 

ᠰᠦᠢ ᠲᠠᠩ ᠤᠯᠤᠰ ᠤᠨ ᠲᠡᠥᠬᠡᠨ ᠰᠤᠷᠪᠤᠯᠵᠢ ᠠᠴᠠ弊剌᠂遏罗支᠂曷剌 ᠭᠡᠬᠦ ᠨᠡᠷ᠎ᠡ ᠶᠢ ᠰᠢᠨᠵᠢᠯᠡᠬᠦ ᠨᠢ

2019-01-22 13:18
  23
  0
ᠰᠦᠢ ᠲᠠᠩ ᠤᠯᠤᠰ ᠤᠨ ᠲᠡᠥᠬᠡᠨ ᠰᠤᠷᠪᠤᠯᠵᠢ ᠠᠴᠠ弊剌᠂遏罗支᠂曷剌 ᠭᠡᠬᠦ ᠨᠡᠷ᠎ᠡ ᠶᠢ ᠰᠢᠨᠵᠢᠯᠡᠬᠦ ᠨᠢ

   ᠲᠤᠪᠴᠢ ᠠᠭᠤᠯᠭ᠎ᠠ  ᠡᠷᠲᠡᠨ ‍ᠣ ᠬᠢᠲᠠᠳ ᠰᠤᠷᠪᠤᠯᠵᠢ ᠳᠠᠬᠢ弊剌᠂ 遏罗支᠂ 曷刺 ᠭᠡᠬᠦ ᠭᠤᠷᠪᠠᠨ ᠨᠡᠷ᠎ᠠ᠂ ᠲᠡᠳᠡᠭᠡᠷ ᠦᠨ ᠲᠠᠭᠤᠳᠠᠯᠭ᠎ᠠ ᠶᠢ ᠦᠨᠳᠦᠰᠦᠯᠡᠨ᠂ ᠪᠤᠷᠢᠶᠠᠳ᠂ ᠦᠬᠡᠯᠡᠳ᠂ ᠤᠢᠷᠠᠳ ᠬᠡᠮᠡᠨ ᠰᠡᠷᠬᠦᠭᠡᠨ ᠤᠩᠰᠢᠪᠠ᠃
   ᠲᠦᠯᠬᠢᠬᠦᠷ ᠦᠬᠡ᠄弊剌 ᠪᠤᠶᠤ ᠪᠤᠷᠢᠶᠠᠳ᠂ 遏罗支 ᠪᠤᠶᠤ ᠦᠬᠡᠯᠡᠳ᠂曷剌 ᠪᠤᠶᠤ ᠤᠢᠷᠠᠳ᠃

           ᠨᠢᠬᠡ᠂ ᠪᠦᠧᠧ ᠮᠠ ᠤᠯᠤᠰ ᠤᠨ ᠲᠤᠬᠠᠢ ᠲᠡᠮᠳᠡᠭᠯᠡᠯ
     ᠡᠷᠲᠡᠨ ‍ᠣ ᠬᠢᠲᠠᠳ ᠰᠤᠷᠪᠤᠯᠵᠢ ᠳᠤ ᠪᠦᠧᠧ ᠮᠠ ᠤᠯᠤᠰ︵驳马国   ᠲᠤᠬᠠᠢ ᠳᠤᠤᠷᠠᠬᠢ ᠮᠡᠲᠤ ᠲᠡᠮᠳᠡᠭᠯᠡᠯ ᠪᠠᠢᠳᠠᠭ᠂ ᠰᠢᠨ᠎ᠠ ᠲᠠᠩ ᠤᠯᠤᠰ ᠤᠨ ᠪᠢᠴᠢᠭ᠂217 ᠳ᠋ᠤᠭᠠᠷ ᠪᠦᠯᠦᠭ᠂ ᠤᠢᠭᠤᠷ ᠳᠤᠤᠷᠠᠳᠤ ᠲᠤ᠄ 又有驳马者,或曰弊剌,曰遏罗支,直突厥之北︾ ᠂  ᠲᠠᠩ ᠤᠯᠤᠰ ᠤᠨ ᠬᠤᠷᠢᠶᠠᠩᠭᠤᠢ ᠪᠢᠴᠢᠭ᠂ 100 ᠳ᠋ᠤᠭᠠᠷ ᠪᠦᠯᠦᠭ  ᠲᠤ᠄ 驳马。其地近北海。在突厥北。︾ ᠂  ᠲᠦᠩ ᠳ᠋ᠢᠶᠠᠨ ᠪᠢᠴᠢᠭ᠂ 200 ᠳ᠋ᠤᠭᠠᠷ ᠪᠦᠯᠦᠭ᠂ ᠬᠢᠯᠢ ᠬᠠᠮᠠᠭᠠᠯᠠᠯᠳ᠋ᠨ 16︾ᠳᠦ᠄ 驳马,其地近北海....突厥谓驳马为曷刺,亦名曷刺国︾ ᠭᠡᠵᠡᠢ᠃ ᠡᠳᠡᠭᠡᠷ ᠲᠡᠥᠬᠡᠨ ᠰᠤᠷᠪᠤᠯᠵᠢ  ᠶᠢ ᠬᠠᠷᠠᠪᠠᠰᠤ᠂ ᠰᠦᠢ ᠲᠠᠩ ᠤᠯᠤᠰ ᠤᠨ ᠦᠶ᠎ᠡ᠂ ᠲᠦᠷᠦᠭ ᠦᠨ ᠶᠠᠭ ᠬᠤᠢᠭᠤᠷ᠂ ᠪᠠᠢᠭᠠᠯ ᠨᠠᠭᠤᠷ ᠤᠨ ᠤᠷᠢᠳᠦ驳马国ᠬᠡᠳᠡᠭ ᠤᠯᠤᠰ ᠪᠠᠢᠵᠠᠢ᠂ ᠡᠨᠡ ᠤᠯᠤᠰ ᠤᠨ ᠦᠬᠡᠷ᠎ᠠ ᠨᠡᠷ᠎ᠠ ᠶᠢ 曷刺国 ᠭᠡᠳᠡᠭ᠂ ᠡᠨᠡ ᠤᠯᠤᠰ ᠤᠨ ᠪᠦᠷᠢᠯᠳᠡᠬᠦᠨ ᠳᠦ弊剌᠂ 遏罗支 ᠭᠡᠳᠡᠭ ᠬᠤᠶᠠᠷ ᠠᠢᠮᠠᠭ  ᠪᠤᠢ᠂ ᠡᠨᠳ᠋ᠨ ᠬᠡᠳᠦᠢᠪᠡᠷ︽ᠤᠯᠤᠰ︾ ᠭᠡᠰᠡᠨ ᠪᠤᠯᠪᠠᠴᠤ᠂ ᠨᠢᠭᠲᠠᠯᠠᠪᠠᠰᠤ ᠠᠢᠮᠠᠭ ᠤᠨ ᠬᠤᠯᠪᠤᠭ᠎ᠠ ᠪᠤᠯᠵᠤ ᠬᠠᠷᠠᠭᠳᠠᠨ᠎ᠠ᠃
          ᠬᠤᠶᠠᠷ᠂ ᠪᠦᠧᠧ ᠮᠠ ᠤᠯᠤᠰ ᠤᠨ ᠲᠤᠬᠠᠢ ᠰᠤᠳᠤᠯᠭᠠᠴᠢᠳ ᠤᠨ ᠦᠵᠡᠯᠳ᠋ᠨ
     ᠡᠨᠡᠬᠦ ᠤᠯᠤᠰ ᠤᠨ ᠠᠩᠬᠠᠨ ‍ᠣ ᠨᠡᠷ᠎ᠠ ᠨᠢ ᠪᠦᠧᠧ ᠮᠠ ᠤᠯᠤᠰ ᠭᠡᠵᠤ ᠪᠠᠢᠵᠠᠢ᠂ ᠰᠡᠬᠦᠯᠡᠷ ᠨᠢ ᠾᠧ ᠯᠠ ᠤᠯᠤᠰ ᠪᠤᠯᠵᠠᠢ᠃ ᠡᠨᠡᠬᠦ ᠠᠢᠮᠠᠭ ᠤᠨ ᠬᠤᠯᠪᠤᠭᠠᠨ ‍ᠣ ᠨᠡᠷ᠎ᠠ ᠶᠢ ᠲᠡᠮᠳᠡᠭᠯᠡᠭᠰᠡᠨ ᠬᠢᠲᠠᠳ ᠦᠰᠦᠭ ᠦᠨ ᠬᠤᠪᠢ ᠳᠤ᠂ ᠪᠦᠧᠧ ᠦᠰᠦᠭ ᠨᠢ ᠨᠢᠴᠤᠭᠠᠬᠤ᠂ ᠪᠠᠷ ᠢᠷᠪᠢᠰ ᠢ ᠪᠠᠷᠢᠵᠤ ᠢᠳᠡᠳᠡᠭ ᠭᠠᠭᠴᠨ ᠡᠪᠡᠷᠲᠠᠢ ᠳᠤᠮᠤᠭ ᠤᠨ ᠠᠷᠢᠶᠠᠲᠠᠨ᠂ ᠵᠢᠰᠦ ᠠᠯᠠᠭ ᠠᠳᠤᠭᠤ᠂ ᠲᠡᠭᠡᠭᠡᠳ ᠪᠦᠧᠧ ᠮᠠ ᠤᠯᠤᠰ ᠤᠨ ᠨᠡᠷ᠎ᠠ ᠭᠡᠬᠦ ᠳᠦᠷᠪᠠᠨ ᠶᠠᠩᠵᠤ ᠶᠢᠨ ᠪᠠᠢᠳᠠᠭ᠃ ᠪᠦᠧᠧ ᠮᠠ ᠤᠯᠤᠰ ᠭᠡᠰᠡᠨ ᠢ 突厥谓驳马为曷刺,亦名曷刺国︾ᠭᠡᠰᠡᠨ ᠲᠡᠥᠬᠡᠨ ᠲᠡᠮᠳᠡᠭᠯᠡᠯ ᠪᠤᠢ ᠠᠴᠠ ᠡᠬᠦᠳᠦᠨ᠂ ᠵᠠᠷᠢᠮ ᠰᠤᠳᠤᠯᠭᠠᠴᠢᠳ ᠢ ᠬᠡᠨᠡᠨ ᠳ᠋ᠦᠩᠨᠡᠯᠳ᠋ᠨ ᠭᠠᠷᠭᠠᠬᠤ ᠳᠤ ᠬᠦᠷᠭᠡᠬᠦᠯᠵᠠᠢ᠃ ᠵᠢᠱᠢᠶᠡᠯᠡᠪᠡᠯ᠄ 曷刺︵驳马国  ᠦᠬᠡᠷ᠎ᠠ ᠨᠡᠷ᠎ᠠ︶ᠨᠢ ᠲᠦᠷᠦᠭ ᠬᠡᠯᠡᠨ ‍ᠣ Ala-at ᠮᠤᠩᠭᠤᠯ ᠬᠡᠯᠡᠨ ‍ᠣ alaq ᠭᠡᠰᠡᠨ ᠦᠬᠡ᠂驳马 ᠪᠤᠯ ᠬᠢᠲᠠᠳ ᠬᠡᠯᠡᠨ ‍ᠣ ᠤᠳᠬᠠᠴᠢᠯᠠᠨ ᠤᠷᠴᠢᠭᠤᠯᠠᠭᠰᠠᠨ ᠦᠬᠡ᠂ ᠠᠳᠤᠭᠤᠨ ‍ᠣ ᠠᠯᠠᠭ ᠵᠢᠰᠦ ᠶᠢ ᠵᠢᠭᠠᠭᠰᠠᠨ ᠤᠳᠬ᠎ᠠ ᠲᠠᠢ᠃ ᠴᠠᠭᠠᠰᠢᠯᠠᠭᠠᠳ ᠬᠠᠯᠬ᠎ᠠ ᠶᠢᠨ ᠰᠠᠷᠲᠠᠭᠤᠯ ᠠᠢᠮᠠᠭ ᠳᠤᠲᠤᠷ᠎ᠠ ᠪᠤᠢ ᠠᠯᠠᠭ ᠠᠳᠤᠭᠤᠲᠠᠨ᠂ ᠦᠪᠦᠷ ᠮᠤᠩᠭᠤᠯ ᠤᠨ ᠴᠠᠬᠠᠷ ᠤᠨ ᠳᠤᠲᠤᠷ᠎ᠠ ᠪᠤᠢ ᠠᠯᠠᠭ ᠠᠳᠤᠭᠤᠲᠠᠨ ᠨᠢ︽ᠰᠤᠳᠤᠷ ᠤᠨ ᠴᠢᠭᠤᠯᠭᠠᠨ︾ᠳᠦ ᠭᠠᠷᠬᠤ alaqchin ᠠᠢᠮᠠᠭ ᠮᠦᠨ ᠬᠡᠮᠡᠨ ᠦᠵᠡᠵᠡᠢ᠃ 

       ᠰᠤᠳᠤᠯᠭᠠᠴᠢᠳ᠂ ᠲᠦᠷᠦᠭ ᠬᠡᠯᠡᠨ ‍ᠣ ala᠂ ᠮᠤᠩᠭᠤᠯ ᠬᠡᠯᠡᠨ ‍ᠣ alaq ᠳᠡᠭᠡᠷ᠎ᠠ ᠶᠡᠬᠡᠳ᠋ᠨ ᠠᠵᠢᠯᠯᠠᠭᠰᠠᠨ ᠠᠲᠠᠯ᠎ᠠ ᠪᠠᠨ ᠪᠦᠧᠧ ᠮᠠ ᠤᠯᠤᠰ︵驳马国︶ᠪᠤᠶᠤ  ᠯᠠ ᠤᠯᠤᠰ︵曷刺国︶ ᠲᠤ ᠪᠠᠭᠲᠠᠬᠤ ᠬᠤᠶᠠᠷ ᠠᠢᠮᠠᠭ ᠤᠨ ᠨᠡᠷ᠎ᠠ ᠶᠢ ᠨᠢᠭᠲᠠᠯᠠᠭᠰᠠᠨ ᠦᠬᠡᠢ᠂ ᠡᠬᠦᠨ ᠳᠦ ᠬᠠᠷᠢᠭᠤ ᠦᠭᠬᠦᠭᠰᠡᠨ ᠦᠬᠡᠢ ᠪᠡᠷ ᠪᠠᠷᠠᠬᠤ ᠦᠬᠡᠢ᠂ ᠪᠦᠬᠦᠳ᠋ᠨ ᠢ ᠨᠢ ala ᠪᠤᠶᠤ alaq ᠭᠡᠬᠦ ᠦᠬᠡ ᠪᠡᠷ ᠰᠢᠪᠲᠤᠷᠠᠭᠠᠳ ᠦᠩᠬᠡᠷᠦᠭᠰᠡᠨ ᠨᠢ ᠬᠠᠷᠠᠮᠰᠠᠯᠲᠠᠢ᠃ ᠦᠨᠡᠨᠳᠡᠭᠡᠨ ᠡᠨᠡᠬᠦ ala᠂ alaq ᠤᠨ ᠲᠤᠬᠠᠢ ᠰᠤᠳᠤᠯᠭ᠎ᠠ ᠨᠢ ᠬᠠᠯᠬ᠎ᠠ ᠶᠢᠨ ᠰᠠᠷᠲᠠᠭᠤᠯ ᠠᠢᠮᠠᠭ ᠳᠤᠲᠤᠷ᠎ᠠ ᠪᠠᠢᠭ᠎ᠠ ᠠᠯᠠᠭ ᠠᠳᠤᠭᠤᠲᠠᠨ᠂ ᠦᠪᠦᠷ ᠮᠤᠩᠭᠤᠯ ᠤᠨ ᠴᠠᠬᠠᠷ ᠤᠨ ᠳᠤᠲᠤᠷ᠎ᠠ ᠪᠤᠢ ᠠᠯᠠᠭ ᠠᠳᠤᠭᠤᠲᠠᠨ ᠤᠪᠤᠭ ᠲᠠᠢ ᠶᠠᠮᠠᠷ ᠨᠢᠬᠡᠨ ᠬᠤᠯᠪᠤᠭ᠎ᠠ ᠲᠠᠢ ᠪᠠᠢᠵᠤ ᠮᠠᠭᠠᠳ ᠦᠬᠡᠢ᠂ ᠡᠬᠦᠨ ᠢ ᠲᠤᠰᠬᠠᠢ ᠰᠡᠳᠤᠪ ᠪᠤᠯᠭᠠᠵᠤ ᠰᠤᠳᠤᠯᠬᠤ ᠨᠢ ᠵᠦᠢᠲᠠᠢ᠂ ᠬᠠᠷᠢᠨ ᠡᠬᠦᠨ ᠢ ᠪᠦᠧᠧ ᠮᠠ ᠤᠯᠤᠰ︵驳马国︶ᠪᠤᠶᠤ  ᠯᠠ ᠤᠯᠤᠰ︵曷刺国︶  ᠨᠡᠷ᠎ᠠ ᠲᠠᠢ ᠬᠤᠳᠬᠤᠭᠰᠠᠨ ᠨᠢ ᠶᠡᠬᠡᠯ᠎ᠠ ᠠᠯᠳᠠᠭᠳᠠᠯ ᠲᠠᠢ ᠪᠤᠯᠵᠠᠢ ᠬᠡᠮᠡᠨ ᠪᠢᠳ᠋ᠨ ᠦᠵᠡᠭᠰᠡᠨ ᠪᠦᠬᠡᠳ ᠳᠤᠤᠷᠠᠬᠢ ᠮᠡᠲᠤ ᠰᠠᠨᠠᠯ ᠢ ᠳᠡᠪᠰᠢᠬᠦᠯᠡᠬᠦ ᠶᠢ ᠵᠤᠷᠢᠯ᠎ᠠ᠃
1. ᠪᠦᠧᠧ ᠮᠠ ᠤᠯᠤᠰ︵驳马国︶ᠬᠡᠳᠡᠭ ᠨᠢ ᠦᠨᠡᠨᠳᠡᠭᠡᠨ ᠤᠳᠬ᠎ᠠ ᠨᠢ ᠲᠤᠳᠤᠷᠬᠠᠢ ᠦᠬᠡᠢ ᠬᠢᠲᠠᠳ ᠬᠡᠯᠡᠨ ᠳᠦ ᠭᠠᠯᠢᠭᠴᠢᠯᠠᠨ ᠪᠠᠭᠤᠯᠭᠠᠭᠰᠠᠨ ᠦᠬᠡ᠂ ᠡᠷᠲᠡᠨ ‍ᠣ ᠬᠢᠲᠠᠳ ᠰᠤᠷᠪᠤᠯᠵᠢ ᠳᠤ᠂ ᠨᠡᠬᠦᠳᠡᠯᠴᠢᠳ ᠦᠨ ᠨᠡᠷ᠎ᠠ ᠶᠢ ᠶᠡᠬᠡᠩᠬᠢ ᠳᠡᠬᠡᠨ ᠭᠠᠯᠢᠭᠴᠢᠯᠠᠨ ᠪᠠᠭᠤᠯᠭᠠᠵᠤ ᠲᠡᠮᠳᠡᠭᠯᠡᠳᠡᠭ᠂ ᠵᠢᠱᠢᠶᠡᠯᠡᠪᠡᠯ᠄匈奴᠂鲜卑᠂突厥᠂回鹘᠂蒙古᠂契丹᠂女真᠂鞑靼 ᠭᠡᠬᠦ ᠮᠡᠲᠤ᠃ ᠡᠬᠦᠨ ᠲᠠᠢ ᠠᠳᠠᠯᠢᠬᠠᠨ ᠢᠶᠠᠷ᠂ ᠪᠦᠧᠧ ᠮᠠ ᠤᠯᠤᠰ︵驳马国︶ᠬᠡᠳᠡᠭ ᠨᠢ ᠲᠤᠬᠠᠢ ᠶᠢᠨ ᠨᠡᠬᠦᠳᠡᠯᠴᠢᠳ ᠦᠨ ᠨᠡᠷ᠎ᠠ ᠶᠢᠨ ᠲᠠᠭᠠᠪ︵ᠨᠡᠷ᠎ᠠ ᠶᠢᠨ ᠲᠠᠭᠤᠳᠠᠯᠭ᠎ᠠ ᠶᠢ ᠦᠨᠳᠦᠰᠦᠯᠡᠨ︶ᠡᠷᠲᠡᠨ ‍ᠣ ᠬᠢᠲᠠᠳ ᠲᠡᠥᠬᠡᠴᠢ ᠨᠠᠷ᠂ ᠡᠢᠩᠬᠦ ᠬᠢᠲᠠᠳ ᠦᠰᠦᠭ ᠢᠶᠡᠷ ᠭᠠᠯᠢᠭᠴᠢᠯᠠᠨ ᠲᠡᠮᠳᠡᠭᠯᠡᠭᠰᠡᠨ ᠪᠠᠢᠬᠤ ᠨᠢ ᠲᠤᠳᠤᠷᠬᠠᠢ᠂ ᠰᠤᠳᠤᠯᠭᠠᠴᠢᠳ  ᠡᠴᠡ曷刺国ᠬᠡᠳᠡᠭ ᠢ ᠭᠠᠯᠢᠭᠴᠢᠯᠠᠨ ᠪᠠᠭᠤᠯᠭᠠᠭᠰᠠᠨ ᠦᠬᠡ ᠬᠡᠳᠡᠭ ᠢ ᠵᠦᠪᠰᠢᠶᠡᠷᠴᠦ ᠪᠠᠢᠲᠠᠯ᠎ᠠ ᠪᠠᠨ᠂ 驳马国 ᠨᠢ ᠶᠠᠭᠠᠬᠢᠭᠠᠳ ᠭᠠᠯᠢᠭᠴᠢᠯᠠᠨ ᠪᠠᠭᠤᠯᠭᠠᠭᠰᠠᠨ ᠦᠬᠡ ᠪᠢᠰᠢ ᠪᠤᠯᠴᠢᠬᠠᠭᠰᠠᠨ ᠢ ᠨᠢᠭᠲᠠᠯᠠᠭᠰᠠᠨ ᠦᠬᠡᠢ᠂ ᠡᠨᠡ ᠨᠢ ᠬᠢᠲᠠᠳ ᠦᠰᠦᠭ ᠦᠨ驳︵ᠮᠠᠷᠭᠤᠬᠤ᠂ ᠨᠢᠴᠤᠭᠠᠬᠤ︶᠂驳马︵ᠠᠯᠠᠭ ᠠᠳᠤᠭᠤ︶ᠬᠡᠳᠡᠭ ᠦᠰᠦᠭ ᠡᠴᠡ ᠲᠦᠷᠦᠭᠳᠦᠭᠰᠡᠨ ᠤᠷᠤ ᠦᠨᠳᠦᠰᠦ ᠦᠬᠡᠢ ᠲᠠᠭᠠᠮᠠᠭᠯᠠᠯ ᠤᠨ ᠵᠦᠢᠯ ᠲᠡᠳᠦᠢ᠂ ᠲᠡᠥᠬᠡᠨ ᠰᠤᠷᠪᠤᠯᠵᠢ ᠠᠴᠠ ᠬᠠᠷᠠᠬᠤ ᠳᠤ᠂ ᠡᠨᠡ ᠨᠢ ᠡᠷᠲᠡᠨ ᠡᠴᠡ ᠪᠠᠢᠵᠤ ᠢᠷᠡᠭᠰᠡᠨ ᠪᠦᠭᠡᠳ ᠤᠳᠤ ᠶᠢᠨ ᠰᠤᠳᠤᠯᠭᠠᠴᠢᠳ  ᠴᠤ ᠡᠢᠮᠦ ᠵᠦᠢᠯ ᠳᠦ ᠪᠠᠷᠢᠭᠳᠠᠵᠤ ᠲᠦᠬᠡᠷᠡᠭᠳᠡᠭᠰᠡᠨ ᠶᠠᠪᠤᠵᠤ ᠪᠠᠢᠨ᠎ᠠ᠃
2.曷刺 ᠦᠰᠦᠭ ᠤᠷᠤᠭᠰᠠᠨ ᠪᠤᠳ᠋ᠳ᠋ᠾᠨ ᠤ ᠱᠠᠰᠢᠨ ‍ᠣ ᠬᠡᠯᠡᠯᠬᠡ ᠶᠢᠨ ᠡᠷᠲᠡᠨ ‍ᠣ ᠬᠢᠲᠠᠳ ᠬᠡᠯᠡᠨ ‍ᠣ ᠤᠷᠴᠢᠭᠤᠯᠭ᠎ᠠ ᠶᠢ ᠦᠵᠡᠪᠡᠯ᠄ 末笯曷剌他᠂巴利名Manoratta᠂ ᠪᠠᠰᠨ摩■罗他、末笯曷利他 ᠭᠡᠵᠤ ᠤᠷᠴᠢᠭᠤᠯᠵᠠᠢ᠂悉达多 ᠨᠢ ᠰᠠᠨᠰᠺᠷᠢᠲ ᠬᠡᠯᠡᠨ ᠳᠦ Siddhartha᠂ ᠫᠠᠯᠢ ᠬᠡᠯᠡᠨ ᠳᠦ Siddhattha ᠭᠡᠳᠡᠭ᠂ ᠡᠬᠦᠨ ᠢ ᠪᠠᠰᠨ萨婆曷剌他悉陀᠂ ᠰᠠᠨᠰᠺᠷᠢᠲ ᠬᠡᠯᠡᠨ  ᠳᠤ Sarvarthasiddha ᠬᠡᠳᠡᠭ ᠪᠠᠢᠨ᠎ᠠ᠃ 麻曷葛刺 ᠬᠡᠳᠡᠭ ᠨᠢ ᠰᠠᠨᠰᠺᠷᠢᠲ ᠬᠡᠯᠡᠨ ‍ᠣ mahakala ᠭᠡᠰᠡᠨ ᠢ ᠭᠠᠯᠢᠭᠴᠢᠯᠠᠨ ᠤᠷᠴᠢᠭᠤᠯᠠᠭᠰᠠᠨ ᠵᠦᠢᠯ ᠪᠤᠯᠤᠨ᠎ᠠ᠂ ᠡᠬᠦᠨ ᠢ ᠪᠠᠰᠨ摩诃迦罗᠂ 摩诃葛刺᠂玛哈嘎拉 ᠭᠡᠬᠦ ᠮᠡᠲᠤ ᠪᠠᠷ ᠬᠢᠲᠠᠳ ᠬᠡᠯᠡᠨ ᠳᠦ ᠪᠢᠴᠢᠳᠡᠭ᠂ ᠡᠨᠳ᠋ᠨ ᠭᠠᠷᠴᠤ ᠪᠤᠢ曷剌 ᠬᠡᠳᠡᠭ ᠦᠬᠡ ᠶᠢᠨ ᠰᠠᠨᠰᠺᠷᠢᠲ ᠬᠡᠯᠡᠨ᠂ ᠫᠠᠯᠢ ᠬᠡᠯᠡᠨ ᠳᠡᠬᠢ ᠲᠠᠭᠤᠳᠠᠯᠭ᠎ᠠ ᠨᠢ rat᠂ tha᠂ hat᠂ ha᠁la ᠪᠤᠯᠵᠤ ᠪᠠᠢᠨ᠎ᠠ᠃
3.ᠬᠢᠲᠠᠳ ᠤᠨ ᠲᠡᠥᠬᠡᠨ ᠰᠤᠷᠪᠤᠯᠵᠢ ᠳᠤ曷剌真 ᠭᠡᠰᠡᠨ ᠦᠬᠡ ᠪᠤᠢ᠂ ᠡᠨᠡ ᠨᠢ ᠤᠮᠠᠷᠠᠳᠤ ᠸᠸᠢ ᠤᠯᠤᠰ ᠤᠨ ᠦᠶ᠎ᠡ᠂ ᠬᠠᠭᠠᠨ ‍ᠣ ᠤᠷᠳᠤᠨ ‍ᠣ ᠰᠦᠨᠢ ᠶᠢᠨ ᠬᠠᠷᠠᠭᠤᠯ ᠦᠨ ᠨᠠᠷ᠎ᠠ᠂ ᠡᠨᠡ ᠦᠬᠡ ᠶᠢ ᠬᠠᠷᠠᠴᠢᠨ ᠬᠡᠮᠡᠨ ᠰᠡᠷᠬᠦᠭᠡᠨ ᠤᠩᠰᠢᠭᠰᠠᠨ ᠪᠠᠢᠳᠠᠭ ᠂ ᠭᠠᠵᠠᠷ ᠤᠨ ᠨᠡᠷ᠎ᠠ ᠠᠴᠠ ᠦᠵᠡᠪᠡᠯ榆木川 ᠬᠡᠳᠡᠭ ᠢ海拉尔︵ᠬᠠᠢᠯᠠᠷ︶ᠪᠤᠶᠤ辖懒᠂海勒(ᠭᠤᠤᠯ ᠤᠨ ᠨᠡᠷ᠎ᠠ)᠂ 曷剌(ᠭᠤᠤᠯ ᠤᠨ ᠨᠡᠷ᠎ᠠ)᠂海喇儿︵ᠭᠤᠤᠯ ᠤᠨ ᠨᠡᠷ᠎ᠠ᠂ ᠶᠤᠸᠠᠨ ᠤᠯᠤᠰ ᠤᠨ ᠲᠡᠥᠬᠡ︶᠂ 哈泐礼︵ᠮᠤᠩᠭᠤᠯ ᠤᠨ ᠨᠢᠭᠤᠴᠨ ᠲᠤᠪᠴᠢᠶᠠᠨ︶᠂ 海勒︵ᠯᠢᠶᠤᠤ ᠤᠯᠤᠰ ᠤᠨ ᠲᠡᠥᠬᠡ︶ᠭᠡᠬᠦ ᠮᠡᠲᠤ᠂曷剌河︵ᠬᠠᠯᠬ᠎ᠠ ᠭᠤᠤᠯ︶᠂ 海勒水︵ᠬᠠᠢᠯᠠᠷ ᠭᠤᠤᠯ︶ᠭᠡᠬᠦ ᠮᠡᠲᠤ ᠵᠢᠱᠢᠶ᠎ᠡ ᠪᠠᠰᠨ ᠪᠤᠢ᠃ ᠡᠨᠳ᠋ᠨ ᠭᠠᠷᠴᠤ ᠪᠤᠢ曷剌 ᠬᠡᠳᠡᠭ ᠦᠬᠡ ᠶᠢᠨ ᠲᠠᠭᠤᠳᠠᠯᠭ᠎ᠠ ᠨᠢ har-chin᠂ hal-h(khal-h)᠂ hai-lar(khai-lar)ᠪᠤᠯᠵᠤ ᠪᠠᠢᠨ᠎ᠠ᠃
4.曷剌  ᠲᠠᠭᠤᠳᠠᠯᠭ᠎ᠠ ᠢ︽说文解字︾ᠳᠦ hé la᠂ ᠰᠦᠩ ᠤᠯᠤᠰ ᠤᠨ ᠦᠶ᠎ᠡ ᠪᠢᠴᠢᠭᠳᠡᠭᠰᠡᠨ︽广韵︾ᠳᠦ gat lat᠂ ᠬᠢᠲᠠᠳ ᠬᠡᠯᠡᠨ ‍ᠣ ᠨᠡᠩ ᠡᠷᠲᠡᠨ ‍ᠣ ᠠᠶᠠᠯᠭᠤ ᠲᠠᠭᠤᠳᠠᠯᠭ᠎ᠠ ᠶᠢ ᠬᠠᠳᠠᠭᠠᠯᠠᠭᠰᠠᠨ ᠭᠡᠬᠦ ᠮᠢᠩ ᠨᠠᠨ ᠠᠶᠠᠯᠭᠤᠨ ᠳᠤ hat lat᠂ ᠭᠤᠸᠠᠩᠳᠦᠩ ᠠᠶᠠᠯᠭᠤᠨ ᠳᠤ hot laat ᠭᠡᠵᠤ ᠤᠩᠰᠢᠳᠠᠭ ᠃ ᠡᠨᠳᠡᠬᠢ ᠦᠬᠡ ᠶᠢᠨ ᠡᠬᠢᠨ ‍ᠣ he/ha/hou  ᠦᠨ ᠲᠠᠭᠤᠳᠠᠯᠭ᠎ᠠ ᠨᠢ ᠲᠦᠷᠦᠭ᠂ ᠮᠤᠩᠭᠤᠯ ᠬᠡᠯᠡᠨ ‍ᠣ kh᠂ h ᠲᠠᠢ᠂ ᠳᠠᠷᠠᠭ᠎ᠠ ᠶᠢᠨ la(lat᠂laat)ᠨᠢ ᠲᠦᠷᠦᠭ᠂ ᠮᠤᠩᠭᠤᠯ ᠬᠡᠯᠡᠨ ‍ᠣ lar︵lerr︶᠂ rat︵ard︶ᠲᠠᠢ ᠲᠤᠬᠢᠷᠠᠯᠴᠠᠨ᠎ᠠ ᠭᠡᠵᠤ ᠪᠢᠳ᠋ᠨ ᠪᠤᠳᠤᠵᠤ ᠪᠠᠢᠨ᠎ᠠ᠃ ᠳᠡᠭᠡᠷᠡᠬᠢ ᠵᠢᠱᠢᠶᠠᠨ ᠠᠴᠠ ᠬᠠᠷᠠᠬᠤ ᠳᠤ᠂ 曷 ᠦᠰᠦᠭ  ᠶᠢᠨ ᠬᠠᠷᠢ ᠬᠡᠯᠡᠨ ᠳᠦ ᠲᠤᠬᠢᠷᠠᠬᠤ ᠲᠠᠭᠤᠳᠠᠯᠭ᠎ᠠ ᠨᠢ a᠂ e᠂ i᠂ o᠂ u᠂ oe ᠪᠦᠷ ᠪᠠᠢᠵᠤ ᠪᠤᠯᠬᠤ ᠤᠴᠢᠷ᠂曷剌 ᠬᠡᠳᠡᠭ ᠦᠰᠦᠭ ᠢ ᠲᠦᠷᠦᠭ᠂ ᠮᠤᠩᠭᠤᠯ ᠬᠡᠯᠡᠨ᠎ᠡ ᠰᠡᠷᠬᠦᠭᠡᠨ ᠤᠩᠰᠢᠬᠤ ᠳᠤ kh+︵a+e+i+o+u+oe︶+ rad ᠪᠠᠢᠬᠤ ᠮᠠᠭᠠᠳᠯᠠᠯ ᠲᠠᠢ ᠃
ᠰᠤᠳᠤᠯᠭᠠᠴᠢᠳ 驳马国、曷剌国ᠬᠡᠳᠡᠭ ᠬᠤᠶᠠᠷ ᠨᠡᠷ᠎ᠠ ᠶᠢ ᠲᠤᠭᠤᠷᠢᠭᠠᠳ ᠰᠤᠳᠤᠯᠠᠭᠰᠠᠨ ᠪᠤᠯᠪᠠᠴᠤ᠂ ᠲᠡᠭᠦᠨ ‍ᠣ ᠪᠦᠷᠢᠯᠳᠦᠬᠦᠨ ᠳᠦ ᠪᠠᠭᠲᠠᠬᠤ ᠬᠤᠶᠠᠷ ᠠᠢᠮᠠᠭ ᠤᠨ ᠨᠡᠷ᠎ᠠ ᠪᠤᠶᠤ遏罗支᠂弊剌 ᠭᠡᠰᠡᠨ ᠢ ᠠᠪᠴᠤ ᠦᠵᠡᠭᠰᠡᠨ ᠦᠬᠡᠢ᠂ ᠡᠨᠡ ᠬᠤᠶᠠᠷ ᠠᠢᠮᠠᠭ ᠤᠨ ᠨᠡᠷ᠎ᠠ ᠨᠢ ᠪᠦᠬᠦ ᠠᠰᠠᠭᠤᠳᠠᠯ ᠤᠨ ᠵᠠᠩᠬᠢᠯᠭ᠎ᠠ ᠪᠠᠢᠭ᠎ᠠ ᠪᠦᠭᠡᠳ ᠨᠢᠭᠲᠠᠯᠠᠨ ᠦᠵᠡᠭᠰᠡᠨ ᠪᠤᠯᠪᠠᠰᠤ᠂ ᠠᠰᠠᠭᠤᠳᠠᠯ ᠢ ᠦᠨᠳᠦᠰᠦ ᠪᠡᠷ ᠨᠢ ᠰᠢᠢᠳᠦᠬᠦ ᠪᠤᠯᠤᠮᠵᠢ ᠲᠠᠢ ᠃ ᠳᠤᠤᠷ᠎ᠠ弊剌᠂遏罗支᠂曷剌 ᠬᠡᠳᠡᠭ ᠨᠡᠷ᠎ᠠ ᠳᠡᠭᠡᠷ᠎ᠠ ᠪᠢᠳ᠋ᠨ ᠠᠵᠢᠯᠯᠠᠵᠤ ᠦᠵᠡᠶ᠎ᠡ᠃
ᠭᠤᠷᠪᠠ᠂弊剌᠂遏罗支᠂曷刺 ᠨᠡᠷ᠎ᠠ ᠶᠢ ᠰᠡᠷᠬᠦᠭᠡᠨ ᠤᠩᠰᠢᠬᠤ ᠨᠢ
1.弊剌 bi la᠂ ᠭᠠᠯᠢᠭᠴᠢᠯᠠᠨ ᠪᠠᠭᠤᠯᠭᠠᠭᠰᠠᠨ ᠦᠬᠡ᠂ ︽说文解字︾ᠳᠦ ? là ᠭᠡᠵᠡᠢ᠂弊 ᠲᠠᠭᠤᠳᠠᠯᠭ᠎ᠠ ᠨᠢ bi᠂︽广韵︾ᠳᠦ biëis᠂ ᠭᠤᠸᠠᠩᠳᠦᠩ ᠠᠶᠠᠯᠭᠤ ᠪᠠᠷ ᠪᠤᠯ bai᠂ ᠮᠢᠩ ᠨᠠᠨ ᠠᠶᠠᠯᠭᠤ ᠪᠠᠷ ᠪᠤᠯ be᠂ ᠺᠧ ᠵᠢᠶ᠋ᠨ ᠠᠶᠠᠯᠭᠤ ᠪᠠᠷ biᠪᠤᠯᠬᠤ ᠶᠤᠮ ᠪᠠᠢᠨ᠎ᠠ᠃剌ᠲᠠᠭᠤᠳᠠᠯᠭ᠎ᠠ ᠨᠢ la᠂ ︽广韵︾ᠳᠤ lat᠂ ᠭᠤᠸᠠᠩᠳᠦᠩ ᠠᠶᠠᠯᠭᠤ ᠪᠠᠷ ᠪᠤᠯ laat᠂ ᠮᠢᠩ ᠨᠠᠨ ᠠᠶᠠᠯᠭᠤ ᠪᠠᠷ ᠪᠤᠯ lat᠂ ᠺᠧ ᠵᠢᠶ᠋ᠨ ᠠᠶᠠᠯᠭᠤ ᠪᠠᠷ ? ᠪᠤᠯᠬᠤ ᠶᠤᠮ ᠪᠠᠢᠨ᠎ᠠ᠃︽ᠲᠦᠩ ᠳ᠋ᠢᠶᠠᠨ ᠪᠢᠴᠢᠭ︾ᠲᠦ᠄  拔悉弥国,一名弊(利)[剌]国,隋时闻焉  ᠭᠡᠵᠦ ᠲᠡᠮᠳᠡᠭᠯᠡᠵᠡᠢ᠂ ᠳᠡᠭᠡᠷᠡᠬᠢ ᠮᠡᠲᠤ ᠲᠠᠭᠤᠳᠠᠯᠭ᠎ᠠ ᠶᠢ ᠨᠢᠬᠡᠳᠬᠡᠨ᠂ ᠡᠨᠡᠬᠦ 弊剌ᠪᠤᠶᠤ 弊(利)[剌] ᠭᠡᠬᠦ ᠨᠡᠷ᠎ᠠ ᠶᠢ ᠪᠢᠳ᠋ᠨ ᠪᠤᠷᠢᠶᠠᠳ ᠬᠡᠮᠡᠨ ᠰᠡᠷᠬᠦᠭᠡᠨ ᠤᠩᠰᠢᠵᠤ ᠪᠠᠢᠨ᠎ᠠ᠂ ᠤᠴᠢᠷ ᠨᠢ᠄ ᠤᠵᠤᠭᠤᠷ ᠡᠷᠲᠡᠨ ᠡᠴᠡ ᠬᠢᠲᠠᠳ ᠬᠡᠯᠡᠨ᠎ᠡ r ᠠᠪᠢᠶ᠎ᠠ ᠪᠠᠢᠳᠠᠭ ᠦᠬᠡᠢ᠂ r ᠠᠪᠢᠶ᠎ᠠ ᠲᠤᠬᠢᠶᠠᠯᠳᠤᠭᠰᠠᠨ ᠦᠶ᠎ᠡ ᠲᠡᠮᠳᠡᠭᠯᠡᠬᠦ ᠦᠬᠡᠢ ᠬᠠᠰᠤᠳᠠᠭ ᠪᠤᠶᠤlᠠᠪᠢᠶ᠎ᠠ ᠪᠠᠷ ᠲᠡᠮᠳᠡᠭᠯᠡᠳᠡᠭ ᠵᠠᠩᠰᠢᠯ ᠲᠠᠢ᠃ ᠬᠢᠲᠠᠳ ᠰᠤᠷᠪᠤᠯᠵᠢ ᠳᠤ弊剌 ᠬᠡᠴᠢᠭᠡᠳ᠂ ᠪᠠᠰᠨ弊(利)[剌] ᠬᠡᠮᠡᠨ ᠳᠤᠲᠤᠷᠠᠭᠤᠯᠤᠨ ᠲᠡᠮᠳᠡᠭᠯᠡᠭᠰᠡᠨ ᠨᠢ ᠪᠢᠳᠡᠨ ‍ᠣ ᠡᠨᠡᠬᠦ ᠲᠠᠭᠠᠮᠠᠭᠯᠠᠯ ᠢ ᠪᠠᠲᠤᠯᠠᠵᠤ ᠪᠠᠢᠨ᠎ᠠ᠃
2.遏罗支 e luo zhi᠂ ᠭᠠᠯᠢᠭᠴᠢᠯᠠᠨ ᠪᠠᠭᠤᠯᠭᠠᠭᠰᠠᠨ ᠦᠬᠡ᠂︽说文解字︾ᠳᠤ è luó zhī᠂ 遏ᠲᠠᠭᠤᠳᠠᠯᠭ᠎ᠠ ᠨᠢ e᠂ ︽广韵︾ᠳᠤ la᠂ ᠭᠤᠸᠠᠩᠳᠦᠩ ᠠᠶᠠᠯᠭᠤ ᠪᠠᠷ ᠪᠤᠯ lo᠂ ᠮᠢᠩ ᠨᠠᠨ ᠠᠶᠠᠯᠭᠤ ᠪᠠᠷ ᠪᠤᠯ lou᠂ ᠺᠧ ᠵᠢᠶ᠋ᠨ ᠠᠶᠠᠯᠭᠤ ᠪᠠᠷ lo ᠪᠤᠯᠬᠤ ᠶᠤᠮ ᠪᠠᠢᠨ᠎ᠠ᠃罗ᠲᠠᠭᠤᠳᠠᠯᠭ᠎ᠠ ᠨᠢ ︽说文解字︾ᠲᠦ luo᠂ ᠰᠦᠩ ᠤᠯᠤᠰ ᠤᠨ︽广韵︾ᠳᠤ la᠂ ᠭᠤᠸᠠᠩᠳᠦᠩ ᠠᠶᠠᠯᠭᠤ ᠪᠠᠷ ᠪᠤᠯ lo᠂ ᠮᠢᠩ ᠨᠠᠨ ᠠᠶᠠᠯᠭᠤ ᠪᠠᠷ ᠪᠤᠯ lou᠂ ᠺᠧ ᠵᠢᠶ᠋ᠨ ᠠᠶᠠᠯᠭᠤ ᠪᠠᠷ lo ᠪᠤᠯᠬᠤ ᠶᠤᠮ ᠪᠠᠢᠨ᠎ᠠ᠃ 支zhi᠂ ︽广韵︾ᠳᠤ tië᠂ ᠭᠤᠸᠠᠩᠳᠦᠩ ᠠᠶᠠᠯᠭᠤ ᠪᠠᠷ ᠪᠤᠯ zi᠂ ᠮᠢᠩ ᠨᠠᠨ ᠠᠶᠠᠯᠭᠤ ᠪᠠᠷ ᠪᠤᠯ gi᠂ ᠺᠧ ᠵᠢᠶ᠋ᠨ ᠠᠶᠠᠯᠭᠤ ᠪᠠᠷ zi ᠪᠤᠯᠬᠤ ᠶᠤᠮ ᠪᠠᠢᠨ᠎ᠠ᠃ ᠶᠤᠸᠠᠨ᠂ ᠮᠢᠩ ᠤᠯᠤᠰ ᠤᠨ ᠰᠤᠷᠪᠤᠯᠵᠢ ᠳᠤ ᠦᠬᠡᠯᠡᠳ ᠢ斡亦剌惕wo yi la ti᠂外剌wai la᠂瓦剌wa la ᠭᠡᠰᠡᠨ ᠦᠬᠡ ᠲᠠᠢ ᠬᠤᠯᠢᠵᠤ ᠬᠤᠳᠬᠤᠨ ᠬᠡᠷᠡᠭᠯᠡᠭᠰᠡᠨ ᠪᠤᠢ᠂ ᠴᠢᠩ ᠤᠯᠤᠰ ᠤᠨ ᠦᠶ᠎ᠡ ᠬᠦᠷᠦᠭᠡᠳ额鲁特e lu te᠂ 厄鲁特e lu te ᠭᠡᠵᠤ ᠢᠯᠭᠠᠨ ᠰᠠᠯᠭᠠᠵᠤ ᠲᠡᠮᠳᠡᠭᠯᠡᠪᠡ᠂ ᠡᠷᠲᠡᠨ ‍ᠣ ᠲᠠᠭᠤᠳᠠᠯᠭ᠎ᠠ e luo zhi ᠪᠤᠯᠤᠨ e lu te ᠠᠳᠠᠯᠢ ᠪᠠᠢᠨ᠎ᠠ᠂ ᠦᠭᠡᠯᠡᠳ ᠭᠡᠵᠤ ᠰᠡᠷᠬᠦᠭᠡᠨ ᠤᠩᠰᠢᠵᠤ ᠪᠠᠢᠨ᠎ᠠ᠃
3.曷刺he la᠂︽说文解字︾ᠳᠤ hé là ᠭᠡᠵᠤ ᠲᠡᠮᠳᠡᠭᠯᠡᠵᠡᠢ᠂ 曷ᠲᠠᠭᠤᠳᠠᠯᠭ᠎ᠠ ᠨᠢ︽说文解字︾ᠳᠤ hé᠂è᠂ xiē ᠪᠤᠯᠤᠨ᠎ᠠ᠂︽广韵︾ᠲᠦ hé᠂ gat᠂ ᠭᠤᠸᠠᠩᠳᠦᠩ ᠠᠶᠠᠯᠭᠤ ᠪᠠᠷ ᠪᠤᠯ hot᠂ ᠮᠢᠩ ᠨᠠᠨ ᠠᠶᠠᠯᠭᠤ ᠪᠠᠷ ᠪᠤᠯ hat᠂ ᠺᠧ ᠵᠢᠶ᠋ᠨ ᠠᠶᠠᠯᠭᠤ ᠪᠠᠷ lo ᠪᠤᠯᠬᠤ ᠶᠤᠮ ᠪᠠᠢᠨ᠎ᠠ᠃ 剌ᠲᠠᠭᠤᠳᠠᠯᠭ᠎ᠠ ᠨᠢ︽说文解字︾ᠳᠤ la᠂ ︽广韵︾ᠳᠤ lat᠂ ᠭᠤᠸᠠᠩᠳᠦᠩ ᠠᠶᠠᠯᠭᠤ ᠪᠠᠷ ᠪᠤᠯ laat᠂ ᠮᠢᠩ ᠨᠠᠨ ᠠᠶᠠᠯᠭᠤ ᠪᠠᠷ ᠪᠤᠯ lat᠂ ᠺᠧ ᠵᠢᠶ᠋ᠨ ᠠᠶᠠᠯᠭᠤ ᠪᠠᠷ︖ ᠪᠤᠯᠬᠤ ᠶᠤᠮ ᠪᠠᠢᠨ᠎ᠠ᠃ ᠶᠤᠸᠠᠨ ᠤᠯᠤᠰ ᠤᠨ ᠦᠶ᠎ᠡ斡亦剌惕wo yi la ti᠂外剌wai la᠂᠂ ᠮᠢᠩ ᠤᠯᠤᠰ ᠤᠨ ᠦᠶ᠎ᠡ瓦剌wa la᠂ ᠴᠢᠩ ᠤᠯᠤᠰ ᠤᠨ ᠦᠶ᠎ᠡ卫拉特wei la te ᠭᠡᠵᠤ ᠲᠡᠮᠳᠡᠭᠯᠡᠵᠦ ᠪᠠᠢᠪᠠ᠂ ᠨᠢᠬᠡᠳᠬᠡᠨ ᠦᠵᠡᠪᠠᠰᠤ᠂ ᠬᠢᠲᠠᠳ ᠬᠡᠯᠡᠨ ‍ᠣ he ᠲᠠᠭᠤᠳᠠᠯᠭ᠎ᠠ ᠨᠢ ᠮᠤᠩᠭᠤᠯ ᠬᠡᠯᠡᠨ ‍ᠣ oi᠂ ᠬᠢᠲᠠᠳ ᠬᠡᠯᠡᠨ ‍ᠣ la (+t)ᠲᠠᠭᠤᠳᠠᠯᠭ᠎ᠠ ᠨᠢ ᠮᠤᠩᠭᠤᠯ ᠬᠡᠯᠡᠨ ‍ᠣ rat(rad) ᠪᠠᠢᠬᠤ ᠮᠠᠭᠠᠳᠯᠠᠯ ᠲᠠᠢ ᠤᠴᠢᠷ᠂ ᠤᠢᠷᠠᠳ ᠬᠡᠮᠡᠨ ᠰᠡᠷᠬᠦᠭᠡᠨ ᠤᠩᠰᠢᠪᠠ᠃
4.ᠲᠠᠩ ᠤᠯᠤᠰ ᠤᠨ ᠲᠡᠥᠬᠡᠨ ᠰᠤᠷᠪᠤᠯᠵᠢ ᠳᠤ︽马色皆驳,因以名国云︾ ᠭᠡᠵᠤ ᠭᠠᠷᠳᠠᠭ᠂ ᠡᠬᠦᠨ ᠢ ᠪᠢᠳ᠋ᠨ ᠤᠷᠤ ᠦᠨᠳᠦᠰᠦ ᠦᠬᠡᠢ ᠲᠠᠭᠠᠮᠠᠭᠯᠠᠯ ᠭᠡᠵᠤ ᠦᠵᠡᠨ᠎ᠡ᠂ ᠤᠴᠢᠷ ᠨᠢ ᠪᠦᠬᠦᠢᠯᠢ ᠪᠦᠲᠦᠨ ᠠᠢᠮᠠᠭ᠂ ᠤᠯᠤᠰ ᠤᠨ ᠠᠳᠤᠭᠤ ᠪᠦᠬᠦᠳᠡᠭᠡᠷ ᠠᠯᠠᠭ ᠪᠠᠢᠨ᠎ᠠ ᠭᠡᠳᠡᠭ ᠪᠤᠯ ᠨᠡᠬᠦᠳᠡᠯᠴᠢᠳ ᠲᠦ ᠠᠪᠴᠤ ᠬᠡᠯᠡᠪᠡᠯ ᠰᠡᠳᠬᠢᠰᠢ ᠦᠬᠡᠢ ᠵᠦᠢᠯ᠂ ᠡᠨᠡ ᠨᠢ ᠬᠢᠲᠠᠳ ᠲᠡᠥᠬᠡᠴᠢᠳ ᠦᠨ ᠨᠡᠬᠦᠳᠡᠯᠴᠢᠳ ᠦᠨ ᠠᠮᠢᠳᠤᠷᠠᠯ ᠠᠬᠤᠢ ᠶᠢ ᠤᠢᠯᠠᠭᠠᠳᠠᠭ ᠦᠬᠡᠢ ᠶᠢᠨ ᠦᠷ᠎ᠠ ᠳ᠋ᠦᠩ ᠪᠦᠬᠡᠳ ᠬᠢᠲᠠᠳ ᠲᠡᠥᠬᠡᠴᠢᠳ ᠦᠨ驳᠂驳马 ᠭᠡᠬᠦ ᠬᠢᠲᠠᠳ ᠦᠰᠦᠭ ᠦᠨ ᠤᠳᠬ᠎ᠠ ᠲᠤ ᠪᠠᠷᠢᠭᠳᠠᠭᠰᠠᠨ ᠲᠠᠭᠠᠮᠠᠭᠯᠠᠯ ᠪᠤᠯᠤᠨ᠎ᠠ᠃
5.ᠰᠢᠨ᠎ᠠ ᠲᠠᠩ ᠤᠯᠤᠰ ᠤᠨ ᠪᠢᠴᠢᠭ᠂ 217 ᠳ᠋ᠤᠭᠠᠷ ᠪᠦᠯᠦᠭ᠂ ᠤᠢᠭᠤᠷ ᠳᠤᠤᠷᠠᠳᠤ  ᠳᠤ᠄遏罗支ᠨᠠᠷ᠁︽人貌多似结骨,而语不相通。︾ ᠭᠡᠵᠡᠢ᠂ ᠡᠨᠡ ᠨᠢ 遏罗支︵ᠦᠬᠡᠯᠡᠳ︶ᠭᠡᠵᠤ ᠲᠡᠮᠳᠡᠭᠯᠡᠭᠳᠡᠭᠰᠡᠨ ᠬᠦᠮᠦᠰ ᠨᠢ ᠭᠠᠳᠠᠷ ᠳᠦᠷᠢ ᠲᠦᠷᠬᠦ ᠤᠭᠰᠠᠭᠠᠲᠠᠨ ᠵᠦᠢ ᠶᠢᠨ ᠤᠨᠴᠠᠯᠢᠭ ᠢᠶᠠᠷ ᠢᠶᠠᠨ ᠬᠢᠷᠬᠢᠰ ᠲᠠᠢ ᠠᠳᠠᠯᠢ ᠪᠤᠯᠪᠠᠴᠤ ᠬᠤᠭᠤᠷᠤᠨᠳᠤ ᠪᠠᠨ ᠬᠡᠯᠨ ᠠᠮᠨ ᠨᠡᠪᠲᠡᠷᠡᠬᠦ ᠦᠬᠡᠢ ᠭᠡᠰᠡᠨ ᠦᠬᠡ ᠠᠵᠠᠢ  ᠬᠡᠯᠡᠨ ‍ᠣ ᠬᠤᠪᠢ ᠳᠤ᠂ ᠬᠢᠷᠬᠢᠰ ᠦᠳ ᠨᠢ ᠡᠷᠲᠡᠨ ᠡᠴᠡ ᠲᠦᠷᠦᠭ ᠬᠡᠯᠨ ᠲᠠᠢ᠃遏罗支 ᠨᠢ ᠬᠠᠷᠢᠨ ᠲᠦᠷᠦᠭ ᠬᠡᠯᠨ ᠲᠠᠢ ᠪᠤᠰᠤ ᠬᠡᠮᠡᠨ ᠲᠤᠳᠤᠷᠬᠠᠢᠯᠠᠭᠳᠠᠵᠤ ᠪᠠᠢᠨ᠎ᠠ᠂ ᠦᠬᠡᠷ᠎ᠠ ᠪᠠᠷ ᠬᠡᠯᠡᠪᠡᠯ᠂ 遏罗支ᠨᠢ ᠮᠤᠩᠭᠤᠯ ᠬᠡᠯᠡ ᠪᠡᠷ ᠶᠠᠷᠢᠳᠠᠭ ᠬᠦᠮᠦᠰ ᠪᠠᠢᠵᠤ ᠲᠠᠭᠠᠷᠤᠨ᠎ᠠ᠃
6. ᠭᠠᠵᠠᠷ ᠵᠦᠢ ᠶᠢᠨ ᠪᠠᠢᠷᠢᠰᠢᠯ ᠤᠨ ᠬᠤᠪᠢ ᠳᠤ驳马国᠂曷剌国ᠤᠯᠤᠰ ᠨᠢ ᠲᠦᠷᠦᠭ ᠦᠨ ᠶᠠᠭ ᠬᠤᠢᠭᠤᠷ᠂ ᠪᠠᠢᠭᠠᠯ ᠨᠠᠭᠤᠷ ᠤᠨ ᠤᠷᠴᠢᠮ ᠪᠠᠢᠪᠠ᠂ ᠪᠤᠷᠢᠶᠠᠳ ᠪᠤᠯᠤᠨ ᠤᠢᠷᠠᠳ ᠤᠨ ᠲᠡᠥᠬᠡᠨ ᠰᠤᠷᠪᠤᠯᠵᠢ ᠳᠤ ᠪᠠᠢᠭᠠᠯ ᠨᠠᠭᠤᠷ ᠤᠨ ᠤᠷᠴᠢᠮ ᠢᠶᠠᠷ ᠪᠤᠷᠢᠶᠠᠳ᠂ ᠦᠭᠡᠯᠡᠳ ᠠᠩᠬ᠎ᠠ ᠬᠠᠮᠲᠤ ᠠᠮᠢᠳᠤᠷᠴᠤ ᠪᠠᠢᠭᠰᠠᠨ ᠲᠡᠮᠳᠡᠭᠯᠡᠯ ᠪᠤᠢ᠂︽ᠭᠤᠷᠪᠠᠨ ᠬᠦᠦ ᠲᠠᠢ ᠪᠠᠷᠭᠤ ᠪᠠᠭᠠᠲᠤᠷ ᠤᠨ ᠳᠤᠮᠤᠭ︾ᠲᠤ ᠦᠬᠡᠯᠡᠳ᠂ ᠪᠤᠷᠢᠶᠠᠳ᠂ ᠬᠤᠷᠢ᠂ ᠪᠠᠷᠭᠤ ᠶᠢᠨ ᠨᠡᠷ᠎ᠡ ᠬᠠᠮᠲᠤ ᠳᠤᠷᠠᠳᠤᠭᠳᠠᠨ᠎ᠠ᠂ ᠡᠨᠡ ᠨᠢ ᠡᠳᠡᠭᠡᠷ ᠠᠢᠮᠠᠭ ᠤᠳ ᠤᠨ ᠲᠡᠥᠬᠡᠨ ᠤᠢ ᠰᠠᠨᠠᠮᠵᠢ ᠶᠢᠨ ᠦᠷ᠎ᠠ ᠳ᠋ᠦᠩ ᠪᠤᠯᠬᠤ ᠨᠢ ᠲᠤᠳᠤᠷᠬᠠᠢ᠃ ᠰᠦᠢ ᠲᠠᠩ ᠤᠯᠤᠰ ᠤᠨ ᠲᠡᠥᠬᠡᠨ ᠰᠤᠷᠪᠤᠯᠵᠢ ᠳᠤ 遏罗支᠂ 弊剌(弊利剌︶᠂ 骨利干᠂ 拔野古ᠭᠡᠬᠦ ᠨᠡᠷ᠎ᠠ ᠮᠦᠨ ᠠᠳᠠᠯᠢᠬᠠᠨ ᠳᠤᠷᠠᠳᠤᠭᠳᠠᠨ᠎ᠠ᠃ ᠡᠬᠦᠨ ᠢ ᠴᠠᠭᠠᠰᠢᠳ᠋ᠨ ᠰᠤᠳᠤᠯᠬᠤ ᠴᠢᠬᠤᠯᠨ ᠲᠠᠢ᠃
     ᠳ᠋ᠦᠩᠨᠡᠯᠳ᠋ᠨ
     ᠰᠦᠢ᠂ ᠲᠠᠩ ᠤᠯᠤᠰ ᠤᠨ ᠦᠶ᠎ᠡ ᠶᠢᠨ ᠲᠡᠥᠬᠡᠨ ᠰᠤᠷᠪᠤᠯᠵᠢ ᠨᠢ ᠥᠢᠷᠠᠳ ᠰᠤᠳᠤᠯᠠᠯ ᠳᠤ ᠰᠢᠨ᠎ᠠ ᠮᠡᠳᠡᠭᠡ ᠬᠠᠩᠭᠠᠵᠤ ᠪᠠᠢᠨ᠎ᠠ ᠬᠡᠳᠡᠭ ᠨᠢ ᠤᠢᠯᠠᠭᠠᠮᠵᠢᠲᠠᠢ᠂ 驳马国᠂曷剌国 ᠭᠡᠳᠡᠭ ᠨᠢ ᠬᠢᠲᠠᠳ ᠬᠡᠯᠡᠨ ᠳᠡᠭᠡᠷᠡᠬᠢ瓦剌᠂卫拉特 ᠭᠡᠳᠡᠭ ᠲᠡᠮᠳᠡᠭᠯᠡᠯ ᠦᠨ ᠦᠬᠡᠷ᠎ᠠ ᠨᠢᠬᠡᠨ ᠲᠡᠮᠳᠡᠭᠯᠡᠯ᠃ ᠡᠳᠡᠭᠡᠷ ᠠᠢᠮᠠᠭ ᠤᠨ ᠨᠡᠷ᠎ᠠ᠂ ᠲᠡᠬᠦᠨ ᠢ ᠲᠡᠮᠳᠡᠭᠯᠡᠭᠰᠡᠨ ᠡᠷᠲᠡᠨ ‍ᠣ ᠬᠢᠲᠠᠳ ᠦᠰᠦᠭ ᠨᠢ ᠠᠩᠬᠠᠨ ‍ᠣ ᠭᠡᠬᠦ ᠤᠢᠷᠠᠳ ᠤᠨ ᠬᠤᠯᠪᠤᠭ᠎ᠠ᠂ ᠲᠡᠳᠡᠭᠡᠷ ᠦᠨ ᠪᠤᠷᠢᠯᠳᠦᠬᠦᠨ ᠳᠤ ᠪᠠᠭᠲᠠᠬᠤ ᠠᠢᠮᠠᠭ ᠤᠨ ᠨᠡᠷ᠎ᠠ᠂ ᠤᠢᠷᠠᠳ ᠤᠨ ᠬᠤᠯᠪᠤᠭ᠎ᠠ ᠪᠠᠢᠭᠤᠯᠤᠭᠳᠠᠭᠰᠠᠨ ᠴᠠᠭ ᠦᠶ᠎ᠡ  ᠶᠢ ᠲᠤᠳᠤᠷᠠᠭᠤᠯᠬᠤ ᠪᠤᠯᠤᠮᠵᠢ ᠭᠠᠷᠴᠤ ᠪᠠᠢᠨ᠎ᠠ᠃
ᠲᠤᠳᠤᠷᠠᠭᠤᠯᠤᠨ ᠬᠡᠯᠡᠪᠡᠯ᠂︽ᠮᠤᠩᠭᠤᠯ ᠤᠨ ᠨᠢᠭᠤᠴᠨ ᠲᠤᠪᠴᠢᠶᠠᠨ︾︵1241ᠤᠨ ᠳᠦ ᠪᠢᠴᠢᠭᠳᠡᠭᠰᠡᠨ︶ᠳᠦ ᠬᠠᠮᠤᠭ ᠤᠨ ᠠᠩᠬ᠎ᠠ ᠤᠳᠠᠭ᠎ᠠ ᠳᠤ︽ᠤᠢᠷᠠᠳ︾ᠭᠡᠰᠡᠨ ᠨᠡᠷ᠎ᠠ ᠲᠡᠮᠳᠡᠭᠯᠡᠭᠳᠡᠵᠡᠢ᠂ ᠬᠢᠲᠠᠳ ᠰᠤᠷᠪᠤᠯᠵᠢ ᠠᠴᠠ ᠬᠠᠷᠠᠬᠤ ᠳᠤ᠂︽ᠰᠦᠢ ᠤᠯᠤᠰ ᠤᠨ ᠦᠶ᠎ᠡ᠂ ᠡᠨᠡ ᠤᠯᠤᠰ ᠤᠨ ᠲᠤᠬᠠᠢ ᠲᠤᠭᠤᠯᠠᠭᠰᠠᠨ︾ᠭᠡᠬᠦ ᠪᠤᠶᠤ  ᠲᠦᠩ ᠳ᠋ᠢᠶᠠᠨ ᠪᠢᠴᠢᠭ ᠂  ᠬᠠᠭᠤᠴᠢᠨ ᠲᠠᠩ ᠤᠯᠤᠰ ᠤᠨ ᠪᠢᠴᠢᠭ ᠂  ᠰᠢᠨ᠎ᠠ ᠲᠠᠩ ᠤᠯᠤᠰ ᠤᠨ ᠪᠢᠴᠢᠭ  ᠳᠤ 曷剌(ᠤᠢᠷᠠᠳ)ᠭᠡᠵᠤ ᠬᠢᠲᠠᠳ ᠪᠢᠴᠢᠭ ᠢᠶᠡᠷ ᠠᠩᠬ᠎ᠠ ᠲᠡᠮᠳᠡᠭᠯᠡᠭᠳᠡᠭᠰᠡᠨ ᠨᠢ ᠴᠠᠭ ᠬᠤᠭᠤᠴᠠᠭᠠᠨ ‍ᠣ ᠬᠤᠪᠢ ᠳᠤ᠂︽ᠮᠤᠩᠭᠤᠯ ᠤᠨ ᠨᠢᠭᠤᠴᠨ ᠲᠤᠪᠴᠢᠶᠠᠨ︾ᠡᠴᠡ 600 ᠵᠢᠯ ᠢᠶᠡᠷ ᠤᠷᠤᠭᠰᠢᠯᠠᠵᠤ ᠪᠠᠢᠨ᠎ᠠ᠃   
     
     