-
96639
ᠰᠡᠳᠬᠢᠯ ᠨᠠᠮᠤᠷ
2021-10-23 14:27
74
0
ᠰᠡᠳᠬᠢᠯ ᠨᠠᠮᠤᠷ
ᠨᠠᠷᠠᠨ ᠵᠠᠢᠳᠠᠬᠤ ᠡᠳᠦᠷ ᠤᠳ ᠤᠨ
ᠨᠢᠮᠭᠡᠷᠡᠬᠦ ᠶᠢᠷᠲᠢᠨᠴᠦ ᠶᠢᠨ
ᠨᠠᠰᠤ ᠥᠨᠳᠥᠷᠵᠢᠬᠦ ᠠᠶᠠᠯᠭᠤᠨ ᠳᠦ
ᠠᠭᠰᠢᠭᠠᠵᠤ ᠵᠢᠷᠭᠠᠬᠤ ᠶᠤᠮ ᠡ
ᠰᠠᠯᠬᠢ ᠥᠷᠭᠡᠰᠦᠯᠡᠬᠦ ᠬᠣᠨᠣᠭ ᠤᠳ ᠳᠦ
ᠰᠠᠨᠰᠠᠷ ᠳᠡᠯᠡᠬᠡᠢ ᠥᠨᠥᠴᠢᠷᠡᠬᠦ ᠣᠷᠴᠢᠨ ᠳᠦ
ᠰᠠᠨᠠᠭ᠎ᠠ ᠪᠣᠳᠣᠯ ᠤᠨ ᠡᠮᠵᠡᠭᠯᠡᠯ ᠢ ᠣᠶᠣᠵᠤ
ᠢᠷᠦᠭᠡᠯ ᠢᠶᠡᠨ ᠳᠡᠯᠭᠡᠵᠦ ᠶᠠᠭᠠᠷᠠᠬᠤ ᠶᠤᠮ ᠡ
ᠤᠶᠠᠷᠠᠬᠤ ᠨᠠᠪᠴᠢᠰ ᠤᠨ ᠬᠦᠰᠡᠯ ᠢ ᠲᠤᠰᠴᠤ
ᠦᠳᠡ ᠶᠢᠨ ᠢᠯᠴᠢ ᠵᠢ ᠬᠤᠷᠢᠶᠠᠵᠤ
ᠣᠳᠣᠳ ᠲᠦᠭᠡᠬᠦ ᠦᠶ᠎ᠡ ᠪᠠᠷ ᠵᠡᠭᠦᠳᠦ ᠠᠰᠠᠭᠠᠵᠤ
ᠣᠲᠣᠷ ᠤᠨ ᠴᠢᠮᠡᠭᠡ ᠵᠢ ᠮᠠᠨᠠᠵᠤ ᠃
ᠤᠶᠠᠭ᠎ᠠ ᠪᠠᠨ ᠠᠯᠳᠠᠭᠰᠠᠨ ᠬᠠᠷᠠᠭ᠎ᠠ
ᠤᠬᠠᠭ᠎ᠠ ᠪᠠᠨ ᠰᠡᠬᠡᠭᠡᠷᠡᠬᠦ ᠵᠢ ᠰᠠᠨᠠᠨ
ᠦᠵᠦᠭᠦᠷ ᠦᠭᠡᠢ ᠬᠥᠨᠳᠡᠢ ᠵᠥᠷᠢᠭ ᠢᠶᠡᠷ
ᠠᠳᠤᠭᠤᠨ ᠰᠥᠷᠦᠭ ᠢᠶᠡᠨ ᠶᠠᠪᠤᠨ᠎ᠠ᠃
ᠲᠠᠰᠢᠭᠤᠷ ᠢᠶᠠᠨ ᠭᠡᠭᠡᠭᠰᠡᠨ ᠶᠠᠪᠠᠭᠠᠨ
ᠰᠤᠮᠤ ᠪᠡᠨ ᠠᠯᠳᠠᠭᠰᠠᠨ ᠬᠥᠪᠴᠢ ᠶᠢᠨ ᠥᠢᠳᠬᠷ ᠰᠠᠬᠢᠵᠤ
ᠴᠢᠰᠤ ᠪᠠᠷ ᠢᠶᠠᠨ ᠨᠤᠲᠤᠭ ᠢᠶᠠᠨ ᠤᠰᠤᠯᠠᠵᠤ
ᠶᠠᠰᠤ ᠪᠠᠨ ᠥᠷᠥᠵᠦ