 

ᠥᠮᠡᠨ ᠢ ᠰᠡᠷᠭᠡᠶᠢᠯᠡᠬᠦ ᠢᠳᠡᠭᠡᠨ

2019-06-06 09:49
  1716
  0
 

    ᠰᠤᠲᠤᠯᠭᠠᠨ ᠳᠤ ᠢᠯᠡᠷᠡᠬᠦᠯᠥᠭᠰᠡᠨ ᠢᠶᠠᠷ 50% ᠰᠢᠬᠠᠮ ᠤᠨ ᠥᠮᠡᠨ ᠡᠪᠡᠳᠴᠢᠨ ᠢᠲᠡᠭᠡᠨ ᠤᠮᠲᠠᠭᠠᠨ ᠤ ᠲᠠᠳᠬᠠᠯ ᠲᠠᠢ 
ᠬᠠᠷᠢᠴᠠᠭ᠎ᠠ ᠲᠠᠢ᠃ ᠦᠮᠠᠨ ᠡᠪᠡᠳᠴᠢᠨ ᠢ ᠤᠷᠢᠳᠴᠢᠯᠠᠨ ᠰᠡᠷᠭᠡᠶᠢᠯᠡᠬᠦ ᠳᠤ ᠢᠳᠡᠭᠡᠨ ᠠᠴᠠ ᠭᠠᠷᠳᠠᠬᠤ ᠬᠡᠷᠡᠭᠳᠡᠢ᠃ ᠮᠠᠰᠢ ᠤᠯᠠᠨ ᠢᠳᠡᠭᠡᠨ ᠦᠮᠠᠨ ᠢ ᠡᠰᠡᠷᠭᠦᠴᠡᠬᠦ ᠦᠢᠯᠡᠳᠦᠯ ᠲᠠᠢ᠃ 
       ᠬᠤᠯᠤᠤᠪᠠᠩ ᠤᠨ ᠡᠳ᠋᠂ ᠸᠢᠲ᠋ᠠᠮᠢᠨ A᠂ ᠸᠢᠲ᠋ᠠᠮᠢᠨ C ᠵᠢᠴᠢ ᠪᠢᠴᠢᠯ ᠡᠯᠧᠮᠧᠨ᠋ᠲ ᠰᠧᠯᠧᠨ ᠡᠯᠪᠡᠭ ᠠᠭᠤᠯᠤᠭᠰᠠᠨ
ᠢᠳᠡᠭᠡᠨ ᠨᠢ ᠬᠦᠮᠦᠨ ᠤ ᠪᠡᠶ᠎ᠠ ᠴᠤᠭᠴᠠ ᠳᠠᠬᠢ ᠦᠮᠡᠨ ᠡᠭᠦᠰᠭᠡᠬᠦ ᠮᠠᠭᠤ ᠨᠦᠯᠦᠭᠡ ᠶᠢ ᠠᠷᠢᠯᠭᠠᠵᠤ᠂ ᠦᠮᠠᠨ ᠤ ᠡᠰ ᠤᠨ ᠪᠤᠶᠢᠵᠢᠯᠳᠠ ᠶᠢ ᠬᠢᠵᠠᠭᠠᠷᠯᠠᠵᠤ ᠴᠢᠳᠠᠨ᠎ᠠ᠃ ᠸᠢᠲ᠋ᠠᠮᠢᠨ C᠎ ᠨᠢ ᠦᠮᠠᠨ ᠡᠭᠦᠰᠭᠡᠬᠦ ᠪᠤᠳᠠᠰ — ᠲᠤᠳᠠᠭᠤ ᠠᠽᠤᠲ ᠬᠦᠴᠢᠯ ᠤᠨ ᠨᠢᠭᠡᠳᠦᠯ ᠢ ᠬᠤᠷᠢᠠᠠᠯᠠᠵᠤ᠂ ᠦᠮᠠᠨ ᠢ ᠡᠰᠡᠷᠭᠦᠴᠡᠬᠦ ᠡᠳ᠋ ᠢ ᠪᠤᠢ ᠪᠤᠯᠭᠠᠭᠠᠳ ᠦᠮᠠᠨ ᠤ ᠡᠰ ᠤᠨ ᠪᠤᠶᠢᠵᠢᠯᠳᠠ ᠶᠢ ᠬᠢᠵᠠᠭᠠᠷᠯᠠᠬᠤ ᠶᠤᠮ᠃  ᠵᠥᠢ ᠵᠤᠬᠢᠰᠲᠠᠢ ᠢᠲᠡᠭᠡᠨ ᠤᠮᠲᠠᠭᠠᠨ ᠢᠶᠠᠷ ᠥᠮᠡᠨ ᠡᠪᠡᠳᠴᠢᠨ ᠢ ᠰᠡᠷᠭᠡᠶᠢᠯᠡᠬᠦ ᠳᠤ ᠲᠤᠤᠷᠠᠬᠢ ᠮᠡᠲᠤ ᠢᠲᠡᠭᠡᠨ ᠢ ᠥᠷᠬᠦᠯᠵᠢ ᠢᠲᠡᠬᠦ ᠭᠡᠷᠡᠭᠲᠡᠢ᠄ 
   ● ᠭᠠᠰᠢᠭᠤᠨ ᠬᠡᠮᠬᠡ ᠳᠤ ᠥᠮᠡᠨ ᠢ ᠡᠰᠡᠷᠬᠦᠴᠡᠬᠦ ᠨᠢᠬᠡᠨ ᠵᠦᠢᠯ ᠤᠨ ᠠᠮᠢᠲᠤᠯᠢᠭ ᠤᠭᠤᠷᠠᠭ ᠡᠳ᠋ ᠤᠷᠤᠰᠢᠵᠤ ᠪᠠᠶᠢᠲᠠᠭ᠂ 
ᠡᠨᠡᠬᠦ ᠤᠭᠤᠷᠠᠭ ᠡᠳ᠋ ᠨᠢ ᠥᠯᠥ ᠬᠠᠯᠲᠠᠭᠠᠬᠤ ᠡᠰ ᠤᠨ ᠠᠮᠢᠲᠤᠯᠢᠭ ᠴᠢᠨᠠᠷ ᠢ ᠨᠡᠮᠡᠭᠲᠡᠭᠦᠯᠵᠤ᠂ ᠪᠡᠶ ᠎ᠡ ᠴᠤᠭᠴᠠ ᠳᠠᠬᠢ ᠬᠤᠤᠷᠲᠤ ᠪᠤᠲᠠᠰ ᠢ ᠠᠷᠢᠯᠭᠠᠲᠠᠭ᠃ 
   
   ● ᠰᠢᠷ ᠎ᠠ ᠪᠤᠷᠴᠠᠭ᠂ ᠼᠠᠨᠳ᠋ᠸᠤ ᠪᠤᠷᠴᠠᠭ᠂ ᠸᠠᠨᠳ᠋ᠸᠤ ᠪᠤᠷᠴᠠᠭ ᠨᠢ ᠥᠮᠡᠨ ᠡᠪᠡᠳᠴᠢᠨ ᠢ ᠤᠷᠢᠳᠴᠢᠯᠠᠨ ᠰᠡᠷᠭᠡᠶᠢᠯᠡᠬᠦ 
ᠥᠢᠯᠡᠲᠤᠯ ᠥᠵᠡᠬᠦᠯᠲᠡᠭ᠂ ᠤᠨᠴᠠᠭᠠᠢᠢᠯᠠᠨ ᠬᠥᠬᠦᠨ ᠪᠤᠯᠴᠢᠷᠬᠠᠢ ᠶᠢᠨ ᠥᠮᠡᠨ ᠤ ᠡᠪᠡᠳᠴᠢᠨ ᠡᠬᠦᠰᠬᠦ ᠶᠢ ᠤᠲᠠᠭᠠᠰᠢᠷᠠᠭᠤᠯᠬᠤ ᠳᠤ ᠢᠯᠡᠷᠬᠡᠢ ᠥᠢᠯᠡᠲᠤᠯ ᠲᠠᠢ᠃ 
   ● ᠡᠷᠲᠡᠨᠢ ᠰᠢᠰᠢ ᠨᠢ ᠬᠥᠮᠥᠨ ᠤ ᠪᠡᠶ ᠎ᠡ ᠳᠠᠬᠢ ᠥᠮᠡᠨ ᠡᠬᠦᠰᠭᠡᠬᠦ ᠡᠳ᠋ ᠢ ᠠᠯᠲᠠᠭᠤᠯᠬᠤ ᠥᠢᠯᠡᠲᠤᠯ ᠲᠠᠢ᠂ ᠠᠭᠤᠰᠬᠢᠨ ᠥᠮᠡᠨ ᠂ ᠤᠯᠠᠭᠠᠨ ᠬᠤᠭᠤᠯᠠᠢ ᠶᠢᠨ ᠥᠮᠡᠨ᠂ ᠲᠠᠪᠤᠰᠠᠩ ᠤᠨ ᠬᠠᠪᠤᠲᠠᠷ ᠢ ᠤᠷᠢᠳᠴᠢᠯᠠᠨ ᠰᠡᠷᠭᠡᠶᠢᠯᠡᠬᠦ ᠨᠡᠯᠢᠶᠡᠳ ᠰᠠᠶᠢᠨ ᠢᠲᠡᠭᠡᠨ ᠮᠥᠨ᠃ 
   ● ᠰᠠᠷᠢᠮᠰᠠᠭ ᠪᠡᠶ ᠎ᠡ ᠴᠤᠭᠴᠠ ᠶᠢᠨ ᠥᠯᠥ ᠬᠠᠯᠲᠠᠭᠠᠬᠤ ᠴᠢᠲᠠᠯ ᠢ ᠨᠡᠮᠡᠭᠲᠡᠭᠦᠯᠥᠨ᠎ᠡ᠃ 
   ● ᠬᠤᠯᠤᠤᠪᠠᠩ ᠳᠤ ᠠᠭᠤᠯᠤᠭᠲᠠᠬᠤ ᠬᠤᠯᠤᠤᠪᠠᠩ ᠤᠨ ᠡᠳ᠋ ᠠᠷᠪᠢᠨ ᠲᠤᠯᠠ ᠥᠮᠡᠨ ᠢ ᠰᠡᠷᠬᠡᠶᠢᠯᠡᠬᠦ ᠢᠲᠡᠭᠡᠨ ᠤ
ᠲᠡᠷᠢᠬᠦᠨ ᠳᠤ ᠵᠢᠭᠰᠠᠭᠠᠭᠲᠠᠨ᠎ᠠ᠃  
   ● ᠲᠥᠪᠡᠳ ᠬᠠᠰᠢ ᠳᠤ ᠸᠢᠲ᠋ᠠᠮᠢᠨ C ᠡᠯᠪᠡᠭ ᠪᠠᠶᠢᠵᠤ᠂ ᠬᠥᠮᠥᠨ ᠤ ᠪᠠᠶ ᠎ᠡ ᠮᠠᠬᠠᠪᠤᠳ ᠲᠤ ᠥᠮᠡᠨ ᠢ ᠡᠰᠡᠷᠬᠦᠴᠡᠬᠦ ᠪᠤᠲᠠᠰ ︵ ᠬᠠᠷᠰᠢᠭᠴᠢ ᠡᠳ᠋︶᠎ ᠲᠤ ᠰᠡᠲᠡᠯᠲᠡ ᠥᠭᠴᠤ᠂ ᠬᠥᠮᠥᠨ ᠤ ᠪᠡᠶ ᠎ᠡ ᠮᠠᠬᠠᠪᠤᠳ ᠤᠨ ᠲᠤᠲᠠᠭᠤ ᠨᠢᠲᠷᠤᠲᠤ ᠠᠮᠢᠨ ᠢᠰᠢᠩᠭᠡᠭᠡᠬᠦ ᠶᠢ ᠬᠤᠷᠢᠬᠯᠠᠵᠤ ᠴᠢᠲᠠᠨ᠎ᠠ᠃ 
   ● ᠭᠤᠭᠤᠳ᠂ ᠴᠢᠨᠼᠠᠢ ᠨᠢ ᠬᠥᠮᠥᠨ ᠤ ᠪᠡᠶ ᠎ᠡ ᠴᠤᠭᠴᠠ ᠳᠠᠬᠢ ᠥᠮᠡᠨ ᠤ ᠡᠰ ᠢ ᠠᠷᠢᠯᠭᠠᠬᠤ᠂ ᠥᠮᠡᠨ ᠡᠪᠡᠳᠴᠢᠨ ᠡᠬᠦᠰᠭᠡᠬᠦ ᠡᠳ᠋ ᠤᠨ ᠬᠡᠲᠡᠰᠥᠨ ᠳᠤ ᠬᠤᠴᠤᠷᠴᠤ ᠥᠯᠡᠲᠡᠬᠦ ᠴᠠᠭ ᠬᠤᠭᠤᠴᠠᠭ᠎ᠠ ᠶᠢ ᠪᠠᠭᠠᠰᠬᠠᠨ᠎ᠠ᠃ 
     
   ● ᠪᠥᠬᠡᠷᠡᠩᠭᠡᠢ ᠴᠠᠭᠠᠨ ᠨᠤᠭᠤᠭ᠎ᠠ᠂ ᠲᠥᠮᠥᠰᠥᠨ ᠳᠤ ᠸᠢᠲ᠋ᠠᠮᠢᠨ C ᠡᠯᠪᠡᠭ ᠪᠠᠶᠢᠵᠤ᠂ ᠼᠢᠶᠠᠨᠲᠤ ᠺᠠᠯᠢ᠂ ᠠᠷᠰᠸᠡ ᠪᠠ 
ᠨᠡᠬᠦᠷᠡᠰᠥᠨ ᠤ ᠬᠥᠴᠢᠯ ᠤᠨ ᠬᠤᠤᠷ ᠢ ᠠᠷᠢᠯᠭᠠᠨ᠎ᠠ᠃ 
   ● ᠴᠠᠭᠠᠨ ᠨᠤᠭᠤᠭ᠎ᠠ᠂ ᠯᠠᠩᠭᠤᠸᠠ ᠳᠤ ᠪᠢᠴᠢᠯ ᠡᠯᠧᠮᠧᠨ᠋ᠲ ᠡᠯᠪᠡᠭ ᠪᠠᠶᠢᠵᠤ᠂ ᠪᠡᠶ ᠎ᠡ ᠳᠠᠬᠢ ᠲᠤᠲᠠᠭᠤ ᠨᠢᠲᠷᠤᠲᠤ ᠠᠮᠢᠨ ᠤ ᠨᠢᠭᠡᠳᠬᠦ ᠶᠢ ᠬᠤᠷᠢᠬᠯᠠᠬᠤ ᠥᠢᠯᠡᠲᠥᠯ ᠲᠠᠢ᠂ ᠯᠠᠩᠭᠤᠸᠠ ᠳᠤ ᠪᠠᠰᠠ ᠲᠤᠲᠠᠭᠤ ᠨᠢᠲᠷᠤᠲᠤ ᠠᠮᠢᠨ ᠢ ᠵᠠᠲᠠᠷᠠᠭᠤᠯᠬᠤ ᠢᠰᠤᠯ ᠠᠭᠤᠯᠤᠭᠲᠠᠵᠤ ᠪᠤᠢ᠃
 
   ● ᠯᠤᠤ ᠶᠢᠨ ᠰᠠᠬᠠᠯ ᠳᠤ ᠤᠭᠤᠷᠠᠭ᠂ ᠨᠠᠪᠴᠢ ᠶᠢᠨ ᠬᠥᠴᠢᠯ ᠬᠢᠭᠡᠳ ᠪᠥᠬᠡᠮ ᠬᠥᠴᠢᠯ ᠡᠯᠪᠡᠭ ᠠᠭᠤᠯᠤᠭᠲᠠᠵᠤ᠂ ᠥᠮᠡᠨ ᠤ ᠡᠰ ᠤᠨ ᠲᠠᠷᠬᠠᠬᠤ ᠵᠢᠴᠢ ᠥᠮᠡᠨ ᠤ ᠡᠰ ᠤᠨ ᠪᠤᠶᠢᠵᠢᠯᠲᠠ ᠶᠢ ᠬᠤᠷᠢᠬᠯᠠᠬᠤ ᠳᠤ ᠤᠨᠴᠠ ᠥᠢᠯᠡᠲᠤᠯ ᠲᠠᠢ᠃ 
   ● ᠪᠥᠬᠡᠷᠡᠩᠭᠡᠢ ᠮᠥᠬᠦ᠂ ᠮᠥᠬᠦ᠂ ᠲᠡᠯᠲᠡᠤ ᠳᠤ ᠰᠢᠬᠢᠷ ᠠᠭᠤᠯᠤᠭᠲᠠᠵᠤ᠂ ᠡᠰᠡᠷᠬᠦᠴᠡᠯ ᠡᠳ᠋ ᠪᠥᠷᠢᠯᠳᠥᠬᠦ ᠳᠤ ᠰᠡᠲᠡᠯᠲᠡ ᠥᠭᠴᠤ ᠂ ᠦᠮᠡᠨ ᠤ ᠡᠰ ᠢ ᠬᠠᠶᠢᠯᠤᠭᠤᠯᠤᠨ᠎ᠠ᠃  
    ● ᠨᠠᠩᠭᠢ ᠨᠤᠭᠤᠭ᠎ᠠ᠂ ᠪᠤᠷᠴᠠᠭ ᠤᠨ ᠰᠥᠶ ᠎ᠡ᠂ ᠴᠤᠬᠤᠷ ᠨᠤᠭᠤᠭ᠎ᠠ ᠳᠤ ᠸᠢᠲ᠋ᠠᠮᠢᠨ C᠂ ᠸᠢᠲ᠋ᠠᠮᠢᠨ E ᠪᠤᠯᠤᠨ
ᠥᠨᠥᠷᠲᠤ ᠤᠰᠤᠮᠠᠭ ᠢᠰᠥᠯ ᠠᠭᠤᠯᠤᠭᠲᠠᠵᠤ᠂ ᠬᠥᠮᠥᠨ ᠤ ᠪᠡᠶ ᠎ᠡ ᠴᠤᠭᠴᠠ ᠳᠠᠬᠢ ᠥᠮᠡᠨ ᠡᠬᠦᠰᠬᠦ ᠪᠤᠲᠠᠰ ᠢ ᠵᠠᠲᠠᠷᠠᠭᠤᠯᠤᠨ ᠠᠷᠢᠯᠭᠠᠨ᠎ᠠ᠃
 



  
     
     