-
235
ᠪᠤᠶᠠᠨ ᠣ ᠴᠠᠭᠠᠨ ᠲᠡᠭᠷᠢ
2025-02-06 16:42
26
0
ᠴᠧ · ᠰᠠᠢᠨᠪᠠᠲᠤ
ᠪᠤᠶᠠᠨ ᠤ ᠴᠠᠭᠠᠨ ᠲᠡᠭᠷᠢ
ᠠᠯᠲᠠᠨ ᠳᠡᠯᠡᠬᠡᠢ ᠳ᠋ᠦ ᠠᠯᠬᠤᠵᠦ ᠪᠣᠰᠣᠬᠤ ᠳᠤ
ᠠᠯᠠᠭ᠎ᠠ ᠪᠠᠨ ᠳᠡᠯᠭᠡᠵᠦ ᠳᠥᠩᠨᠡᠵᠦ ᠦᠰᠥᠬᠡᠭᠰᠡᠨ
ᠠᠮᠢᠳᠣᠷᠠᠯ ᠤᠨ ᠠᠶᠠᠨ ᠳᠤ ᠪᠦᠳᠦᠷᠡᠵᠦ ᠶᠠᠪᠤᠬᠤ ᠳᠤ
ᠠᠷᠤ ᠶᠢᠨ ᠠᠭᠤᠯᠠ ᠰᠢᠭ᠋ ᠨᠦᠮᠦᠷᠢ ᠪᠡᠨ ᠬᠠᠢᠷᠢᠯᠠᠭᠰᠠᠨ
ᠠᠯᠢ ᠣᠯᠠᠨ ᠢᠶᠠᠨ ᠥᠷ᠎ᠡ ᠳᠡᠬᠡᠨ ᠵᠦᠷᠢᠭᠣᠯᠠᠭᠰᠠᠨ
ᠠᠪᠤ ᠶᠢᠨ ᠮᠢᠨᠢ ᠠᠴᠢ ᠠᠭᠤᠯᠠᠨ ᠠᠴᠠ ᠦᠨᠳᠦᠷ ᠠ᠋
ᠪᠤᠯᠭᠢᠯᠠᠬᠤ ᠵᠢᠷᠦᠬᠡᠨ ᠳᠤ ᠳᠦᠭᠦᠷᠡᠩ ᠬᠤᠨᠤᠭᠰᠢᠭᠰᠠᠨ
ᠪᠣᠶᠠᠨ ᠤ ᠴᠠᠭᠠᠨ ᠲᠡᠭᠷᠢ ᠮᠢᠨᠢ ᠠᠪᠤ ᠠ᠋᠃
ᠠᠮᠢᠨᠴᠢᠷ ᠠᠪᠤ ᠶᠢᠨ ᠢᠶᠡᠨ ᠳᠡᠷᠭᠡᠳᠡ ᠰᠠᠭᠤᠬᠤ ᠳᠤ
ᠠᠯᠢᠪᠠ ᠪᠦᠬᠦᠨ ᠢᠲᠡᠭᠡᠯ ᠦᠨ ᠮᠣᠰᠢᠶᠠᠯ ᠢᠶᠠᠷ ᠪᠢᠯᠬᠠᠳᠠᠭ
ᠠᠴᠢᠯᠠᠯ ᠪᠤᠶᠠᠨ ᠵᠢᠶᠠᠭᠠᠨ ᠤ ᠲᠦᠰᠢᠭ ᠢᠶᠡᠷ ᠢᠶᠡᠨ
ᠭᠤᠯᠤᠮᠲᠠ ᠪᠠᠳᠠᠷᠠᠭᠠᠭᠰᠠᠨ ᠢᠪᠡᠭᠡᠯ ᠤᠨ ᠲᠡᠭᠷᠢ ᠮᠢᠨᠢ
ᠠᠯᠢ ᠣᠯᠠᠨ ᠢᠶᠠᠨ ᠥᠷ᠎ᠡ ᠳᠡᠬᠡᠨ ᠵᠦᠷᠢᠭᠣᠯᠠᠭᠰᠠᠨ
ᠠᠪᠤ ᠶᠢᠨ ᠮᠢᠨᠢ ᠠᠴᠢ ᠠᠭᠤᠯᠠᠨ ᠠᠴᠠ ᠦᠨᠳᠦᠷ ᠠ᠋
ᠪᠤᠯᠭᠢᠯᠠᠬᠤ ᠵᠢᠷᠦᠬᠡᠨ ᠳᠤ ᠳᠦᠭᠦᠷᠡᠩ ᠬᠤᠨᠤᠭᠰᠢᠭᠰᠠᠨ
ᠪᠣᠶᠠᠨ ᠤ ᠴᠠᠭᠠᠨ ᠲᠡᠭᠷᠢ ᠮᠢᠨᠢ ᠠᠪᠤ ᠠ᠋᠃
ᠪᠤᠷᠦ ᠭᠡᠷ ᠦᠨ ᠢᠶᠡᠨ ᠬᠤᠢᠮᠦᠷ ᠳᠦᠭᠦᠷᠭᠡᠵᠦ ᠰᠠᠭᠤᠭᠠᠳ
ᠪᠤᠷᠤᠭᠤ ᠵᠦᠪ ᠶᠢ ᠦᠢᠯᠭᠠᠭᠤᠯᠵᠦ ᠰᠤᠷᠭᠠᠭᠰᠠᠨ
ᠤᠬᠠᠭᠠᠨ ᠪᠤᠳᠤᠯ ᠢ ᠤᠶᠤᠨ ᠢᠶᠠᠷ ᠤᠷᠠᠯᠠᠨ ᠵᠠᠰᠠᠳᠠᠭ
ᠨᠠᠳᠠ ᠳᠠᠭᠠᠨ ᠵᠢᠶᠠᠭᠠᠭᠰᠠᠨ ᠠᠮᠢᠳᠤ ᠪᠤᠷᠬᠠᠨ ᠮᠢᠨᠢ
ᠠᠯᠢ ᠣᠯᠠᠨ ᠢᠶᠠᠨ ᠥᠷ᠎ᠡ ᠳᠡᠬᠡᠨ ᠵᠦᠷᠢᠭᠣᠯᠠᠭᠰᠠᠨ
ᠠᠪᠤ ᠶᠢᠨ ᠮᠢᠨᠢ ᠠᠴᠢ ᠠᠭᠤᠯᠠᠨ ᠠᠴᠠ ᠦᠨᠳᠦᠷ ᠠ᠋
ᠪᠤᠯᠭᠢᠯᠠᠬᠤ ᠵᠢᠷᠦᠬᠡᠨ ᠳᠤ ᠳᠦᠭᠦᠷᠡᠩ ᠬᠤᠨᠤᠭᠰᠢᠭᠰᠠᠨ
ᠪᠣᠶᠠᠨ ᠤ ᠴᠠᠭᠠᠨ ᠲᠡᠭᠷᠢ ᠮᠢᠨᠢ ᠠᠪᠤ ᠠ᠋᠃
2025.1.6