᠢᠯ ᠳᠠᠭᠠᠨ ᠶᠠᠭᠠᠷᠠᠵᠤ ᠪᠠᠶᠢᠬᠰᠡᠨ ᠤᠢ ᠬᠠᠮᠠᠭᠠᠯᠠᠭᠴᠢ ᠴᠢᠨᠳᠠᠮᠤᠨᠢ᠂ ᠦᠰᠴᠦ ᠲᠦᠷᠦᠭᠰᠡᠨ ᠨᠤᠳᠤᠭ ᠨᠢ ᠲᠦᠷᠦ ᠶᠢᠨ ᠱᠠᠩᠨᠠᠯ ᠢ ᠬᠦᠷᠳᠡᠨ᠂ ᠳᠡᠯᠡᠬᠡᠢ ᠶᠢᠨ ᠲᠠᠪᠴᠠᠩ ᠳᠤ ᠬᠦᠷᠳᠡᠯ᠎ᠠ ᠠᠯᠳᠠᠷ ᠮᠠᠨᠳᠤᠨ᠎ᠠ ᠬᠡᠵᠦ ᠪᠤᠳᠤᠵᠦ ᠤᠯᠤᠭ᠎ᠠ ᠦᠬᠡᠢ ᠭᠡᠵᠤ ᠰᠤᠷᠪᠤᠯᠵᠢᠯᠬᠠᠴᠢ ᠳᠤ ᠶᠠᠷᠢᠨ᠎ᠠ᠃ ᠨᠤᠭᠤᠰᠤᠳᠠᠢ ᠪᠠᠯᠭᠠᠰᠤᠨ ᠤ ᠪᠠᠶᠠᠨᠨᠠᠭᠤᠷ ᠭᠠᠴᠠᠭ᠎ᠠ ᠪᠠᠷ ᠨᠤᠳᠤᠭ ᠲᠠᠢ ᠳᠡᠬᠦᠨ ᠤ ᠠᠪᠤ ᠨᠢ ᠡᠮᠦᠨ᠎ᠠ ᠬᠡᠳᠦᠨ ᠵᠢᠯ ᠡᠪᠡᠳᠴᠢᠯᠡᠵᠦ ᠡᠮᠨᠡᠵᠦ ᠵᠠᠰᠠᠭᠤᠯᠤᠭᠠᠳ ᠦᠷᠢ ᠰᠢᠷᠢᠨ ᠳᠤ ᠳᠠᠷᠤᠭᠳᠠᠭᠰᠠᠨ ᠪᠠᠶᠢᠵᠠᠢ᠃ ᠨᠤᠳᠤᠭ ᠤᠰᠤ ᠪᠠᠨ ᠦᠢᠵᠢᠭᠤᠯᠬᠤ ᠠᠵᠢᠯᠯᠠᠭ᠎ᠠ ᠦᠷᠨᠢᠬᠦᠯᠭᠦ ᠪᠠᠷ ᠳᠡᠷᠡ ᠪᠦᠰᠡᠬᠦᠢ ᠲᠠᠢ ᠪᠠᠨ ᠬᠦᠴᠦᠨ ᠤ ᠠᠵᠢᠯᠴᠢᠨ ᠪᠤᠯᠵᠦ ᠵᠢᠯ ᠪᠦᠷᠢ ᠮᠤᠳᠤ ᠲᠠᠷᠢᠵᠤ ᠲᠦᠮᠡᠨ ᠲᠦᠭᠦᠷᠢᠭ ᠤᠯᠳᠠᠭ ᠪᠤᠯᠤᠬᠰᠡᠨ ᠪᠦᠭᠡᠳ ᠤᠢ ᠬᠠᠮᠠᠭᠠᠯᠠᠭᠴᠢ ᠶᠢᠨ ᠠᠵᠢᠯ ᠭᠢᠵᠤ ᠵᠢᠯ ᠳᠤ ᠪᠠᠰᠠ ᠲᠦᠮᠡᠨ ᠲᠦᠬᠦᠷᠢᠭ ᠤᠯᠵᠦ ᠪᠤᠢ᠃ ᠳᠡᠷᠡ ᠪᠠᠰᠠ ᠤᠯᠠᠭᠠᠨ ᠦᠬᠡᠷ ᠳᠡᠵᠢᠬᠡᠵᠦ ᠬᠤᠳᠠᠯᠳᠤᠭᠠᠳ ᠬᠡᠳᠦᠬᠡᠨ ᠵᠢᠯ ᠤᠨ ᠴᠢᠷᠮᠠᠶᠢᠯᠭ᠎ᠠ ᠪᠠᠷ ᠦᠷᠢ ᠪᠠᠨ ᠪᠦᠭᠯᠡᠨ ᠤᠳᠤ ᠵᠢᠯ ᠳᠤ ᠠᠷᠪᠠᠨ ᠲᠦᠮᠡᠨ ᠳᠦᠬᠦᠷᠢᠭ ᠤᠨ ᠤᠷᠤᠯᠭ᠎ᠠ ᠲᠠᠢ ᠪᠤᠯᠤᠯ᠎ᠠ᠃
  ᠴᠢᠨᠳᠠᠮᠤᠨᠢ ᠲᠠᠢ ᠠᠳᠠᠯᠢᠬᠠᠨ ᠤᠢᠢᠵᠢᠭᠤᠯᠤᠯᠳᠠ ᠶᠢᠨ ᠠᠰᠢᠬ ᠢ ᠬᠦᠷᠳᠡᠭᠰᠡᠨ ᠶᠠᠳᠠᠭᠤ ᠬᠦᠴᠢᠷᠳᠡᠯᠳᠡᠢ ᠬᠦᠮᠦᠨ ᠡᠨᠡ ᠬᠤᠰᠢᠭᠤᠨ ᠳᠤ ᠮᠠᠰᠢ ᠤᠯᠠᠨ᠃ ᠶᠠᠳᠠᠭᠤ ᠬᠦᠴᠢᠷᠳᠡᠯᠳᠡᠢ ᠡᠷᠦᠬᠡ ᠭᠠᠵᠠᠷ ᠰᠢᠷᠤᠢ ᠪᠠᠨ ᠰᠢᠯᠵᠢᠬᠦᠯᠦᠨ ᠲᠦᠷᠢᠶᠡᠰᠦᠯᠡᠬᠦᠯᠬᠦ᠂ ᠴᠢᠬᠢ ᠮᠤᠳᠤ ᠪᠤᠶᠢᠵᠢᠭᠤᠯᠬᠤ᠂ ᠦᠢᠵᠢᠭᠤᠯᠤᠯᠳᠠ ᠬᠢᠬᠦ᠂ ᠬᠠᠮᠢᠶᠠᠷᠴᠦ ᠬᠠᠮᠠᠭᠠᠯᠠᠬᠤ ᠪᠠᠷ ᠳᠠᠮᠵᠢᠨ ᠠᠮᠢ ᠠᠬᠤᠢ ᠪᠠᠷ ᠶᠠᠳᠠᠭᠤ ᠶᠢ ᠳᠡᠳᠬᠦᠭᠰᠡᠨ ᠠᠰᠢᠭ ᠢ ᠰᠢᠭᠤᠳ ᠬᠦᠷᠳᠡᠪᠡ᠃ 6 ᠵᠢᠯ ᠤᠨ ᠳᠤᠷᠰᠢ ᠠᠮᠢ ᠠᠬᠤᠢ ᠶᠢ ᠰᠠᠶᠢᠵᠢᠷᠠᠭᠤᠯᠬᠤ ᠪᠠᠷ ᠳᠠᠮᠵᠢᠨ 3 ᠲᠦᠮᠡ ᠭᠠᠷᠤᠢ ᠶᠠᠳᠠᠭᠤ ᠬᠦᠴᠢᠷᠳᠡᠯᠲᠡᠶ ᠬᠥᠮᠦᠨ ᠠᠮᠠ ᠶᠢ ᠶᠠᠳᠠᠭᠤ ᠠᠴᠠ ᠠᠩᠭᠢᠵᠢᠷᠠᠭᠤᠯᠵᠤ᠂ ᠶᠠᠳᠠᠭᠤ ᠬᠦᠴᠢᠷᠳᠡᠯᠳᠡᠢ ᠡᠷᠦᠬᠡ ᠶᠢᠨ ᠤᠷᠤᠯᠭ᠎ᠠ ᠶᠢ ᠨᠡᠶᠢᠳᠡ 1.04 ᠳ᠋ᠦᠩᠰᠢᠭᠤᠷ ᠲᠦᠬᠦᠷᠢᠭ ᠨᠡᠮᠡᠭᠳᠡᠬᠦᠯᠵᠦ᠂ ᠶᠠᠳᠠᠭᠤ ᠬᠦᠴᠢᠷᠳᠡᠯᠳᠡᠢ ᠡᠷᠦᠬᠡ ᠶᠢᠨ ᠬᠦᠮᠦᠨ ᠲᠤᠮᠳᠠᠴᠢ ᠶᠢᠨ ᠤᠷᠤᠯᠭ᠎ᠠ ᠶᠢ ᠵᠢᠯ ᠤᠨ 738 ᠲᠦᠭᠦᠷᠢᠭ ᠨᠡᠮᠡᠭᠳᠡᠬᠦᠯᠵᠠᠢ᠃ ᠲᠤᠰ ᠬᠤᠰᠢᠭᠤᠨ ᠤ ᠡᠯᠡᠰᠦᠷᠬᠡᠭᠵᠢᠭᠰᠡᠨ ᠲᠠᠯᠠᠪᠠᠢ ᠨᠢ ᠨᠢᠭᠡᠨ ᠦᠶ᠎ᠡ 80% ᠰᠢᠬᠠᠮ ᠳᠤ ᠬᠦᠷᠴᠦ ᠪᠠᠶᠢᠬᠰᠠᠨ ᠠᠴᠠ ᠪᠠᠨ ᠤᠷᠴᠢᠮ ᠤᠨ ᠵᠢᠯ ᠳᠤ ᠡᠯᠡᠰᠦᠷᠬᠡᠭ ᠭᠠᠵᠠᠷ ᠢ 609 ᠲᠦᠮᠡᠨ ᠮᠦ ᠵᠠᠰᠠᠨ ᠰᠠᠶᠢᠵᠢᠷᠠᠭᠤᠯᠵᠦ᠂ ᠤᠳᠤᠬᠠᠨ ᠳᠤ ᠤᠢ ᠰᠢᠭᠤᠢ ᠡᠪᠡᠰᠦᠨ ᠤ ᠪᠦᠷᠭᠦᠴᠠ 80% ᠶᠢ ᠳᠠᠪᠠᠨ᠂ ᠮᠤᠳᠤ ᠪᠦᠷᠬᠦᠭᠰᠡᠨ ᠮᠠᠩᠬ᠎ᠠ ᠳᠤᠪᠤ ᠠᠴᠠ ᠠᠮᠢᠵᠢᠷᠠᠯ ᠤᠨ ᠤᠷᠠᠢ ᠴᠤᠤᠷᠢᠶᠠᠳᠤᠨ᠎ᠠ᠃ ︽ᠠᠮᠢ ᠠᠬᠤᠶ ᠪᠣᠯ ᠳᠠᠷᠤᠶ ᠠᠮᠢ ᠨᠠᠰᠤ ᠮᠥᠨ᠂ ᠡᠯᠡᠰᠦ ᠶᠢ ᠵᠠᠰᠠᠪᠠᠯ ᠰᠠᠶ᠋ᠢ ᠶᠠᠳᠠᠭᠤ ᠶᠢ ᠵᠠᠰᠠᠵᠤ ᠲᠡᠶᠢᠯᠦᠨ᠎ᠠ︾ ᠬᠡᠬᠦ ᠠᠷᠪᠠᠭᠠᠳ ᠵᠢᠯ ᠤᠨ ᠪᠠᠷᠢᠮᠳᠠᠯᠠᠯ ᠤᠨ ᠬᠢᠨᠢ ᠠᠴᠢ ᠬᠠᠷᠢᠭᠤ ᠨᠢ ᠡᠨᠡ ᠪᠢᠯᠡ᠃
  10 ᠰᠠᠷ᠎ᠠ ᠶᠢᠨ 27 ᠤ ᠦᠷᠯᠦᠭᠡ᠂ ᠴᠢᠩ ᠱᠠᠨ ᠳᠡᠵᠢᠬᠡᠵᠦ ᠠᠷᠠᠴᠢᠯᠠᠬᠤ ᠳᠠᠯᠠᠪᠠᠢ ᠳᠤ ᠦᠭᠡᠷ ᠨᠠᠶᠢᠳᠠᠨ ᠳᠡᠵᠢᠬᠡᠯᠬᠡᠭᠰᠡᠨ ᠭᠠᠨᠵᠤᠭ᠎ᠠ ᠪᠠᠯᠭᠠᠰᠤᠨ ᠤ ᠰᠢᠨ᠎ᠠ ᠠᠶᠢᠯ ᠳᠤᠰᠬᠤᠨ ᠤ 10 ᠶᠠᠳᠠᠭᠤ ᠬᠦᠴᠢᠷᠳᠡᠯᠳᠠᠢ ᠡᠷᠦᠬᠡ ᠶᠢᠨ ᠬᠢᠨ ᠴᠤᠭᠯᠠᠷᠠᠵᠦ᠂ ᠡᠷᠦᠬᠡ ᠪᠦᠷᠢ 1100 ᠲᠦᠬᠦᠷᠢᠭ ᠢᠶᠠᠨ ᠪᠠᠶᠠᠷᠳᠠᠢ ᠭᠠᠷᠳᠠᠯ᠎ᠠ᠃ ᠬᠦᠳᠡᠯᠮᠦᠷᠢ ᠬᠦᠴᠦ ᠦᠬᠡᠢ ᠡᠳᠡᠭᠡᠷ ᠡᠷᠦᠬᠡ ᠪᠠᠩᠬᠢ ᠠᠴᠠ ᠲᠦᠮᠡᠨ ᠲᠦᠬᠦᠷᠢᠭ ᠤᠨ ᠵᠢᠬᠡᠯᠡᠯᠬᠡ ᠪᠠᠷ ᠦᠬᠡᠷ ᠠᠪᠴᠦ ᠳᠡᠵᠢᠬᠡᠵᠦ ᠠᠷᠠᠴᠢᠯᠠᠬᠤ ᠺᠤᠮᠫᠠᠨᠢ ᠳᠤ ᠳᠡᠵᠢᠬᠡᠯᠬᠡᠬᠡᠳ ᠵᠢᠯ ᠪᠤᠯᠭᠠᠨ ᠠᠰᠢᠭ ᠤᠯᠵᠠᠪᠤᠷᠢ ᠤᠯᠵᠦ ᠪᠠᠶᠢᠨ᠎ᠠ᠃ ︽ᠪᠡᠯᠡ ᠮᠦᠩᠬᠦ ᠶᠠᠳᠠᠭᠤ ᠬᠦᠴᠢᠷᠳᠡᠯᠳᠠᠢ ᠡᠷᠦᠬᠡ ᠶᠢ ᠮᠦᠷᠳᠡᠨ᠂ ᠶᠠᠳᠠᠭᠤ ᠬᠦᠴᠢᠷᠳᠡᠯᠳᠡᠢ ᠡᠷᠦᠭᠡ ᠠᠵᠦ ᠦᠢᠯᠡᠰ ᠢ ᠮᠦᠷᠳᠡᠨ᠂ ᠠᠵᠦ ᠦᠢᠯᠡᠰ ᠵᠠᠬ᠎ᠠ ᠳᠡᠯᠬᠡᠬᠦᠷ ᠢ  ᠮᠦᠷᠳᠡᠬᠦ︾ ᠪᠤᠯ ᠳᠤᠰ ᠬᠤᠰᠢᠭᠤᠨ ᠤ ᠤᠯᠠᠭᠠᠨ ᠦᠬᠡᠷ ᠤᠨ ᠠᠵᠤ ᠦᠢᠯᠡᠰ ᠢᠶᠠᠷ ᠶᠠᠳᠠᠭᠤ ᠠᠴᠠ ᠠᠩᠭᠢᠵᠢᠷᠠᠭᠤᠯᠬᠤ ᠠᠵᠢᠯ ᠤᠨ ᠰᠡᠳᠬᠢᠴᠡ᠃ ᠢᠢᠨ ᠭᠦ ᠡᠷᠦᠬᠡ ᠪᠦᠷᠢ ᠶᠢᠨ ᠪᠣᠳᠠᠲᠠᠶ ᠪᠠᠶᠢᠳᠠᠯ ᠢ ᠦᠨᠳᠦᠰᠦᠯᠡᠨ 10 ᠵᠦᠢᠯ ᠤᠨ ᠳᠡᠮᠵᠢᠯᠭᠡ ᠶᠢᠨ ᠲᠥᠷᠦ ᠶᠢᠨ ᠪᠣᠳᠣᠯᠭ᠎ᠠ ᠶᠢ ᠬᠡᠷᠡᠭᠵᠢᠬᠦᠯᠵᠦ᠂ ᠬᠥᠳᠡᠯᠮᠦᠷᠢᠯᠡᠬᠦ ᠴᠢᠳᠠᠪᠤᠷᠢ ᠲᠠᠢ ᠠᠶᠢᠯ ᠡᠷᠦᠬᠡ ᠪᠤᠯᠭᠠᠨ ᠤᠯᠠᠭᠠᠨ ᠦᠬᠡᠷ ᠲᠡᠵᠢᠭᠡᠬᠦ᠂ ᠬᠥᠳᠡᠯᠮᠦᠷᠢᠯᠡᠬᠦ ᠨᠦᠬᠦᠴᠡᠯ ᠥᠬᠡᠶ ᠠᠶᠢᠯ ᠡᠷᠦᠬᠡ ᠪᠤᠯᠭᠠᠨ ᠠᠰᠢᠭ ᠤᠯᠵᠠᠪᠤᠷᠢ ᠬᠤᠪᠢᠶᠠᠷᠢᠯᠠᠬᠤ ᠶᠢ ᠪᠡᠶᠡᠯᠡᠭᠦᠯᠪᠡ᠃ 2018 ᠣᠨ ᠳᠤ ᠬᠤᠷᠴᠢᠨ ᠵᠡᠭᠦᠨ ᠭᠠᠷᠤᠨ ᠬᠤᠶᠢᠲᠤ ᠬᠤᠰᠢᠭᠤ ᠪᠥᠬᠦ ᠤᠯᠤᠰ ᠤᠨ ᠠᠩᠬᠠᠨ ᠤ ᠪᠦᠯᠦᠭ ᠲᠡᠵᠢᠭᠡᠨ ᠦᠷᠡᠵᠢᠭᠦᠯᠬᠦ ᠲᠣᠮᠣ ᠰᠢᠶᠠᠨ ᠤ ᠨᠢᠬᠡ ᠪᠤᠯᠵᠦ᠂ ᠣᠳᠣᠬᠠᠨ ᠳᠤ ᠪᠥᠬᠦ ᠬᠤᠰᠢᠭᠤᠨ ᠤ ᠦᠬᠡᠷ ᠤᠨ ᠲᠤᠭ᠎ᠠ ᠲᠤᠯᠤᠭᠠᠢ 88 ᠲᠦᠮᠡ ᠳᠤ ᠬᠦᠷᠴᠦ᠂ ᠶᠠᠳᠠᠭᠤ ᠬᠦᠴᠢᠷᠳᠡᠯᠲᠡᠶ ᠡᠷᠦᠬᠡ ᠳᠤ ᠬᠥᠮᠦᠨ ᠳᠤᠮᠳᠠᠴᠢ ᠪᠠᠷ 2 ᠦᠬᠡᠷ ᠨᠤᠭᠳᠠᠵᠦ᠂ ᠪᠥᠬᠦ ᠬᠤᠰᠢᠭᠤᠨ ᠤ ᠶᠠᠳᠠᠭᠤ ᠠᠴᠠ ᠠᠩᠭᠢᠵᠢᠷᠠᠭᠰᠠᠨ ᠡᠷᠦᠬᠡ ᠶᠢᠨ 80% ᠠᠴᠠ ᠳᠡᠭᠡᠭᠰᠢᠬᠢ ᠨᠢ ᠤᠯᠠᠭᠠᠨ ᠦᠬᠡᠷ ᠲᠡᠵᠢᠭᠡᠵᠤ ᠴᠢᠨᠡᠬᠡᠯᠢᠭᠵᠢᠯ ᠤᠨ ᠵᠠᠮ ᠢᠶᠠᠷ ᠵᠠᠮᠨᠠᠵᠡᠢ᠃
  ᠳᠤᠰ ᠬᠤᠰᠢᠭᠤ ᠠᠮᠢ ᠠᠬᠤᠢ ᠶᠢᠨ ᠰᠡᠷᠬᠦᠯᠳᠡ ᠶᠢ ᠠᠷᠡᠤᠨ ᠤᠨ ᠠᠮᠢᠳᠤᠷᠠᠯ ᠤᠢᠢᠯᠡᠤᠨᠪᠤᠷᠢᠯᠡᠯ ᠲᠠᠢ ᠬᠤᠯᠪᠤᠵᠤ᠂ ᠤᠯᠠᠭᠠᠨ ᠦᠭᠡᠷ ᠤᠨ ᠠᠵᠤ ᠦᠢᠯᠡᠰ ᠢ ᠴᠢᠨᠠᠷ ᠰᠠᠶᠢᠳᠠᠢ ᠬᠦᠭᠵᠢᠬᠦᠯᠤᠨ᠂ ᠦᠡᠭᠭᠡᠷᠡᠭᠰᠡᠨ ᠤ ᠮᠨᠩᠬᠠᠨ ᠳᠤ ᠳᠠᠷᠤᠭᠳᠠᠨ ᠮᠠᠯ ᠨᠢ ᠲᠠᠷᠳᠠᠵᠤ ᠬᠥᠮᠦᠨ ᠨᠢ ᠶᠠᠳᠠᠭᠤᠷᠠᠬᠰᠠᠨ ᠭᠠᠵᠠᠷ ᠤᠳᠤ ᠤᠢ ᠮᠤᠳᠤ ᠨᠣᠭᠤᠭᠠᠷᠠᠨ ᠮᠠᠯ ᠨᠢ ᠦᠰᠴᠦ ᠠᠷᠠᠳ ᠨᠢ ᠪᠠᠶᠠᠵᠢᠭᠰᠠᠨ ᠲᠠᠩᠰᠤᠬ ᠤᠷᠤᠨ ᠪᠤᠯᠤᠯ᠎ᠠ᠃ 

 ᠰᠠᠶᠢᠨ ᠤᠷᠴᠢᠯ ᠰᠠᠭᠠᠳ ᠦᠬᠡᠢ ᠪᠡᠶᠡᠯᠡᠭᠳᠡᠵᠦ ᠳᠡᠶᠢᠯᠦᠨ᠎ᠠ
  ᠠᠵᠦ ᠠᠬᠤᠢ ᠶᠢᠨ ᠬᠦᠭᠵᠢᠯᠳᠡ ᠨᠢ ᠠᠮᠢ ᠠᠬᠤᠢ ᠶᠢᠨ ᠡᠪᠳᠡᠭᠳᠡᠯ ᠰᠦᠢᠳᠦᠯ ᠢᠶᠠᠷ ᠵᠤᠯᠢᠶᠠᠰᠤ ᠪᠤᠯᠭᠠᠭᠰᠠᠨ ᠵᠢᠱᠢᠶ᠎ᠠ ᠪᠠᠶᠢᠳᠠᠭ᠃ ᠡᠬᠦᠨ ᠠᠴᠠ ᠵᠠᠶᠢᠯᠠᠰᠬᠢᠬᠦ ᠠᠷᠭ᠎ᠠ ᠬᠡᠮᠵᠢᠶ᠎ᠠ ᠶᠢ ᠳᠡᠯᠡᠬᠡᠢ ᠨᠡᠶᠢᠳᠡ ᠪᠠᠷ ᠢᠶᠠᠨ ᠠᠩᠬᠠᠷᠤᠭᠰᠠᠭᠠᠷ᠃ ᠬᠡᠬᠦ ᠳᠤ ᠠᠮᠢ ᠠᠬᠤᠢ ᠰᠡᠶᠢᠵᠢᠷᠠᠭᠰᠠᠨ ᠰᠠᠭᠤᠷᠢᠨ ᠳᠡᠭᠡᠷ᠎ᠠ ᠴᠢᠨᠠᠷ ᠰᠠᠶᠢᠳᠠᠢ ᠬᠦᠭᠵᠢᠯᠳᠡ ᠶᠢ ᠪᠡᠶᠡᠯᠡᠬᠦᠯᠦᠨ ᠠᠷᠠᠳ ᠤᠯᠠᠨ ᠴᠢᠨᠡᠬᠡᠯᠢᠭᠵᠢᠯ ᠤᠨ ᠵᠢᠯᠤᠭᠤ ᠠᠳᠬᠤᠭᠰᠠᠨ ᠡᠶᠢᠮᠦᠷᠬᠦᠦ ᠰᠠᠶᠢᠨ ᠤᠷᠴᠢᠯ ᠮᠠᠯᠵᠢᠬᠤ ᠳᠠᠷᠢᠶᠠᠯᠠᠬᠤ ᠤᠷᠤᠨ ᠳᠡᠷᠡ ᠮᠦᠷᠳᠡᠭᠡᠨ ᠤᠯᠤᠰ ᠤᠨ ᠳᠡᠰ ᠤᠨ ᠶᠠᠳᠠᠭᠤ ᠬᠦᠴᠢᠷᠳᠡᠯᠳᠠᠢ ᠬᠤᠰᠢᠭᠤᠨ ᠳᠤ ᠪᠡᠶᠡᠯᠡᠭᠳᠡᠵᠠᠢ᠃ ᠶᠡᠷᠦᠩᠬᠡᠢ ᠱᠦᠵᠢ ᠰᠢ ᠶᠢᠨ ᠫᠢᠩ ᠤᠨ ︽ᠭᠦᠭᠡᠮᠳᠦᠭ ᠨᠤᠭᠤᠭᠠᠨ ᠠᠭᠤᠯᠠ ᠤᠰᠤ ᠪᠤᠯ ᠳᠠᠷᠤᠢ ᠠᠯᠳᠠ ᠮᠦᠩᠬᠦᠨ ᠠᠭᠤᠯᠠ ᠮᠦᠨ︾ ︽ᠶᠠᠳᠠᠭᠤ ᠠᠴᠠ ᠠᠩᠬᠢᠵᠢᠷᠠᠭᠤᠯᠬᠤ ᠵᠠᠮ ᠳᠤ ᠨᠢᠬᠡ ᠶᠢ ᠴᠦ ᠤᠷᠬᠢᠬᠳᠠᠭᠤᠯᠵᠦ ᠪᠤᠯᠬᠤ ᠦᠬᠡᠢ︾ ᠬᠡᠬᠦ ᠵᠢᠭᠠᠪᠤᠷᠢ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠳᠤ ᠪᠤᠳᠠᠳᠤ ᠪᠡᠶᠡᠯᠡᠯ ᠢᠶᠠᠨ ᠤᠯᠤᠭᠰᠠᠨ ᠢ ᠳᠡᠯᠡᠬᠡᠢ ᠳᠠᠬᠢᠨ ᠳᠤ ᠳᠠᠭᠤᠷᠢᠶᠠᠯ ᠪᠤᠯᠤᠭ᠎ᠠ ᠶᠠᠳᠠᠭᠤ ᠶᠢ ᠳᠡᠳᠬᠦᠭᠰᠡᠨ ᠬᠤᠶᠠᠷ ᠵᠠᠬᠪᠤᠷ
ᠭᠡᠷᠡᠴᠢᠯᠡᠨ᠎ᠠ᠃
  ᠡᠨᠡ ᠬᠦ ᠬᠤᠶᠠᠷ ᠵᠠᠬᠪᠤᠷ ᠤᠨ ᠠᠮᠵᠢᠯᠳᠠ ᠤᠯᠤᠭᠰᠠᠨ ᠰᠢᠯᠳᠠᠭᠠᠨ ᠨᠢ ᠳᠠᠷᠤᠢ ᠨᠠᠮ ᠵᠠᠰᠠᠭ ᠤᠨ ᠳᠠᠯ᠎ᠠ ᠠᠴᠠ ᠪᠤᠳᠠᠳᠠᠢ ᠳᠤ ᠰᠠᠭᠤᠷᠢᠯᠠᠨ ᠪᠦᠬᠦ ᠳᠠᠯ᠎ᠠ ᠪᠠᠷ ᠠᠷᠭ᠎ᠠ ᠬᠡᠮᠵᠢᠶ᠎ᠠ ᠳᠤᠭᠳᠠᠭᠠᠨ᠂ ᠨᠢᠬᠡᠳᠦᠯᠳᠡᠢ ᠵᠤᠬᠢᠶᠠᠨ ᠪᠠᠶᠢᠭᠤᠯᠤᠨ ᠨᠠᠶᠢᠳᠠᠪᠤᠷᠢᠵᠢᠭᠤᠯᠤᠨ ᠬᠡᠷᠡᠭᠵᠢᠬᠦᠯᠵᠦ᠂ ᠠᠮᠢ ᠠᠬᠤᠢ ᠶᠢ ᠰᠠᠶᠢᠵᠢᠷᠠᠭᠤᠯᠬᠤ᠂ ᠠᠵᠦ ᠦᠢᠯᠡᠰ ᠢ ᠬᠦᠭᠵᠢᠬᠦᠯᠬᠦ᠂ ᠶᠠᠳᠠᠭᠤ ᠶᠢ ᠳᠡᠳᠬᠦᠬᠦ ᠡᠯ᠎ᠠ ᠬᠡᠯᠬᠢᠶᠠᠵᠢᠯ ᠢ ᠲᠠᠶᠢᠴᠢᠯᠠᠨ᠂ ᠤᠯᠠᠨ ᠳᠠᠯ᠎ᠠ ᠶᠢᠨ ᠬᠦᠴᠦᠨ ᠬᠦᠢᠴᠡᠳ ᠬᠠᠮᠵᠢᠯᠴᠠᠬᠤ ᠪᠠᠷ ᠲᠠᠮᠵᠢᠨ ᠶᠠᠳᠠᠭᠤ ᠶᠢ ᠳᠡᠳᠬᠦᠬᠦ ᠠᠵᠢᠯ ᠢ ᠦᠨᠡᠨ ᠬᠦ ᠤᠨᠢᠨ ᠳᠡᠬᠡᠷ᠎ᠠ ᠨᠢ ᠶᠠᠪᠤᠬᠳᠠᠭᠤᠯᠵᠦ ᠴᠢᠳᠠᠭᠰᠠᠨ ᠳᠤ ᠪᠤᠢ᠃ ᠡᠨᠡ ᠬᠦ ᠪᠦᠳᠦᠮᠵᠢᠳᠡᠢ ᠵᠠᠭᠪᠤᠷ ᠨᠢ ︽ᠶᠠᠳᠠᠭᠤ ᠬᠦᠴᠢᠷᠳᠡᠯ ᠦᠭᠡᠢ᠂ ᠬᠠᠮᠲᠤ ᠪᠠᠷ ᠬᠥᠭᠵᠢᠭᠰᠡᠨ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ︾ ᠳᠤ ᠢᠳᠡᠪᠬᠢ ᠦᠢᠯᠡᠳᠦᠯ ᠦᠵᠡᠭᠦᠯᠬᠦ ᠨᠢ ᠯᠠᠪᠳᠠᠢ᠃ ᠵᠣᠬᠢᠶᠠᠭᠴᠢ᠄  ᠭᠡᠭᠡᠨᠳᠦᠶᠠᠭ᠎ᠠ ᠭᠤᠸ᠎ᠠ ᠪᠤᠤ ᠴᠢᠩ ᠱᠧᠩ



  
     
     