-
114150
ᠬᠥᠷᠥᠩᠭᠡ ᠶᠢᠨ ᠳᠠᠪᠰᠢᠯᠲᠠ
2022-01-13 09:27
87
0
ᠬᠦᠷᠦᠨᠭᠭᠡ ᠪᠤᠯ ᠬᠦᠮᠦᠨ ᠲᠦᠷᠦᠯᠬᠢᠳᠡᠨ ᠦ ᠤᠷᠤᠰᠢᠨ ᠲᠤᠭᠳᠠᠨᠢᠬᠤ ᠶᠢᠨ ᠰᠠᠭᠤᠷᠢ ᠂ ᠬᠦᠷᠦᠨᠭᠭᠡ ᠦᠭᠡᠢ ᠪᠤᠯ ᠬᠦᠮᠦᠨ ᠠᠮᠢᠳᠤᠷᠠᠬᠤ ᠶᠢᠨ ᠠᠷᠭ᠎ᠠ ᠦᠭᠡᠢ ᠂ ᠡᠷᠡᠭᠦᠯ ᠴᠢᠬᠢᠷᠠᠭ ᠪᠤᠯ ᠪᠡᠶ᠎ᠡ ᠶᠢᠨ ᠬᠦᠷᠦᠨᠭᠭᠡ ᠮᠦᠨ ᠭᠡᠳᠡᠭ ᠂ ᠡᠷᠡᠭᠦᠯ ᠴᠢᠬᠢᠷᠠᠭ ᠪᠡᠶ᠎ᠡ ᠰᠡᠳᠭᠢᠯ ᠲᠠᠢ ᠪᠤᠯ ᠤᠷᠤᠰᠢᠨ ᠲᠤᠭᠳᠠᠨᠢᠵᠤ ᠲᠡᠢᠯᠦᠨᠡ ᠭᠡᠰᠡᠨ ᠦᠭᠡ ᠂ ᠠᠩᠬ᠎ᠠ ᠡᠷᠳᠡ ᠡᠴᠡ ᠠᠪᠤᠭᠠᠳ ᠬᠡᠭᠡᠷ᠎ᠡ ᠶᠢᠨ ᠠᠮᠢᠳᠠᠨ ᠢ ᠭᠡᠷ ᠦᠨ ᠲᠡᠵᠢᠭᠡᠪᠦᠷᠢ ᠪᠤᠯᠭᠠᠭᠰᠠᠨ ᠨᠢ ᠬᠦᠷᠦᠨᠭᠭᠡ ᠶᠢᠨ ᠡᠭᠦᠰᠦᠯ ᠭᠡᠵᠦ ᠬᠡᠯᠡᠵᠦ ᠪᠤᠯᠤᠨ᠎ᠠ ᠂ ᠰᠡᠭᠦᠯᠡᠷ ᠨᠢ ᠲᠠᠢᠨ ᠪᠠᠢᠯᠳᠤᠭᠠᠨ ᠢᠶᠠᠷ ᠲᠠᠮᠵᠢᠨ ᠭᠠᠵᠠᠷ ᠨᠤᠳᠤᠭ ᠢ ᠡᠵᠡᠯᠡᠵᠦ ᠮᠠᠯ ᠤᠨ ᠪᠡᠯᠴᠢᠭᠡᠷ ᠪᠤᠯᠭᠠᠵᠤ ᠬᠦᠷᠦᠨᠭᠭᠡ ᠪᠤᠯᠭᠠᠭᠰᠠᠨ ᠂ᠡᠷᠬᠡ ᠵᠡᠷᠭᠡ ᠶᠢ ᠪᠤᠯᠢᠶᠠᠯᠳᠤᠵᠤ ᠬᠦᠷᠦᠨᠭᠭᠡ ᠪᠤᠯᠭᠠᠭᠰᠠᠨ ᠂ ᠪᠠᠰᠠ ᠰᠡᠭᠦᠯᠡᠷ ᠨᠢ ᠵᠤᠭᠤᠰ ᠮᠦᠨᠭᠭᠦ ᠶᠢ ᠡᠭᠦᠳᠴᠦ ᠬᠦᠷᠦᠨᠭᠭᠡ ᠪᠤᠯᠭᠠᠭᠰᠠᠨ ᠂ ᠭᠡᠷ ᠪᠠᠷᠢᠯᠭ᠎ᠠ ᠪᠠᠷᠢᠵᠤ ᠬᠦᠷᠦᠨᠭᠭᠡ ᠪᠤᠯᠭᠠᠭᠰᠠᠨ ᠂ ᠡᠳ᠋ ᠪᠤᠳᠠᠰ ᠦᠢᠯᠡᠳᠪᠦᠷᠢᠯᠡᠵᠤ ᠬᠦᠷᠦᠨᠭᠭᠡ ᠪᠤᠯᠭᠠᠭᠰᠠᠨ ᠂ ᠪᠠᠰᠠ ᠤᠷᠠᠯᠢᠭ ᠲᠠᠮᠢᠷ ᠂ ᠦᠩᠭᠡ ᠵᠢᠰᠤ ᠂ ᠠᠪᠢᠶᠠᠰ ᠪᠢᠯᠢᠭ ᠵᠡᠷᠭᠡ ᠶᠢ ᠬᠦᠷᠦᠨᠭᠭᠡ ᠪᠤᠯᠭᠠᠭᠰᠠᠨ ᠂ ᠬᠦᠮᠦᠨ ᠲᠦᠷᠦᠯᠬᠢᠳᠡᠨ ᠦ ᠬᠦᠷᠦᠨᠭᠭᠡ ᠶᠢᠨ ᠡᠭᠦᠳᠦᠯᠳᠡ ᠬᠡᠳᠦᠨ ᠮᠢᠨᠭᠭᠠᠨ ᠵᠢᠯ ᠢᠶᠡᠷ ᠦᠷᠭᠦᠯᠵᠢᠯᠡᠵᠦ ᠬᠦᠭᠵᠢᠵᠦ ᠢᠷᠡᠵᠡᠢ ᠂ ᠬᠠᠮᠤᠭ ᠰᠡᠭᠦᠯ ᠳᠦ ᠨᠢ ᠮᠠᠷᠺᠧᠰ ᠡᠴᠡ ᠬᠦᠷᠦᠨᠭᠭᠡᠳᠦ ᠶᠤᠰᠤᠨ ᠤ ᠰᠠᠭᠤᠷᠢᠨ ᠲᠡᠭᠡᠷ᠎ᠡ ︵ ᠬᠦᠷᠦᠨᠭᠭᠡ ᠶᠢᠨ ᠲᠤᠬᠠᠢ ︶ ᠶᠢ ᠪᠢᠴᠢᠵᠦ ᠂ ᠬᠦᠳᠡᠯᠮᠦᠷᠢ ᠪᠤᠯ ᠠᠯᠢᠪᠠ ᠶᠢ ᠪᠦᠳᠦᠭᠡᠬᠦ ᠂ ᠢᠯᠡᠭᠦᠦ ᠦᠷᠳᠡᠭ ᠦᠨ ᠤᠷᠤᠯᠭ᠎ᠠ ᠬᠦᠷᠦᠨᠭᠭᠡ ᠶᠢ ᠦᠷᠡᠵᠢᠭᠦᠯᠵᠦ ᠲᠡᠢᠯᠬᠦ ᠶᠢ ᠡᠭᠦᠳᠴᠦ ᠭᠠᠷᠭᠠᠵᠠᠢ ᠂ ᠢᠩᠬᠢᠭᠡᠳ ᠨᠡᠢᠭᠡᠮ ᠵᠢᠷᠤᠮ ᠤᠨ ᠶᠤᠰᠤ ᠮᠡᠨᠳᠤᠯᠡᠵᠤ ᠂ ᠠᠯᠤᠰ ᠲᠤᠷᠤᠨᠠᠳᠤ ᠶᠢᠨ ᠠᠷᠪᠠᠨ ᠳ᠋ᠦᠨᠭᠰᠢᠭᠤᠷ ᠬᠦᠳᠡᠯᠮᠦᠷᠢᠴᠢᠨ ᠠᠷᠠᠳ ᠲᠠᠢ ᠲᠤᠮᠳᠠᠳᠤ ᠤᠯᠤᠰ ᠮᠠᠷᠺᠧᠰ ᠦᠨ ᠦᠵᠡᠯ ᠢ ᠬᠦᠯᠢᠶᠡᠨ ᠠᠪᠴᠠᠢ ᠃
ᠮᠠᠤ ᠲᠡᠷᠢᠭᠦᠯᠡᠭᠴᠢ ᠪᠤᠯ ᠲᠤᠮᠳᠠᠳᠤ ᠤᠯᠤᠰ ᠢ ᠠᠪᠤᠷᠠᠭᠰᠠᠨ ᠬᠦᠮᠦᠨ ᠂ ᠲᠡᠷᠡ ᠨᠡᠢᠭᠡᠮ ᠵᠢᠷᠤᠮ ᠤᠨ ᠬᠦᠳᠡᠯᠮᠦᠷᠢ ᠪᠡᠷ ᠬᠤᠪᠢᠶᠠᠬᠤ ᠲᠦᠷᠢᠮ ᠢᠶᠡᠷ ᠭᠤᠴᠢᠨ ᠵᠢᠯ ᠦᠨ ᠵᠠᠮ ᠢ ᠠᠶᠠᠯᠠᠵᠤ ᠂ ᠠᠷᠪᠠᠨ ᠳ᠋ᠦᠨᠭᠰᠢᠭᠤᠷ ᠬᠦᠮᠦᠨ ᠦ ᠮᠦᠷᠦ ᠪᠦᠳᠦᠨ ᠭᠡᠳᠡᠰᠦ ᠴᠠᠳᠬᠤᠯᠠᠨ ᠤ ᠠᠰᠠᠭᠤᠳᠠᠯ ᠢ ᠰᠢᠳᠪᠦᠷᠢᠯᠡᠵᠦ ᠂ ᠲᠦᠷᠦ ᠶᠢᠨ ᠦᠨᠳᠦᠰᠦ ᠶᠢ ᠭᠦᠨ ᠬᠠᠳᠬᠤᠵᠤ ᠂ ᠠᠰᠠᠷ ᠤᠨ ᠰᠠᠭᠤᠷᠢ ᠶᠢ ᠪᠠᠳᠤ ᠲᠠᠯᠪᠢᠵᠠᠢ ᠂ ᠡᠨᠡ ᠴᠠᠭ ᠦᠶ᠎ᠡ ᠶᠢᠨ ᠬᠦᠷᠦᠨᠭᠭᠡ ᠪᠤᠯ ᠬᠦᠳᠡᠯᠮᠦᠷᠢ ᠪᠤᠯᠤᠨ᠎ᠠ ᠂ ᠳ᠋ᠧᠩ ᠲᠡᠷᠢᠭᠦᠯᠡᠭᠴᠢ ᠪᠤᠯ ᠨᠡᠢᠭᠡᠮ ᠵᠢᠷᠤᠮ ᠢ ᠠᠪᠤᠷᠠᠭᠰᠠᠨ ᠬᠦᠮᠦᠨ ᠂ ᠲᠡᠷᠡ ᠵᠦᠪᠯᠡᠯᠳᠦ ᠶᠢᠨ ᠵᠠᠳᠠᠷᠠᠭᠰᠠᠨ ᠠᠴᠠ ᠰᠤᠷᠭᠠᠮᠵᠢ ᠠᠪᠴᠤ ᠂ ᠵᠠᠬ᠎ᠠ ᠲᠡᠯᠭᠡᠭᠦᠷ ᠦᠨ ᠠᠵᠤ ᠠᠬᠤᠢ ᠶᠢ ᠦᠪᠡᠷ ᠦᠨ ᠨᠡᠢᠭᠡᠮ ᠵᠢᠷᠤᠮ ᠤᠨ ᠶᠤᠰᠤ ᠲᠠᠢ ᠡᠷᠯᠢᠰᠵᠢᠭᠦᠯᠵᠦ ᠂ ᠴᠦᠬᠡᠨ ᠲᠤᠭᠠᠨ ᠤ ᠬᠦᠮᠦᠨ ᠢ ᠤᠷᠢᠳᠠᠪᠠᠷ ᠪᠠᠶᠠᠵᠢᠭᠤᠯᠬᠤ ᠂ ᠺᠤᠮᠫᠠᠨᠢ ᠪᠠᠷ ᠤᠳᠤᠷᠢᠳᠤᠨ ᠲᠠᠭᠠᠭᠤᠯᠵᠤ ᠂ ᠵᠤᠭᠤᠰ ᠢᠶᠠᠷ ᠬᠦᠷᠦᠨᠭᠭᠡ ᠪᠤᠯᠭᠠᠵᠤ ᠤᠬᠤᠷ ᠲᠦᠴᠢᠨ ᠵᠢᠯ ᠦᠨ ᠲᠤᠳᠤᠷ᠎ᠠ ᠶᠠᠳᠠᠭᠤ ᠬᠤᠴᠤᠷᠤᠩᠭᠤᠢ ᠲᠤᠮᠳᠠᠳᠤ ᠤᠯᠤᠰ ᠢ ᠲᠡᠷᠢᠭᠦᠨ ᠦ ᠬᠦᠭᠵᠢᠵᠦ ᠪᠠᠢᠭ᠎ᠠ ᠤᠯᠤᠰ ᠪᠤᠯᠭᠠᠵᠠᠢ ᠂ ᠤᠳᠤ ᠶᠢᠨ ᠨᠢᠭᠡ ᠪᠦᠯᠦᠭ ᠨᠢ ᠪᠡᠶ᠎ᠡ ᠶᠢᠨ ᠬᠦᠳᠡᠯᠮᠦᠷᠢ ᠪᠡᠷ ᠬᠦᠷᠦᠨᠭᠭᠡ ᠪᠤᠯᠭᠠᠵᠤ ᠴᠠᠯᠢᠩ ᠤᠯᠵᠤ ᠪᠠᠢᠭ᠎ᠠ ᠂ ᠨᠦᠭᠦᠭᠡ ᠪᠦᠯᠦᠭ ᠨᠢ ᠵᠤᠭᠤᠰ ᠮᠦᠨᠭᠭᠦ ᠶᠢᠨ ᠬᠦᠷᠦᠨᠭᠭᠡ ᠪᠡᠷ ᠠᠷᠠᠯᠵᠢᠶ᠎ᠠ ᠬᠢᠵᠦ ᠤᠷᠤᠯᠭ᠎ᠠ ᠤᠯᠵᠤ ᠪᠠᠢᠭ᠎ᠠ ᠪᠤᠯ ᠡᠨᠡ ᠬᠤᠶᠠᠷ ᠴᠠᠭ ᠦᠶ᠎ᠡ ᠶᠢᠨ ᠬᠦᠷᠦᠨᠭᠭᠡ ᠶᠢᠨ ᠤᠨᠴᠠᠯᠢᠭ ᠪᠤᠯᠤᠨ᠎ᠠ ᠂ ᠬᠦᠷᠦᠨᠭᠭᠡ ᠶᠢᠨ ᠤᠷᠤᠯᠭ᠎ᠠ ᠬᠦᠳᠡᠯᠮᠦᠷᠢ ᠶᠢᠨ ᠤᠷᠤᠯᠭ᠎ᠠ ᠶᠢ ᠮᠦᠯᠵᠢᠵᠦ ᠪᠠᠢᠳᠠᠭ ᠤᠴᠢᠷ ᠠᠴᠠ ᠪᠠᠶᠠᠨ ᠶᠠᠳᠠᠭᠤ ᠶᠢᠨ ᠵᠦᠷᠢᠶ᠎ᠡ ᠢᠩᠬᠢᠵᠦ ᠡᠭᠦᠰᠴᠡᠢ ᠂ ᠰᠢ ᠲᠡᠷᠢᠭᠦᠯᠡᠭᠴᠢ ᠪᠤᠯ ᠡᠪ ᠬᠠᠮᠳᠤ ᠶᠢᠨ ᠶᠤᠰᠤ ᠶᠢ ᠠᠪᠤᠷᠠᠭᠰᠠᠨ ᠬᠦᠮᠦᠨ ᠂ ᠲᠡᠷᠡ ᠨᠡᠢᠭᠡᠮ ᠵᠢᠷᠤᠮ ᠤᠨ ᠦᠷᠳᠡᠭ ᠦᠨ ᠦᠵᠡᠯ ᠢ ᠲᠤᠷᠠᠳᠴᠤ ᠂ ᠬᠦᠳᠡᠯᠮᠦᠷᠢᠴᠢᠨ ᠠᠷᠠᠳ ᠲᠦᠮᠡᠨ ᠪᠤᠯ ᠵᠢᠩᠬᠢᠨᠢ ᠪᠠᠭᠠᠳᠤᠷ ᠭᠡᠳᠡᠭ ᠢ ᠲᠤᠳᠤᠷᠬᠠᠢᠯᠠᠵᠤ ᠂ ᠲᠤᠤᠷ ᠰᠦᠯᠵᠢᠶᠡᠨ ᠦ ᠦᠭᠡᠷᠡᠴᠢᠯᠡᠯᠳᠡ ᠶᠢ ᠲᠦᠷᠭᠡᠳᠬᠡᠵᠦ ᠂ ᠦᠷᠳᠡᠭ ᠢᠶᠡᠷ ᠬᠤᠪᠢᠶᠠᠬᠤ ᠰᠢᠨ᠎ᠡ ᠠᠵᠤ ᠠᠬᠤᠢ ᠶᠢᠨ ᠤᠬᠠᠭᠠᠨ ᠢ ᠡᠬᠢᠯᠡᠵᠦ ᠬᠡᠷᠡᠭᠵᠢᠭᠦᠯᠪᠡ ᠂ ᠢᠯᠡᠭᠦᠦ ᠦᠷᠳᠡᠭ ᠦᠨ ᠤᠷᠤᠯᠭ᠎ᠠ ᠪᠤᠯ ᠢᠷᠡᠭᠡᠳᠦᠢ ᠶᠢᠨ ᠬᠦᠷᠦᠨᠭᠭᠡ ᠪᠤᠯᠤᠨ᠎ᠠ ᠂ ᠲᠠᠷᠤᠢ ᠦᠵᠡᠯ ᠰᠠᠨᠠᠭᠠᠨ ᠤ ᠬᠦᠷᠦᠨᠭᠭᠡ ᠳᠦ ᠲᠦᠰᠢᠭᠯᠡᠨ᠎ᠡ ᠂ ᠬᠦᠳᠡᠯᠮᠦᠷᠢ ᠂ ᠵᠤᠭᠤᠰ ᠂ ᠦᠷᠳᠡᠭ ᠭᠤᠷᠪᠠ ᠪᠤᠯ ᠭᠤᠷᠪᠠᠨ ᠴᠠᠭ ᠦᠶ᠎ᠡ ᠶᠢᠨ ᠬᠦᠷᠦᠨᠭᠭᠡ ᠶᠢᠨ ᠲᠠᠪᠰᠢᠯᠳᠠ ᠪᠤᠯᠤᠨ᠎ᠠ ᠂ ᠵᠠᠯᠠᠭᠤᠴᠤᠳ ᠢ ᠡᠷᠳᠡᠮ ᠮᠡᠳᠡᠯᠭᠡ ᠰᠤᠷᠬᠤ ᠶᠢ ᠴᠢᠬᠤᠯᠴᠢᠯᠠᠵᠤ ᠂ ᠨᠤᠶᠠᠨ ᠵᠡᠷᠭᠡ ᠂ ᠡᠳ᠋ ᠮᠦᠨᠭᠭᠦ ᠂ ᠠᠰᠢᠭ ᠲᠤᠰᠠ ᠶᠢᠨ ᠲᠦᠯᠦᠭᠡ ᠪᠢᠳᠡᠭᠡᠢ ᠰᠢᠨᠤ ᠭᠡᠵᠦ ᠤᠷᠢᠶᠠᠯᠠᠭᠰᠠᠨ ᠨᠢ ᠴᠠᠭ ᠦᠶ᠎ᠡ ᠶᠢᠨ ᠰᠠᠭᠠᠷᠳᠠᠯᠭ᠎ᠠ ᠪᠤᠯᠤᠨ᠎ᠠ ᠂ ᠢᠯᠡᠭᠦᠦ ᠦᠷᠳᠡᠭ ᠦᠨ ᠤᠷᠤᠯᠭ᠎ᠠ ᠨᠢ ᠲᠤᠭ᠎ᠠ ᠦᠭᠡᠢ ᠤᠯᠠᠨ ᠵᠦᠪ ᠦᠵᠡᠯ ᠰᠠᠨᠠᠭ᠎ᠠ ᠲᠠᠢ ᠂ ᠲᠠᠷᠤᠤ ᠨᠤᠮᠤᠬᠠᠨ ᠲᠠᠪᠰᠢᠬᠤ ᠵᠤᠷᠢᠭ ᠲᠠᠢ ᠬᠦᠮᠦᠰ ᠢ ᠪᠠᠶᠠᠵᠢᠭᠤᠯᠵᠤ ᠲᠡᠢᠯᠬᠦ ᠪᠤᠯᠤᠨ᠎ᠠ ᠃
ᠤᠳᠤ ᠶᠢᠨ ᠲᠡᠯᠭᠡᠷᠡᠵᠦ ᠪᠠᠢᠭ᠎ᠠ ᠬᠢᠵᠢᠭ ᠡᠪᠡᠳᠴᠢᠨ ᠪᠤᠯᠤᠨ ᠬᠢᠮᠤᠷᠠᠯ ᠦᠷᠢᠳᠦᠯ ᠪᠤᠯ ᠦᠨᠡᠨ ᠳ᠋ᠡᠭᠡᠨ ᠨᠢᠭᠡᠯᠡ ᠶᠤᠰᠤ ᠂ ᠨᠢᠭᠡ ᠨᠢ ᠬᠦᠮᠦᠨ ᠲᠦᠷᠦᠯᠬᠢᠳᠡᠨ ᠦ ᠰᠢᠨᠤᠯ ᠠᠬᠠᠳᠤᠵᠤ ᠂ ᠦᠪᠡᠷ ᠦᠨ ᠬᠦᠴᠦ ᠬᠦᠳᠡᠯᠮᠦᠷᠢ ᠪᠡᠷ ᠲᠠᠷᠢᠵᠦ ᠲᠡᠵᠢᠭᠡᠭᠰᠡᠨ ᠦᠭᠡᠢ ᠬᠡᠭᠡᠷ᠎ᠡ ᠶᠢᠨ ᠠᠮᠢᠳᠠᠨ ᠢ ᠢᠳᠡᠭᠰᠡᠨ ᠡᠴᠡ ᠡᠭᠦᠰᠦᠭᠰᠡᠨ ᠂ ᠨᠦᠭᠦᠭᠡ ᠨᠢ ᠬᠦᠳᠡᠯᠮᠦᠷᠢ ᠶᠢ ᠤᠮᠳᠤᠭᠠᠢᠯᠠᠵᠤ ᠵᠤᠭᠤᠰ ᠮᠦᠨᠭᠭᠦ ᠶᠢ ᠭᠤᠤᠯ ᠬᠦᠷᠦᠨᠭᠭᠡ ᠪᠤᠯᠭᠠᠵᠤ ᠦᠵᠡᠭᠰᠡᠨ ᠳᠦ ᠪᠠᠢᠨ᠎ᠠ ᠂ ᠶᠠᠭᠤᠮ᠎ᠠ ᠶᠢ ᠬᠦᠭᠵᠢᠭᠦᠯᠬᠦ ᠳᠦ ᠵᠤᠭᠤᠰ ᠴᠢᠬᠤᠯᠠ ᠂ ᠬᠦᠮᠦᠨ ᠢ ᠬᠦᠭᠵᠢᠭᠦᠯᠬᠦ ᠳᠦ ᠦᠵᠡᠯ ᠰᠠᠨᠠᠭ᠎ᠠ ᠴᠢᠬᠤᠯᠠ ᠂ ᠦᠷᠳᠡᠭ ᠦᠨ ᠦᠵᠡᠯ ᠦᠭᠡᠢ ᠡᠴᠡ ᠬᠦᠷᠦᠨᠭᠭᠡ ᠶᠠᠭᠤ ᠶᠢ ᠮᠡᠳᠡᠬᠦ ᠦᠭᠡᠢ ᠂ ᠬᠦᠷᠦᠨᠭᠭᠡ ᠶᠢ ᠮᠡᠳᠡᠬᠦ ᠦᠭᠡᠢ ᠡᠴᠡ ᠶᠠᠭᠤᠮ᠎ᠠ ᠨᠢ ᠪᠠᠶᠠᠨ ᠪᠤᠯᠬᠤ ᠲᠤᠳᠤᠮ ᠬᠦᠮᠦᠨ ᠨᠢ ᠶᠠᠳᠠᠭᠤᠷᠠᠵᠤ ᠪᠠᠢᠳᠠᠭ ᠂ ᠬᠦᠷᠦᠨᠭᠭᠡ ᠶᠢᠨ ᠲᠡᠰ ᠢ ᠲᠡᠭᠡᠭᠰᠢᠯᠡᠭᠦᠯᠬᠦ ᠴᠢᠬᠤᠯᠠ ᠲᠠᠢ ᠂ ᠵᠤᠭᠤᠰ ᠦᠭᠡᠢ ᠨᠡᠢᠭᠡᠮ ᠳᠦ ᠠᠷᠪᠠᠨ ᠬᠡᠤᠬᠡᠳ ᠢ ᠦᠰᠭᠡᠵᠦ ᠂ ᠦᠷᠢ ᠰᠢᠷᠢ ᠭᠡᠳᠡᠭ ᠢ ᠮᠡᠳᠡᠬᠦ ᠦᠭᠡᠢ ᠪᠠᠢᠭᠰᠠᠨ ᠂ ᠵᠤᠭᠤᠰᠤᠨ ᠤ ᠲᠡᠭᠡᠷ᠎ᠡ ᠬᠢᠰᠭᠢᠵᠦ ᠭᠠᠷᠬᠤ ᠦᠭᠡᠢ ᠪᠤᠯ ᠬᠡᠵᠢᠶᠡᠳᠡ ᠵᠤᠭᠤᠰᠤᠨ ᠤ ᠪᠤᠭᠤᠯ ᠪᠤᠯᠬᠤ ᠪᠤᠯᠤᠨ᠎ᠠ ᠂ ᠵᠤᠭᠤᠰ ᠨᠢ ᠬᠦᠳᠡᠯᠮᠦᠷᠢ ᠶᠢᠨ ᠲᠡᠭᠡᠷ᠎ᠡ ᠬᠢᠰᠭᠢᠵᠦ ᠦᠨᠳᠡᠢᠭᠰᠡᠨ ᠂ ᠲᠡᠳᠡᠭᠡᠷ ᠤᠯᠠᠨ ᠵᠤᠭᠤᠰᠤᠨ ᠤ ᠬᠦᠴᠦᠨ ᠳᠦ ᠡᠷᠳᠦᠵᠦ ᠶᠠᠪᠤᠵᠤ ᠪᠠᠢᠭ᠎ᠠ ᠬᠦᠮᠦᠨ ᠪᠤᠯ ᠦᠨᠡᠨ ᠳ᠋ᠡᠭᠡᠨ ᠬᠦᠷᠦᠨᠭᠭᠡ ᠬᠦᠮᠦᠨ ᠬᠤᠪᠢᠯᠤᠭᠰᠠᠨ ᠶᠠᠪᠤᠳᠠᠯ ᠂ ᠠᠰᠢᠭ ᠲᠤᠰᠠ ᠠᠴᠠ ᠤᠨᠳᠤᠤ ᠬᠦᠮᠦᠨ ᠦ ᠦᠨᠦᠷ ᠦᠭᠡᠢ ᠪᠤᠯᠤᠭᠰᠠᠨ ᠶᠤᠮ ᠂ ᠤᠳᠤ ᠦᠵᠡᠯ ᠰᠠᠨᠠᠭ᠎ᠠ ᠶᠢ ᠬᠤᠷᠴᠠᠯᠠᠵᠤ ᠲᠡᠳᠡᠨ ᠦ ᠲᠡᠭᠡᠷ᠎ᠡ ᠬᠢᠰᠭᠢᠵᠦ ᠭᠠᠷᠬᠤ ᠴᠠᠭ ᠦᠶ᠎ᠡ ᠪᠤᠯᠤᠭᠰᠠᠨ ᠪᠠᠢᠨᠠ᠌᠌᠌᠌︕