ᠰᠢᠯᠢᠩᠬᠤᠳᠠ ᠶᠢᠨ ᠴᠤᠬᠠᠠᠭᠤᠯᠠ ᠰᠤᠮᠤ ᠶᠢᠨ ᠬᠦᠳᠡᠭᠡ ᠲᠠᠯ᠎ᠠ ᠳᠤ ᠡᠮ ᠤᠨ ᠬᠠᠶᠢᠷᠴᠠᠭ ᠡᠬᠦᠷᠴᠢᠬᠡᠭᠰᠡᠨ᠂ ᠮᠤᠲ᠋ᠤᠷ ᠵᠠᠶᠢᠳᠠᠯᠠᠨ ᠨᠠᠰᠢ ᠴᠠᠰᠢ ᠶᠠᠭᠠᠷᠠᠤ ᠲᠠᠪᠬᠢᠭᠤᠯᠬᠤ ᠨᠢᠬᠡᠨ ᠪᠦᠰᠡᠬᠦᠢ ᠶᠢ ᠪᠠᠶᠢᠩᠭᠤ ᠤᠯᠵᠤ ᠬᠠᠷᠠᠳᠠᠭ᠃ ᠲᠡᠷᠡ ᠪᠤᠯ ᠴᠤᠬᠠᠠᠭᠤᠯᠠ ᠰᠤᠮᠤ ᠶᠢᠨ ᠲᠦᠬᠦᠷᠢᠭ ᠭᠠᠴᠠᠭᠠᠨ ᠤ ᠡᠮᠴᠢ ᠤᠷᠡᠨᠪᠢᠯᠢᠭ ᠪᠤᠯᠤᠨ᠎ᠠ᠂ ᠲᠠᠭᠤᠳᠠᠪᠠᠯ ᠲᠤᠤᠷᠠᠬᠠᠨ ᠢᠷᠡᠴᠢᠬᠡᠳᠡᠭ ᠬᠦᠳᠡᠭᠡ ᠨᠤᠳᠤᠭ ᠤᠨ ︽120︾ ᠬᠡᠮᠡᠨ ᠮᠠᠯᠴᠢᠳ ᠲᠠᠭᠠᠨ ᠲᠠᠭᠠᠯᠠᠭᠳᠠᠭᠰᠠᠨ ᠡᠷᠡᠬᠦᠯ ᠮᠡᠨᠳᠤ ᠶᠢᠨ ᠡᠯᠴᠢ ᠶᠤᠮᠰᠠᠨ᠃
ᠤᠷᠡᠨᠪᠢᠯᠢᠭ 1996 ᠤᠨ ᠳᠤ ᠤᠤᠯ ᠤᠨ ᠦᠪᠤᠷ ᠮᠤᠩᠭᠤᠯ ᠤᠨ ᠮᠤᠩᠭᠤᠯ ᠡᠮᠨᠡᠯᠬᠡ ᠶᠢᠨ ᠲᠠᠬᠡᠳᠤ ᠰᠤᠷᠭᠠᠭᠤᠯᠢ ᠠᠴᠠ ᠲᠠᠬᠦᠰᠦᠬᠡᠳ ᠦᠯᠦᠬᠡᠢ ᠨᠤᠳᠤᠭ ᠴᠤᠬᠠᠠᠭᠤᠯᠠ ᠰᠤᠮᠤ ᠶᠢᠨ ᠢᠶᠠᠨ ᠡᠷᠡᠬᠦᠯ ᠬᠠᠮᠠᠭᠠᠯᠠᠯ ᠤᠨ ᠬᠤᠷᠢᠶ᠎ᠠ ᠳᠤ ᠠᠵᠢᠯ ᠤᠨ ᠭᠠᠷᠤᠭ᠎ᠠ ᠪᠠᠨ ᠠᠪᠤᠭᠰᠠᠨ ᠪᠠᠶᠢᠨ᠎ᠠ᠃ 2000 ᠤᠨ ᠳᠤ ᠲᠦᠬᠦᠷᠢᠭ ᠭᠠᠴᠠᠭᠠᠨ ᠳᠤ ᠡᠷᠡᠬᠦᠯ ᠬᠠᠮᠠᠭᠠᠯᠠᠯ ᠤᠨ ᠦᠷᠦᠬᠡ ᠪᠠᠶᠢᠭᠤᠯᠤᠭᠳᠠᠭᠰᠠᠨ ᠳᠤ ᠤᠷᠡᠨᠪᠢᠯᠢᠭ ︽ᠪᠤᠶᠢᠳᠠ ᠪᠦᠭᠯᠡᠬᠦᠤ ᠬᠦᠳᠡᠭᠡ ᠨᠤᠳᠤᠭ ᠤᠨ ᠮᠠᠯᠴᠢᠨ ᠲᠦᠮᠡᠨ ᠳᠡᠭᠡᠨ ᠲᠦᠬᠦᠮ ᠦᠵᠡᠬᠦᠯᠦᠶᠠ᠂ ᠡᠮ ᠡᠮᠨᠡᠯᠬᠡ ᠶᠢᠨ ᠲᠤᠰᠠᠯᠠᠮᠵᠢ ᠬᠦᠷᠳᠡᠬᠡᠶᠠ︾ ᠬᠡᠬᠦ ᠬᠦᠰᠡᠯ ᠵᠤᠷᠢᠯᠳᠠ ᠶᠢ ᠡᠪᠤᠷᠯᠡᠨ ᠰᠠᠶᠢᠨ ᠲᠤᠷ᠎ᠠ ᠠᠴᠠ ᠪᠠᠨ ᠲᠦᠬᠦᠷᠢᠭ ᠭᠠᠴᠠᠭᠠᠨ ᠳᠤ ᠬᠦᠷᠴᠤ ᠢᠷᠡᠪᠠ᠃ ᠡᠨᠡᠬᠦ ᠮᠠᠯᠵᠢᠬᠤ ᠤᠷᠤᠨ ᠤ ᠬᠠᠮᠤᠭ ᠤᠨ ᠦᠨᠳᠤᠰᠤᠨ ᠱᠠᠳᠤᠨ ᠳᠠᠬᠢ ᠡᠮ ᠡᠮᠨᠡᠯᠬᠡ ᠶᠢᠨ ᠪᠠᠶᠢᠭᠤᠯᠤᠮᠵᠢ ᠳᠤ ᠲᠠᠷᠡ ᠡᠮᠴᠢ ᠰᠤᠪᠢᠯᠠᠭᠴᠢ᠂ ᠡᠮ ᠲᠠᠩ ᠤᠷᠤᠭᠤᠯᠵᠤ ᠬᠦᠷᠬᠡᠬᠦ ᠵᠡᠷᠬᠡ ᠠᠵᠢᠯ ᠢ ᠭᠠᠭᠴᠠᠭᠠᠷ ᠢᠶᠠᠨ ᠡᠬᠦᠷᠬᠡᠯᠡᠵᠤ᠂ ᠨᠢᠬᠡ ᠮᠡᠳᠡᠬᠦ ᠳᠤ ᠮᠠᠯᠴᠢᠨ ᠲᠦᠮᠡᠨ ᠤ ᠪᠠᠨ ᠡᠷᠡᠬᠦᠯ ᠮᠡᠨᠳᠤ ᠶᠢᠨ ᠲᠦᠯᠦᠬᠡ 20 ᠰᠢᠬᠠᠮ ᠵᠢᠯ ᠵᠢᠳᠬᠦᠴᠢᠬᠡᠵᠠᠢ᠃ ᠠᠷᠪᠠᠭᠠᠳ ᠵᠢᠯ ᠤᠨ ᠡᠮᠤᠨ᠎ᠠ᠂ ᠰᠢᠨ᠎ᠠ ᠬᠡᠯᠪᠡᠷᠢ ᠶᠢᠨ ᠬᠦᠳᠡᠭᠡ ᠲᠤᠰᠬᠤᠨ ᠤ ᠬᠤᠷᠰᠢᠭᠰᠠᠨ ᠡᠮ ᠡᠮᠨᠡᠯᠬᠡ ᠶᠢᠨ ᠲᠦᠷᠢᠮ ᠢ ᠠᠩᠬᠠᠯᠠᠨ ᠬᠡᠷᠡᠭᠵᠢᠬᠦᠯᠬᠦ ᠦᠶᠡᠰ ᠲᠡᠶᠢᠮᠤ ᠢᠯᠭᠤᠮ ᠤᠷᠤᠭᠰᠢᠳᠠᠢ ᠪᠢᠰᠢ ᠪᠠᠶᠢᠯ᠎ᠠ᠃ ᠡᠬᠦᠨ ᠳᠤ ᠤᠷᠡᠨᠪᠢᠯᠢᠭ ᠡᠷᠦᠬᠡ ᠲᠠᠷᠠᠭᠠᠯᠠᠨ ᠶᠠᠪᠤᠵᠤ ᠨᠢᠮᠪᠠᠢ ᠬᠦᠯᠢᠴᠡᠩᠬᠦᠢ ᠪᠠᠷ ᠲᠠᠶᠢᠯᠪᠤᠷᠢᠯᠠᠨ ᠶᠡᠷᠢᠵᠤ ᠦᠭᠬᠦᠭᠰᠡᠨ ᠠᠴᠠ ᠮᠠᠯᠴᠢᠳ ᠤᠨ ᠢᠳᠡᠬᠡᠯ ᠢ ᠤᠯᠵᠤ᠂ ᠤᠢᠢᠷ᠎ᠠ ᠶᠢᠨ ᠬᠡᠳᠤᠨ ᠵᠢᠯ ᠳᠤ ᠲᠦᠬᠦᠷᠢᠭ ᠭᠠᠴᠠᠭ᠎ᠠ ᠶᠢᠨ ᠮᠠᠯᠴᠢᠳ ᠤᠨ ᠰᠢᠨ᠎ᠠ ᠬᠡᠯᠪᠡᠷᠢ ᠶᠢᠨ ᠬᠦᠳᠡᠭᠡ ᠲᠤᠰᠬᠤᠨ ᠤ ᠬᠤᠷᠰᠢᠭᠰᠠᠨ ᠡᠮ ᠡᠮᠨᠡᠯᠬᠡ ᠳᠤ ᠤᠷᠤᠯᠴᠠᠭᠰᠠᠨ ᠨᠤᠷᠮ᠎ᠠ ᠨᠢ 100% ᠲᠤ ᠬᠦᠷᠴᠦ᠂ ᠮᠠᠯᠴᠢᠳ ᠤᠨ ᠡᠮ ᠡᠮᠨᠡᠯᠬᠡ ᠶᠢᠨ ᠲᠠᠷᠤᠭᠠᠰᠤ ᠶᠡᠬᠡᠪᠡᠷ ᠬᠦᠩᠬᠡᠷᠡᠭᠰᠡᠨ ᠪᠠᠶᠢᠨ᠎ᠠ᠃ ︽ᠮᠠᠯᠴᠢᠳ ᠡᠳᠤᠷᠵᠢᠨ ᠪᠠᠶ᠎ᠠ ᠶᠢᠨ ᠬᠦᠳᠡᠯᠮᠤᠷᠢ ᠠᠴᠠ ᠰᠠᠯᠵᠤ ᠴᠢᠳᠠᠬᠤ ᠦᠬᠡᠢ᠂ ᠬᠡᠷᠪᠡ ᠡᠪᠡᠳᠴᠢᠨ ᠲᠠᠬᠤᠯ ᠳᠤ ᠨᠡᠷᠪᠡᠭᠳᠡᠪᠡᠯ ᠦᠢᠯᠡᠳᠪᠤᠷᠢᠯᠡᠯ ᠠᠮᠢᠳᠤᠷᠠᠯ ᠢ ᠨᠢ ᠨᠦᠯᠦᠬᠡᠯᠡᠬᠦ ᠪᠠᠷ ᠪᠠᠷᠡᠬᠤ ᠦᠬᠡᠢ᠂ ᠴᠢᠨᠠᠭᠰᠢᠯᠠᠪᠠᠯ ᠡᠪᠡᠳᠴᠢᠨ ᠠᠴᠠ ᠪᠤᠯᠵᠤ ᠶᠠᠳᠠᠭᠤᠷᠠᠵᠤ ᠮᠡᠳᠡᠨ᠎ᠠ︾ ᠬᠡᠵᠤ ᠤᠷᠡᠨᠪᠢᠯᠢᠭ ᠶᠠᠷᠢᠨ᠎ᠠ᠃ ᠲᠡᠶᠢᠮᠤ ᠳᠡᠭᠡᠨ 20 ᠰᠢᠬᠠᠮ ᠵᠢᠯ ᠤᠨ ᠲᠤᠷᠰᠢ᠂ ᠲᠡᠷᠡ ᠶᠠᠷᠤᠨᠢ ᠮᠠᠯᠴᠢᠳ ᠲᠠᠭᠤᠳᠠᠪᠠᠯ ᠲᠤᠤᠷᠠᠬᠠᠨ ᠨᠢ ᠬᠦᠷᠬᠦ ᠶᠢ ᠪᠠᠷᠢᠮᠳᠠᠯᠠᠨ᠂ ᠡᠩ ᠤᠨ ᠲᠠᠭᠰᠢᠭᠤᠷ ᠲᠤ ᠨᠡᠷᠪᠡᠭᠳᠡᠭᠰᠡᠨ ᠪᠤᠯ ᠠᠯᠢ ᠲᠦᠷᠬᠡᠨ ᠢᠶᠠᠷ ᠵᠠᠰᠠᠨ ᠡᠳᠡᠬᠡᠷᠡᠬᠦᠯᠵᠤ᠂ ᠬᠦᠨᠳᠤ ᠡᠪᠡᠳᠴᠢᠨ ᠳᠤ ᠨᠡᠷᠪᠡᠭᠳᠡᠭᠰᠡᠨ ᠪᠤᠯ ᠵᠠᠪᠳᠤᠨ ᠠᠪᠤᠷᠠᠬᠤ ᠴᠠᠭ ᠮᠦᠴᠡ ᠶᠢ ᠬᠦᠴᠦᠯᠡᠨ ᠤᠯᠭᠤᠭᠰᠠᠭᠠᠷ ᠢᠷᠡᠵᠠᠢ᠃ ᠽᠧᠤ ᠢᠤᠢ