-
2134649
ᠦᠵᠡᠭᠦᠯᠭᠡ ᠤᠤ︖ ᠤᠯᠠᠮᠵᠢᠯᠠᠯ ᠤᠤ︖
2019-10-07 11:36
394
0
ᠤᠷᠳᠤᠰ ᠬᠤᠳᠠ ᠶᠢᠨ ᠳ᠋ᠦᠩᠱᠧᠩ ᠳᠤᠭᠤᠷᠢᠭ ᠤᠨ ᠮᠤᠩᠭᠤᠯ ᠰᠤᠷᠭᠠᠭᠤᠯᠢ ᠳᠤ ᠨᠢᠭᠡᠨ ᠭᠡᠷ ᠤᠨ ᠠᠬᠠᠮᠠᠳ ᠬᠡᠦᠭᠡᠳ ᠢᠶᠠᠨ ᠮᠤᠷᠢ ᠪᠠᠷ ᠬᠦᠷᠭᠡᠵᠦ ᠤᠴᠢᠭᠰᠠᠨ ᠤᠬᠤᠷ ᠪᠢᠴᠢᠯᠭᠡ ︽ᠪᠠᠶᠢᠨᠠᠤ︾᠂ ︽ᠵᠢᠷᠬᠢᠶ᠎ᠠ︾ ᠶᠢᠨ ᠴᠤᠮᠤᠷᠯᠢᠭ ᠢᠶᠠᠷ ᠵᠢᠬᠦᠷ ᠤᠷᠭᠤᠭᠰᠠᠨ ᠮᠡᠲᠦ ᠰᠠᠴᠤᠭᠳᠠᠵᠦ᠂ ᠬᠦᠮᠦᠰ ᠦᠵᠡᠭᠦᠯᠭᠡ ᠤᠤ︖ ᠤᠯᠠᠮᠵᠢᠯᠠᠯ ᠤᠤ︖ ᠬᠡᠮᠡᠨ ᠦᠪᠡᠷ ᠦᠪᠡᠷ ᠤᠨ ᠦᠵᠡᠯᠳᠠ ᠲᠠᠨᠢᠯᠳᠠ ᠪᠠᠨ ᠳᠡᠯᠭᠡᠵᠡᠭᠡᠨᠠ᠃
ᠴᠤᠬᠤᠮ ᠦᠵᠡᠭᠦᠯᠭᠡ ᠤᠤ︖ ᠤᠯᠠᠮᠵᠢᠯᠠᠯ ᠤᠤ︖ ᠬᠡᠦᠭᠡᠳ ᠢᠶᠠᠨ ᠮᠤᠷᠢ ᠪᠠᠷ ᠰᠤᠷᠭᠠᠭᠤᠯᠢ ᠳᠤ ᠬᠦᠷᠭᠡᠭᠰᠡᠨ ᠡᠨᠡ ᠶᠠᠪᠤᠳᠠᠯ ᠨᠢ ᠵᠤᠬᠢᠬᠤ ᠭᠡᠮᠵᠢᠶᠠᠨ ᠳᠡᠭᠡᠷ᠎ᠠ ︽ᠳᠠᠶᠢᠰᠠᠨ ᠳᠡᠭᠡᠷ᠎ᠠ ᠳᠤᠭᠯᠠᠭᠰᠠᠨ︾ ᠰᠢᠤᠬᠠᠨ ᠪᠤᠯᠪᠠᠴᠤ ᠪᠤᠳᠠᠳᠤ ᠠᠮᠢᠳᠤᠷᠠᠯ ᠠᠴᠠ ᠵᠠᠶᠢᠳᠠᠭᠰᠠᠨ ᠤᠯᠠᠮᠵᠢᠯᠠᠯ ᠢ ᠢᠡᠭᠬᠢᠵᠦ ︽ᠳᠤᠭᠯᠠᠵᠦ ᠦᠵᠡᠬᠦᠯᠬᠦ︾ ᠨᠢ ᠢᠯᠡᠬᠦᠴᠠ ᠶᠠᠪᠤᠳᠠᠯ ᠪᠢᠰᠢ ᠭᠡᠵᠦ ᠪᠢ ᠬᠤᠪᠢᠨ ᠳᠠᠭᠠᠨ ᠪᠤᠳᠤᠵᠤ ᠪᠠᠶᠢᠨ᠎ᠠ᠃ ᠤᠳᠤᠬᠢᠴᠢᠯᠠᠯ ᠳᠠᠶᠠᠭᠠᠷᠴᠢᠯᠠᠯ ᠤᠨ ᠡᠨᠡ ᠡᠷᠢᠨ ᠳᠤ ᠠᠬᠤᠢ ᠠᠮᠢᠳᠤᠷᠠᠯ ᠳᠤ ᠪᠠᠶᠢᠬᠤ ᠦᠭᠡᠢ ᠪᠤᠯᠤᠭᠰᠠᠨ ᠤᠯᠠᠮᠵᠢᠯᠠᠯ ᠢ ᠬᠡᠷᠬᠢᠨ ᠬᠠᠷᠠᠭᠤᠯᠬᠤ ᠪᠤᠢ︖ ᠮᠠᠨ ᠤ ᠬᠢᠨ ᠤᠷᠤᠨ ᠨᠤᠲᠤᠭ ᠢᠶᠠᠨ ᠤᠬᠠᠭᠤᠯᠬᠤ᠂ ᠰᠤᠶᠤᠯ ᠢᠷᠭᠡᠨᠰᠢᠯ ᠢᠶᠠᠨ ᠬᠠᠷᠠᠭᠤᠯᠬᠤ ᠵᠤᠷᠢᠯᠭ᠎ᠠ ᠪᠠᠷ ᠡᠪᠤᠯ ᠵᠤᠨ ᠦᠭᠡᠢ ᠨᠠᠭᠠᠳᠤᠮ ᠡᠷᠬᠢᠯᠡᠨ ᠮᠤᠩᠭᠤᠯ ᠬᠤᠪᠴᠠᠰᠤ ᠵᠠᠰᠠᠯ ᠲᠠᠢ ᠬᠦᠮᠦᠰ ᠢ ᠳᠤᠭᠯᠠᠭᠤᠯᠵᠦ ᠪᠠᠶᠢᠳᠠᠭ᠃ ᠡᠨᠡ ᠮᠡᠳᠤᠴᠢᠯᠡᠨ ᠦᠵᠡᠬᠦᠯᠬᠦ ᠶᠢᠨ ᠳᠦᠯᠦᠭᠡ ᠲᠤᠭᠯᠠᠬᠤ᠂ ᠤᠯᠠᠮᠵᠢᠯᠠᠬᠤ ᠶᠢᠨ ᠳᠦᠯᠦᠭᠡ ᠳᠤᠭᠯᠠᠬᠤ ᠶᠢ ᠠᠯᠢ ᠶᠢ ᠨᠢ ᠪᠠᠶᠢᠭ ᠭᠡᠬᠦ ᠪᠤᠢ⁈ ᠡᠨᠡ ᠵᠤᠨ ᠬᠦᠬᠡᠬᠤᠳᠠ ᠳᠤ ᠪᠤᠯᠤᠭᠰᠠᠨ ᠤᠯᠠᠨ ᠤᠯᠤᠰ ᠤᠨ ᠠᠳᠤᠭᠤᠨ ᠰᠤᠶᠤᠯ ᠤᠨ ᠦᠵᠡᠰᠬᠦᠯᠡᠩ ᠨᠢ ᠬᠤᠳᠠ ᠶᠢᠨ ᠳᠡᠬᠦᠷᠭᠡ ᠳᠤ ᠡᠮᠨᠢᠭ ᠰᠤᠷᠭᠠᠬᠤ ᠦᠵᠡᠬᠦᠯᠭᠡ ᠪᠤᠯᠵᠦ ᠬᠦᠮᠦᠰ ᠤᠨ ᠪᠠᠭ᠋ᠠᠷᠬᠠᠯ ᠢ ᠳᠠᠳᠠᠭᠰᠠᠨ ᠪᠦᠭᠡᠳ ᠵᠠᠷᠢᠮ ᠨᠢ ᠬᠤᠯᠪᠤᠭ᠎ᠠ ᠰᠦᠯᠵᠢᠶ᠎ᠠ ᠪᠠᠷ ︽ᠮᠤᠩᠭᠤᠯ ᠠᠮᠢᠰᠬᠤᠯ ᠲᠠᠢ︾ ᠨᠠᠭᠠᠳᠤᠮ ᠪᠤᠯᠤᠯ᠎ᠠ ᠭᠡᠬᠦ ᠮᠡᠳᠤ ᠶᠢᠨ ᠠᠭᠤᠯᠭ᠎ᠠ ᠶᠢ ᠰᠠᠴᠤᠵᠦ ᠪᠠᠶᠢᠯ᠎ᠠ᠃ ᠦᠨᠡᠨ ᠳᠡᠭᠡᠨ ᠬᠤᠳᠠ ᠶᠢᠨ ᠳᠡᠬᠦᠷᠭᠡ ᠳᠤ ᠡᠮᠨᠢᠭ ᠰᠤᠷᠭᠠᠬᠤ ᠶᠢ ᠦᠵᠡᠬᠦᠯᠵᠦ ᠪᠠᠶᠢᠬᠤ ᠨᠢ ᠤᠯᠠᠮᠵᠢᠯᠠᠵᠦ ᠳᠡᠯᠭᠡᠷᠡᠬᠦᠯᠤᠨ ᠤᠬᠠᠭᠤᠯᠵᠦ ᠪᠠᠶᠢᠭ᠎ᠠ ᠶᠠᠪᠤᠳᠠᠯ ᠪᠤᠯᠬᠤ ᠶᠤᠮ᠃
ᠶᠠᠪᠤᠳᠠᠯ ᠤᠴᠢᠷ ᠪᠤᠯᠭᠠᠨ ᠳᠤ ᠰᠢᠬᠦᠮᠵᠢᠯᠡᠯᠳᠡᠢ ᠬᠠᠨᠳᠤᠬᠤ ᠨᠢ ᠰᠠᠶᠢᠨ ᠲᠠᠢ ᠲᠠᠯ᠎ᠠ ᠪᠠᠶᠢᠳᠠᠭ ᠴᠤ ᠬᠡᠳᠤᠷᠠᠮᠠᠭᠡᠢ ᠰᠢᠬᠦᠮᠵᠢᠯᠡᠯ ᠨᠢ ᠪᠤᠴᠠᠭᠠᠳ ᠰᠠᠶᠢᠨ ᠶᠠᠪᠤᠳᠠᠯ ᠳᠤ ᠰᠠᠭᠠᠷ ᠪᠤᠯᠵᠤ ᠮᠡᠳᠡᠨ᠎ᠠ᠃ ᠬᠠᠷᠢᠨ ᠪᠢᠳᠠ ᠦᠨᠦᠳᠤᠷ ᠤᠨ ᠠᠬᠤᠢ ᠤᠷᠴᠢᠨ ᠢᠶᠠᠨ ᠪᠦᠷᠢᠨ ᠬᠦᠢᠴᠠᠳ ᠳᠠᠨᠢᠨ ᠮᠡᠳᠡᠷᠡᠬᠦ ᠶᠢᠨ ᠤᠯᠠᠮ ᠢᠶᠠᠷ ᠦᠪᠡᠷ ᠤᠨ ᠦᠵᠡᠯᠳᠠ ᠳᠠᠨᠢᠯᠳᠠ ᠪᠠᠨ ᠳᠡᠯᠭᠡᠬᠦ ᠨᠢ ᠴᠢᠬᠤᠯᠠ ᠠᠴᠠ ᠴᠢᠬᠤᠯᠠ᠃ ᠵᠦᠪᠭᠡᠨ ᠰᠢᠬᠦᠮᠵᠢᠯᠡᠬᠦ ᠶᠢᠨ ᠳᠦᠯᠦᠭᠡ ᠰᠢᠬᠦᠮᠵᠢᠯᠡᠬᠦ ᠶᠤᠮ ᠪᠤᠯ ᠶᠠᠮᠠᠷ ᠴᠦ ᠦᠷ᠎ᠡ ᠳ᠋ᠦᠩ ᠠᠪᠴᠢᠷᠠᠵᠤ ᠴᠢᠳᠠᠬᠤ ᠦᠭᠡᠢ ᠶᠤᠮ᠃ ᠶᠠᠭᠤᠮ᠎ᠠ ᠪᠤᠯᠭᠠᠨ ᠳᠤ ᠡᠶᠡᠷᠬᠦ ᠰᠦᠬᠡᠷᠬᠦ ᠳᠠᠯ᠎ᠠ ᠲᠠᠢ ᠪᠠᠶᠢᠳᠠᠭ ᠪᠤᠯᠬᠤᠷ ᠪᠢᠳᠡ ᠶᠠᠭᠤᠮᠠᠨ ᠤ ᠡᠶᠡᠷᠬᠦ ᠳᠠᠯ᠎ᠠ ᠠᠴᠠ ᠳᠠᠨᠢᠨ ᠮᠡᠳᠡᠷᠡᠵᠦ ᠰᠢᠬᠦᠮᠵᠢᠯᠡᠵᠦ ᠰᠤᠷᠤᠶ᠎ᠠ︕ ᠵᠣᠬᠢᠶᠠᠭᠴᠢ᠄ ᠴᠤᠭᠵᠢᠯᠮ