 

ᠠᠭᠤᠰᠭᠢᠨ ᠳᠤ ᠬᠤᠷᠠᠭᠰᠠᠨ ᠬᠤᠭ ᠨᠤᠪᠰᠢ ᠶᠢ ᠴᠡᠪᠡᠷᠯᠡᠬᠦ ᠠᠷᠭ᠎ᠠ ᠳᠡᠮ

2017-12-25 18:30
  295
  2
     1. ᠯᠤᠤᠪᠠᠩ ᠪᠤᠯ ᠠᠭᠤᠰᠬᠢᠨ ᠳᠤ ᠬᠤᠷᠠᠭᠰᠠᠨ ᠬᠤᠤᠷᠠᠳᠤ ᠪᠤᠳᠠᠰ ᠢ ᠴᠡᠪᠠᠷᠯᠡᠬᠦ ᠰᠠᠶᠢᠨ ᠢᠳᠡᠭᠡᠨ ᠪᠤᠯᠤᠨ᠎ᠠ᠃ ᠪᠦᠲᠦᠭᠦᠨ ᠭᠡᠳᠡᠰᠦ ᠪᠤᠯᠤᠨ ᠠᠭᠤᠰᠬᠢ ᠨᠢ ᠨᠢᠬᠳᠠ ᠬᠠᠷᠢᠴᠠᠭ᠎ᠠ ᠲᠠᠢ ᠪᠠᠶᠢᠵᠤ᠂ ᠠᠭᠤᠰᠭᠢᠨ ᠤ ᠬᠤᠤᠷᠠᠳᠤ ᠪᠤᠳᠠᠰ ᠢ ᠭᠠᠳᠠᠭᠰᠢᠯᠠᠭᠤᠯᠬᠤ ᠭᠡᠮᠵᠢᠶ᠎ᠠ ᠨᠢ ᠪᠦᠲᠦᠭᠦᠨ ᠭᠡᠳᠡᠰᠦᠨ ᠤ ᠰᠠᠭᠠᠳ ᠦᠭᠡᠢ ᠨᠡᠪᠳᠡᠷᠡᠵᠦ ᠪᠠᠶᠢᠬᠤ ᠡᠰᠡᠬᠦ ᠪᠠᠷ ᠳᠤᠭᠳᠠᠭᠠᠭᠳᠠᠳᠠᠭ ᠭᠡᠵᠦ ᠬᠢᠳᠠᠳ ᠡᠮᠨᠡᠯᠭᠡ ᠶᠢᠨ ᠬᠢᠨ ᠦᠵᠡᠳᠡᠭ᠃ ᠯᠤᠤᠪᠠᠩ ᠨᠢ ᠪᠦᠲᠦᠭᠦᠨ ᠭᠡᠳᠡᠰᠦ ᠶᠢ ᠬᠠᠪᠰᠤᠷᠴᠤ ᠬᠤᠨᠤᠭᠰᠠᠨ ᠬᠤᠷᠭᠤᠰᠤ ᠶᠢ ᠭᠠᠳᠠᠭᠰᠢᠯᠠᠭᠤᠯᠳᠠᠭ᠃ ᠯᠤᠤᠪᠠᠩ ᠢ ᠳᠦᠭᠦᠬᠡᠢ ᠪᠠᠷ ᠪᠤᠶᠤ ᠪᠤᠯᠭᠤᠭᠠᠳ ᠢᠳᠡᠵᠦ ᠪᠦᠷ ᠪᠤᠯᠤᠨ᠎ᠠ᠃ 
      2. ᠬᠡᠯᠡᠭᠡᠢ ᠰᠠᠷᠠᠨ᠎ᠠ ᠨᠢ ᠠᠭᠤᠰᠭᠢᠨ ᠤ ᠬᠤᠤᠷᠠᠳᠤ ᠪᠤᠳᠠᠰ ᠢ ᠡᠰᠡᠷᠭᠦᠴᠡᠬᠦ ᠴᠢᠳᠠᠪᠤᠷᠢ ᠶᠢ ᠰᠠᠶᠢᠵᠢᠷᠠᠭᠤᠯᠳᠠᠭ᠃ ᠠᠭᠤᠰᠬᠢ ᠶᠡᠷᠦ ᠨᠢ ᠬᠠᠭᠰᠠᠭᠰᠠᠨ ᠬᠠᠭᠤᠷᠠᠢ ᠪᠠᠶᠢᠳᠠᠯ ᠳᠤ ᠳᠤᠷ᠎ᠠ ᠦᠭᠡᠢ ᠪᠠᠶᠢᠳᠠᠭ᠂ ᠬᠠᠭᠤᠷᠠᠢ ᠤᠷᠴᠢᠨ ᠳᠤᠭᠤᠷᠢᠨ ᠳᠤ ᠬᠤᠤᠷᠠᠳᠤ ᠪᠤᠳᠠᠰ ᠠᠭᠤᠰᠭᠢᠨ ᠳᠤ ᠠᠮᠠᠷᠬᠠᠨ ᠬᠤᠷᠠᠳᠠᠭ᠃ ᠮᠦᠭᠦ᠂ ᠬᠡᠯᠡᠭᠡᠢ ᠰᠠᠷᠠᠨ᠎ᠠ ᠨᠢ ᠠᠭᠤᠰᠬᠢ ᠶᠢ ᠳᠡᠵᠢᠭᠡᠵᠦ ᠴᠢᠬᠢᠭ ᠢ ᠳᠦᠯᠵᠢᠭᠦᠯᠬᠦ ᠦᠢᠯᠡᠳᠦᠯ ᠢᠶᠠᠷ ᠰᠠᠶᠢᠨ ᠪᠠᠶᠢᠵᠤ᠂ ᠠᠭᠤᠰᠬᠢ ᠶᠢ ᠬᠠᠪᠰᠤᠷᠤᠨ ᠬᠤᠤᠷᠠᠳᠤ ᠪᠤᠳᠠᠰ ᠲᠤ ᠴᠤᠬᠢᠯᠳᠠ ᠦᠭᠳᠡᠭ᠃ ᠬᠡᠯᠡᠭᠡᠢ ᠰᠠᠷᠠᠨ᠎ᠠ ᠶᠢ ᠪᠤᠯᠭᠤᠵᠤ ᠢᠳᠡᠬᠦ ᠳᠡᠭᠡᠨ ᠡᠳ᠋ᠰᠢᠭᠦᠯᠬᠦ ᠶᠠᠪᠤᠴᠠ ᠨᠢ ᠭᠡᠳᠦ ᠤᠳᠠᠬᠤ ᠦᠭᠡᠢ ᠪᠤᠯ ᠰᠠᠶᠢᠨ᠂ ᠭᠡᠳᠦ ᠤᠳᠠᠪᠠᠯ ᠬᠡᠯᠡᠭᠡᠢ ᠰᠠᠷᠠᠨ᠎ᠠ ᠶᠢᠨ ᠰᠢᠭᠦᠰᠦ ᠨᠢ ᠪᠠᠭᠠᠰᠴᠤ ᠬᠤᠤᠷ᠎ᠠ ᠶᠢ ᠰᠡᠷᠭᠡᠶᠢᠯᠡᠬᠦ ᠦᠢᠯᠡᠳᠦᠯ ᠨᠢ ᠶᠡᠭᠡᠪᠡᠷ ᠪᠠᠭᠤᠷᠠᠳᠠᠭ᠃
      3. ᠠᠯᠮᠤᠷᠠᠳ ᠢᠯᠡᠭᠦᠦ ᠢᠳᠡᠨ᠎ᠠ᠃ ᠠᠮᠧᠷᠢᠺᠠ ᠶᠢᠨ ᠤᠯᠤᠰ ᠤᠨ ᠡᠷᠡᠭᠦᠯ ᠬᠠᠮᠠᠭᠠᠯᠠᠯ ᠤᠨ ᠰᠤᠳᠤᠯᠭᠠᠨ ᠤ ᠬᠦᠷᠢᠶᠡᠯᠡᠩ ᠤᠨ ᠬᠢᠨ᠂ ᠦᠷᠭᠦᠯᠵᠢ ᠠᠯᠮᠤᠷᠠᠳ ᠢᠳᠡᠳᠡᠭ ᠬᠦᠮᠦᠨ ᠤ ᠬᠠᠨᠢᠶᠠᠬᠤ᠂ ᠴᠡᠷ ᠭᠠᠷᠬᠤ ᠨᠤᠷᠮ᠎ᠠ ᠨᠢ ᠠᠯᠮᠤᠷᠠᠳ ᠢᠳᠡᠳᠡᠭ ᠦᠭᠡᠢ ᠬᠦᠮᠦᠨ ᠤ ᠬᠢ ᠠᠴᠠ 33% ᠳᠤᠤᠷ᠎ᠠ ᠪᠠᠶᠢᠳᠠᠭ ᠢ ᠰᠤᠳᠤᠯᠭᠠᠨ ᠢᠶᠠᠷ ᠢᠯᠡᠷᠡᠭᠦᠯᠦᠭᠰᠡᠨ ᠪᠠᠶᠢᠨ᠎ᠠ᠃ ᠡᠨᠡ ᠨᠢ ᠠᠯᠮᠤᠷᠠᠳ ᠤᠨ ᠬᠠᠯᠢᠰᠦᠨ ᠳᠠᠬᠢ ᠵᠢᠮᠢᠰᠦᠨ ᠴᠠᠪᠠᠤ ᠪᠠ ᠢᠰᠦᠯᠳᠦᠬᠦ ᠶᠢ ᠡᠰᠡᠷᠭᠦᠴᠡᠬᠦ ᠪᠤᠳᠠᠰ ᠨᠢ ᠠᠭᠤᠰᠬᠢᠨ ᠤ ᠦᠷᠪᠢᠰᠬᠦ ᠪᠠᠶᠢᠳᠠᠯ ᠭᠠᠷᠬᠤ ᠶᠢ ᠪᠠᠭᠠᠰᠬᠠᠳᠠᠭ ᠠᠴᠠ ᠪᠤᠯᠵᠠᠢ᠃ 
      4. ᠠᠭᠤᠰᠭᠢᠨ ᠤ ᠬᠤᠤᠷᠠᠳᠤ ᠪᠤᠳᠠᠰ ᠢ ᠭᠠᠳᠠᠭᠰᠢᠯᠠᠭᠤᠯᠬᠤ ᠪᠡᠯᠴᠢᠷ ᠢ ᠨᠤᠬᠤᠯᠠᠨ᠎ᠠ᠃ ᠠᠭᠤᠰᠬᠢ ᠶᠢ ᠳᠠᠮᠢᠷᠵᠢᠭᠤᠯᠳᠠᠭ ᠪᠡᠯᠴᠢᠷ ᠪᠤᠯ ᠾᠧ ᠭᠦ᠋ ᠪᠡᠯᠴᠢᠷ ︵合谷穴︶ ᠪᠤᠯᠤᠨ᠎ᠠ᠂ ᠠᠯᠠᠭᠠᠨ ᠤ ᠠᠷᠤ ᠳᠠᠯ᠎ᠠ ᠳᠤ᠂ ᠡᠷᠡᠭᠡᠢ ᠳᠤᠯᠤᠪᠤᠷ ᠬᠤᠶᠠᠷ ᠬᠤᠷᠤᠭᠤᠨ ᠶᠠᠰᠤᠨ ᠤ ᠠᠭᠤᠯᠵᠠᠷ ᠲᠤ ᠪᠠᠶᠢᠨ᠎ᠠ᠂ ᠡᠷᠡᠭᠡᠢ ᠳᠤᠯᠤᠪᠤᠷ ᠬᠤᠶᠠᠷ ᠬᠤᠷᠤᠭᠤ ᠪᠠᠷ ᠢᠶᠠᠨ ᠴᠢᠮᠬᠢᠭᠡᠳ ᠬᠦᠴᠦᠳᠠᠢ ᠨᠤᠬᠤᠯᠠᠨ᠎ᠠ᠃
      5. ᠬᠦᠯᠦᠰᠦ ᠳᠠᠭᠤᠯᠭᠠᠵᠤ ᠬᠤᠤᠷ᠎ᠠ ᠳᠠᠶᠢᠯᠤᠨ᠎ᠠ᠃ ᠠᠭᠤᠰᠬᠢ ᠨᠢ ᠠᠷᠠᠰᠤ ᠶᠢ ᠬᠠᠮᠢᠶᠠᠷᠳᠠᠭ᠂ ᠳᠡᠶᠢᠮᠦ ᠠᠴᠠ ᠰᠠᠶᠢᠨ ᠬᠦᠯᠦᠷᠡᠵᠦ᠂ ᠬᠦᠯᠦᠰᠦ ᠪᠠᠷ ᠪᠡᠶ᠎ᠡ ᠳᠤᠳᠤᠷᠠᠬᠢ ᠬᠤᠤᠷᠠᠳᠤ ᠪᠤᠳᠠᠰ ᠢ ᠳᠠᠭᠤᠯᠭᠠᠪᠠᠯ᠂ ᠠᠭᠤᠰᠬᠢ ᠶᠢ ᠠᠮᠤᠷᠯᠢᠭᠤᠯᠳᠠᠭ᠃ ᠬᠦᠯᠦᠰᠦ ᠭᠠᠷᠭᠠᠬᠤ ᠳᠤ ᠳᠠᠮᠢᠷ ᠤᠨ ᠬᠦᠳᠡᠯᠭᠡᠭᠡᠨ ᠬᠢᠬᠦ ᠠᠴᠠ ᠭᠠᠳᠠᠨ᠎ᠠ᠂ ᠬᠠᠯᠠᠭᠤᠨ ᠤᠷᠤᠨ ᠳᠤ ᠰᠠᠭᠤᠵᠤ ᠪᠤᠯᠤᠨ᠎ᠠ᠂ ᠪᠡᠶ᠎ᠡ ᠤᠬᠢᠶᠠᠬᠤ ᠤᠰᠤᠨ ᠳᠠᠭᠠᠨ ᠪᠠᠭ᠎ᠠ ᠰᠠᠭ᠎ᠠ ᠳᠦᠭᠦᠬᠡᠢ ᠭᠠ ᠪᠠ ᠵᠢᠷᠤᠭᠪᠠ ᠶᠢᠨ ᠳᠤᠰᠤ ᠬᠢᠪᠡᠯ ᠬᠦᠯᠦᠰᠦ ᠭᠠᠷᠬᠤ ᠶᠢ ᠰᠠᠶᠢᠵᠢᠷᠠᠭᠤᠯᠵᠤ᠂ ᠪᠡᠶ᠎ᠡ ᠶᠢᠨ ᠭᠦᠨ ᠳᠤ ᠨᠢᠭᠤᠭᠳᠠᠵᠤ ᠪᠠᠶᠢᠭ᠎ᠠ ᠬᠤᠤᠷᠠᠳᠤ ᠪᠤᠳᠠᠰ ᠢ ᠭᠠᠳᠠᠭᠰᠢᠯᠠᠭᠤᠯᠵᠤ ᠳᠡᠶᠢᠯᠦᠨ᠎ᠠ᠃
     6. ᠭᠦᠨ ᠠᠮᠢᠰᠬᠤᠨ᠎ᠠ᠃ ᠡᠩ ᠤᠨ ᠠᠮᠢᠰᠬᠤᠬᠤ ᠳᠤ᠂ ᠶᠡᠷᠦᠳᠡᠭᠡᠨ ᠪᠠᠭ᠎ᠠ ᠰᠠᠭ᠎ᠠ ᠬᠠᠶᠠᠬᠳᠠᠮᠠᠯ ᠬᠡᠢ ᠠᠭᠤᠰᠭᠢᠨ ᠳᠤ ᠦᠯᠡᠳᠡᠳᠡᠭ᠂ ᠡᠳᠡᠭᠡᠷ ᠬᠠᠶᠠᠬᠳᠠᠮᠠᠯ ᠬᠡᠢ ᠶᠢ ᠰᠢᠨ᠎ᠠ ᠪᠠᠷ ᠠᠮᠢᠰᠬᠤᠵᠤ ᠤᠷᠤᠭᠤᠯᠬᠤ ᠬᠦᠴᠢᠯᠳᠦ᠋ᠷᠦᠭᠴᠢ ᠡᠯᠪᠡᠭ ᠰᠢᠨ᠎ᠠ ᠠᠭᠠᠷ ᠲᠠᠢ ᠠᠳᠠᠯᠢᠳᠬᠠᠪᠠᠯ ᠮᠦᠨ ᠨᠢᠭᠡ ᠵᠦᠢᠯ ᠤᠨ ᠬᠤᠤᠷᠠᠳᠤ ᠪᠤᠳᠠᠰ ᠪᠤᠯᠤᠨ᠎ᠠ᠃ ᠳᠡᠶᠢᠮᠦ ᠠᠴᠠ ᠭᠦᠨ ᠠᠮᠢᠰᠬᠤᠬᠤ ᠨᠢ ᠪᠡᠶ᠎ᠡ ᠳᠤ ᠦᠯᠡᠳᠡᠭᠰᠡᠨ ᠬᠠᠶᠠᠬᠳᠠᠮᠠᠯ ᠬᠡᠢ ᠶᠢ ᠬᠦᠢᠴᠡᠳ ᠴᠡᠪᠡᠷᠯᠡᠵᠦ ᠳᠡᠶᠢᠯᠦᠨ᠎ᠠ᠃
     7. ᠪᠤᠬᠢᠷ ᠮᠠᠨᠠᠨ ᠲᠠᠢ ᠡᠳᠦᠷ ᠴᠢᠳᠠᠬᠤ ᠶᠢᠨ ᠳᠤᠳᠤᠷ᠎ᠠ ᠭᠠᠳᠠᠭ᠎ᠠ ᠭᠠᠷᠬᠤ ᠦᠭᠡᠢ ᠪᠤᠯ ᠰᠠᠶᠢᠨ᠃ ᠬᠡᠷᠪᠡ ᠭᠠᠷᠬᠤ ᠳᠡᠭᠡᠷ᠎ᠡ ᠳᠤᠯᠪᠠᠯ᠂ ᠠᠮᠠ ᠬᠠᠮᠠᠷ ᠢᠶᠠᠨ ᠪᠦᠭᠯᠡᠵᠦ᠂ ᠦᠷᠯᠦᠭᠡ ᠤᠷᠤᠢ ᠶᠢᠨ ᠤᠳᠤᠭ᠎ᠠ ᠳᠤᠭᠤᠰᠤ ᠶᠡᠭᠡ ᠴᠠᠭ ᠠᠴᠠ ᠵᠠᠶᠢᠯᠠᠰᠬᠢᠪᠠᠯ ᠵᠤᠬᠢᠨ᠎ᠠ᠃ 
      8. ᠤᠰᠤ ᠢᠯᠡᠭᠦᠦ ᠤᠤᠭᠤᠵᠤ᠂ ᠳᠠᠮᠠᠬᠢ ᠳᠠᠳᠠᠬᠤ ᠦᠭᠡᠢ᠃ ᠬᠡᠷᠪᠡ ᠳᠠᠮᠠᠬᠢ ᠳᠠᠳᠠᠳᠠᠭ ᠤᠷᠴᠢᠨ ᠳᠤ ᠤᠷᠳᠤ ᠬᠤᠭᠤᠴᠠᠭ᠎ᠠ ᠪᠠᠷ ᠪᠠᠶᠢᠳᠠᠭ ᠪᠤᠯ ᠡᠷᠭᠡᠪᠰᠢ ᠢᠯᠡᠭᠦᠭᠡᠨ ᠤᠰᠤ ᠤᠤᠭᠤᠬᠤ ᠭᠡᠷᠡᠭᠳᠡᠢ᠂ ᠳᠡᠪᠡᠪᠡᠯ ᠪᠡᠶ᠎ᠡ ᠳᠠᠬᠢ ᠬᠤᠤᠷᠠᠳᠤ ᠪᠤᠳᠠᠰ ᠤᠨ ᠭᠠᠳᠠᠬᠰᠢᠯᠠᠭᠤᠯᠤᠯᠳᠠ ᠶᠢ ᠳᠦᠷᠭᠡᠳᠭᠡᠳᠡᠭ᠃ ᠳᠤᠭ᠎ᠠ ᠪᠠᠷᠢᠮᠳᠠ ᠠᠴᠠ ᠦᠵᠡᠪᠡᠯ᠂ ᠨᠠᠢᠮᠠᠨ ᠬᠤᠪᠢ ᠶᠢᠨ ᠠᠭᠤᠰᠬᠢᠨ ᠦᠮᠡᠨ ᠨᠢ ᠳᠠᠮᠠᠬᠢ ᠠᠴᠠ ᠪᠤᠯᠵᠠᠢ᠂ ᠳᠡᠶᠢᠮᠦ ᠠᠴᠠ ᠳᠠᠮᠠᠬᠢ ᠳᠠᠳᠠᠬᠤ ᠪᠠᠨ ᠪᠤᠯᠢᠭᠠᠴᠢ ᠭᠡᠵᠦ ᠰᠠᠨᠠᠭᠤᠯᠤᠶ᠎ᠠ᠃
      9. ᠦᠷᠯᠦᠭᠡ ᠶᠢᠨ 7 — 9 ᠴᠠᠭ ᠪᠤᠯ ᠠᠭᠤᠰᠭᠢᠨ ᠳᠠᠮᠢᠷ  ᠤᠨ ᠴᠢᠩᠭ᠎ᠠ ᠪᠠᠶᠢᠳᠠᠭ ᠬᠤᠭᠤᠴᠠᠭ᠎ᠠ ᠪᠤᠯᠤᠨ᠎ᠠ᠃ ᠡᠶᠢᠮᠦ ᠠᠴᠠ ᠡᠨᠡᠬᠦ ᠬᠤᠭᠤᠴᠠᠭᠠᠨ ᠳᠤ ᠳᠠᠮᠢᠷ ᠤᠨ ᠬᠦᠳᠡᠯᠭᠡᠭᠡᠨ ᠬᠢᠬᠦ ᠪᠠᠷ ᠳᠠᠮᠵᠢᠭᠤᠯᠤᠨ ᠬᠤᠤᠷ᠎ᠠ ᠶᠢ ᠭᠠᠳᠠᠭᠰᠢᠯᠠᠭᠤᠯᠪᠠᠯ ᠬᠠᠮᠤᠭ ᠤᠨ ᠰᠠᠶᠢᠨ᠃ ᠠᠭᠤᠰᠭᠢᠨ ᠳᠠᠮᠢᠷ ᠴᠢᠩᠭ᠎ᠠ ᠬᠤᠭᠤᠴᠠᠭᠠᠨ ᠳᠤ ᠬᠦᠶᠦᠬᠦ ᠠᠯᠬᠤᠬᠤ ᠵᠡᠷᠭᠡ ᠬᠦᠴᠢᠯᠳᠦ᠋ᠷᠦᠭᠴᠢᠳᠤ ᠬᠦᠳᠡᠯᠭᠡᠭᠡᠨ ᠬᠢᠪᠡᠯ ᠠᠭᠤᠰᠭᠢᠨ ᠤ ᠬᠤᠤᠷ᠎ᠠ ᠶᠢ ᠭᠠᠳᠠᠭᠰᠢᠯᠠᠭᠤᠯᠬᠤ ᠴᠢᠳᠠᠪᠤᠷᠢ ᠶᠢ ᠳᠡᠭᠡᠭᠰᠢᠯᠡᠭᠦᠯᠳᠡᠭ᠃
      ᠠᠭᠤᠰᠭᠢᠨ ᠳᠤ ᠬᠤᠤᠷᠠᠳᠤ ᠪᠤᠳᠠᠰ ᠬᠤᠷᠠᠭᠰᠠᠨ ᠢᠯᠡᠷᠡᠯ᠄ 1. ᠠᠷᠠᠰᠤᠨ ᠤ ᠦᠩᠭᠡ ᠵᠢᠪᠡᠷᠡᠵᠦ᠂ ᠦᠩᠭᠡ ᠠᠯᠳᠠᠨ᠎ᠠ᠃ ᠬᠢᠳᠠᠳ ᠡᠮᠨᠡᠯᠭᠡ ᠳᠤ ᠠᠭᠤᠰᠭᠢ ᠪᠦᠬᠦ ᠪᠡᠶ᠎ᠡ ᠶᠢᠨ ᠠᠷᠠᠰᠤ ᠶᠢ ᠬᠠᠮᠢᠶᠠᠷᠳᠠᠭ ᠭᠡᠵᠦ ᠦᠵᠡᠳᠡᠭ᠃ ᠠᠭᠤᠰᠬᠢ ᠰᠠᠶᠢᠨ ᠪᠠᠶᠢᠪᠠᠯ ᠰᠠᠶ᠋ᠢ ᠠᠷᠠᠰᠤ ᠵᠦᠭᠡᠯᠡᠨ ᠪᠤᠯᠪᠠᠷᠠᠢ᠂ ᠴᠠᠭᠠᠨ ᠪᠠᠶᠢᠬᠤ ᠶᠢ ᠪᠠᠳᠤᠯᠠᠵᠤ ᠴᠢᠳᠠᠨ᠎ᠠ᠃ ᠠᠭᠤᠰᠭᠢᠨ ᠳᠤ ᠤᠷᠤᠭᠰᠠᠨ ᠬᠤᠤᠷᠠᠳᠤ ᠪᠤᠳᠠᠰ ᠠᠷᠪᠢᠤᠨᠬᠤ ᠦᠶ᠎ᠠ ᠳᠤ᠂ ᠬᠤᠤᠷᠠᠳᠤ ᠪᠤᠳᠠᠰ ᠠᠭᠤᠰᠭᠢᠨ ᠤ ᠦᠢᠯᠡᠳᠦᠯᠴᠡᠯ ᠢᠶᠠᠷ ᠠᠷᠠᠰᠤᠨ ᠳᠤ ᠬᠤᠷᠠᠵᠤ᠂ ᠠᠷᠠᠰᠤ ᠦᠩᠭᠡ ᠪᠠᠨ ᠠᠯᠳᠠᠳᠠᠭ᠃ 2. ᠬᠤᠷᠭᠤᠰᠯᠠᠬᠤ᠃ ᠬᠢᠳᠠᠳ ᠡᠮᠨᠡᠯᠭᠡ ᠳᠤ ᠠᠭᠤᠰᠬᠢ ᠪᠤᠯᠤᠨ ᠪᠦᠲᠦᠭᠦᠨ ᠭᠡᠳᠡᠰᠦ ᠨᠢ ᠨᠢᠭᠡ ᠰᠢᠰᠲ᠋ᠧᠮ ᠳᠤ ᠪᠠᠶᠢᠵᠤ᠂ ᠳᠡᠭᠡᠷ᠎ᠡ ᠳᠠᠯ᠎ᠠ ᠶᠢᠨ ᠠᠭᠤᠰᠬᠢᠨ ᠳᠤ ᠬᠤᠤᠷᠠᠳᠤ ᠪᠤᠳᠠᠰ ᠲᠠᠢ ᠪᠤᠯᠬᠤ ᠦᠶ᠎ᠠ ᠳᠤ ᠳᠤᠤᠷᠠᠳᠤ ᠳᠠᠯ᠎ᠠ ᠶᠢᠨ ᠪᠦᠲᠦᠭᠦᠨ ᠭᠡᠳᠡᠰᠦᠨ ᠳᠤ ᠴᠤ ᠬᠡᠪ ᠤᠨ ᠪᠤᠰᠤ ᠪᠦᠭᠡᠨᠡᠷᠡᠯ ᠭᠠᠷᠴᠤ ᠬᠤᠷᠭᠤᠰᠤᠯᠠᠳᠠᠭ ᠭᠡᠵᠦ ᠦᠵᠡᠳᠡᠭ ᠪᠠᠶᠢᠨ᠎ᠠ᠃ 3. ᠵᠤᠪᠠᠨᠢᠵᠤ ᠤᠶᠠᠷᠠᠬᠤ᠂ ᠠᠮᠠᠷᠬᠠᠨ ᠭᠤᠨᠢᠬᠤ ᠪᠠᠶᠢᠳᠠᠯ ᠭᠠᠷᠤᠨ᠎ᠠ᠃ ᠠᠭᠤᠰᠭᠢᠨ ᠳᠤ ᠬᠤᠤᠷᠠᠳᠤ ᠪᠤᠳᠠᠰ ᠬᠤᠷᠠᠵᠤ᠂ ᠠᠭᠤᠰᠬᠢᠨ ᠤ ᠬᠡᠢ ᠴᠢᠰᠤᠨ ᠤ ᠡᠷᠭᠢᠯᠳᠡ ᠶᠢ ᠨᠦᠯᠦᠭᠡᠯᠡᠨ ᠠᠭᠤᠰᠬᠢ ᠬᠡᠪ ᠤᠨ ᠳᠡᠨᠢᠭᠦᠨ ᠪᠠᠶᠢᠳᠠᠯ ᠢᠶᠠᠨ ᠠᠯᠳᠠᠵᠤ ᠠᠶᠤᠤᠯᠢᠬᠠᠢ ᠪᠢᠳᠡᠭᠦᠷᠡᠵᠦ᠂ ᠬᠦᠮᠦᠨ ᠨᠡᠷ᠎ᠡ ᠦᠭᠡᠢ ᠳᠠᠷᠤᠮᠳᠠ ᠳᠤ ᠤᠷᠤᠭᠰᠠᠨ ᠰᠢᠬ ᠪᠤᠯᠵᠤ ᠵᠤᠪᠠᠨᠢᠬᠤ ᠤᠶᠠᠷᠠᠬᠤ ᠢᠯᠡᠷᠡᠯ ᠭᠠᠷᠳᠠᠭ᠃       



  
     
     