-
3440
ᠲᠡᠷᠡ ᠡᠮᠡᠭᠲᠡᠢ
2017-04-20 18:19
233
0
ᠲᠡᠷᠡ ᠡᠮᠡᠭᠲᠡᠢ ᠳᠦ ᠪᠢ ᠬᠠᠶᠢᠷᠠᠲᠠᠢ
ᠲᠡᠪᠡᠷᠢᠵᠦ ᠠᠪᠤᠭᠠᠳ ᠦᠨᠦᠰᠬᠦ ᠳᠦ ᠨᠢ ᠳᠤᠷᠠᠲᠠᠢ
ᠳᠠᠭᠠᠷᠠᠭᠰᠠᠭᠠᠷ ᠤᠴᠢᠬᠤ ᠳᠤ ᠮᠢᠨᠢ ᠤᠭᠲᠤᠨ ᠠᠪᠴᠤ
ᠪᠡᠭᠡᠷᠡᠭᠰᠡᠨ ᠭᠠᠷ ᠢ ᠮᠢᠨᠢ ᠪᠦᠯᠢᠶᠡᠴᠡᠭᠦᠯᠵᠦ ᠦᠭᠳᠡᠭ
ᠭᠤᠸ᠎ᠠ ᠦᠵᠡᠰᠭᠦᠯᠡᠩᠲᠦ ᠲᠡᠷᠡ ᠬᠦᠮᠦᠨ ᠡᠴᠡ
ᠭᠤᠤᠯᠲᠤ ᠵᠢᠷᠦᠬᠡ ᠮᠢᠨᠢ ᠬᠠᠶᠢᠷ᠎ᠠ ᠮᠡᠳᠡᠷᠡᠳᠡᠭ ᠡ
ᠲᠡᠷᠡ ᠡᠮᠡᠭᠲᠡᠢ ᠳᠦ ᠪᠢ ᠬᠠᠶᠢᠷᠠᠲᠠᠢ
ᠳᠡᠷᠲᠡᠭᠡ ᠬᠤᠯᠠ ᠠᠴᠠ ᠴᠤ ᠤᠭᠲᠠᠳᠠᠭ ᠨᠢ ᠳᠤᠷᠠᠲᠠᠢ
ᠬᠠᠯᠠᠭᠤᠴᠠᠭᠰᠠᠭᠠᠷ ᠤᠴᠢᠬᠤ ᠳᠤ ᠲᠤᠭᠤᠨ ᠠᠪᠴᠤ
ᠬᠦᠯᠥᠰᠦ ᠶᠢ ᠮᠢᠨᠢ ᠠᠷᠴᠢᠨ ᠰᠡᠷᠢᠭᠦᠴᠡᠭᠦᠯᠵᠤ ᠦᠭᠳᠡᠭ
ᠭᠤᠮᠳᠠᠭᠠᠵᠤ ᠶᠡᠷᠦ ᠳᠡᠬᠡᠨ ᠪᠤᠯᠥᠮᠵᠢ ᠦᠭᠡᠢ ᠲᠡᠷᠡ ᠬᠦᠮᠦᠨ ᠡᠴᠡ
ᠭᠤᠸ᠎ᠠ ᠦᠵᠡᠰᠭᠦᠯᠡᠩ ᠢ ᠢᠯᠡᠭᠦᠦ ᠲᠠᠢ ᠮᠡᠳᠡᠷᠡᠳᠡᠭ ᠡ
ᠵᠢᠷ ᠦᠨ ᠨᠢᠭᠡᠨ ᠮᠣᠩᠭᠣᠯ ᠡᠮᠡᠭᠲᠡᠢ ᠡᠴᠡ
ᠵᠢᠭᠬᠢᠨᠢ ᠬᠠᠶᠢᠷ᠎ᠠ ᠶᠢ ᠪᠢ ᠮᠡᠳᠡᠷᠡᠳᠡᠭ ᠡ
ᠬᠠᠶᠢᠷ᠎ᠠ ᠭᠡᠷᠡᠯᠲᠦᠭᠦᠯᠦᠭᠰᠡᠨ ᠲᠡᠷᠡ ᠡᠮᠡᠭᠲᠡᠢ ᠶᠢ
ᠡᠵᠢ ᠭᠡᠳᠡᠭ
︵ᠪᠤᠯᠤᠷ ᠴᠤᠮᠤ34) ᠶᠢᠨ ᠲᠡᠷᠢᠭᠦᠨ ᠰᠢᠯᠦᠭ