-
44439
ᠪᠠᠷᠠᠭᠠᠨ ᠰᠡᠭᠦᠳᠡᠷ
2018-03-03 15:56
388
0
ᠦᠷᠬᠦᠯᠵᠢᠯᠡᠯ
v
ᠲᠡᠷᠡ ᠡᠳᠦᠷ ᠰᠢᠨᠵᠢᠯᠲᠦ ᠡᠨᠡᠭᠦᠷ ᠬᠤᠯᠬᠢᠵᠤ ᠯᠠ ᠪᠠᠶᠢᠭᠰᠠᠨ᠂ ᠲᠡᠷᠡ ᠦᠢᠯᠡᠳᠦᠭᠰᠡᠨ ᠴᠤ ᠮᠠᠭᠠᠳ ᠦᠭᠡᠢ ᠶᠠ᠃ ᠴᠤᠭᠯᠠᠷᠠᠭᠰᠠᠨ ᠬᠥᠮᠥᠰ ᠥᠪᠡᠷ ᠥᠪᠡᠷ ᠦᠨ ᠦᠵᠡᠵᠦ ᠰᠣᠨᠣᠰᠣᠭᠰᠠᠨ᠂ ᠪᠣᠳᠣᠵᠣ ᠲᠠᠭᠠᠮᠠᠭᠯᠠᠭᠰᠠᠨ ᠢᠶᠠᠨ ᠶᠠᠷᠢᠵᠠᠭᠠᠨ᠎ᠠ᠃ ᠭᠠᠭᠴᠠ ᠬᠦ ᠰᠠᠶᠢᠵᠢᠷᠠᠬᠤ ᠬᠦᠦ ᠯᠡ ᠬᠥᠭᠡᠷᠦᠬᠦᠢ︕ ᠢᠷᠡᠭᠰᠡᠨ ᠤᠯᠠᠨ ᠳᠤ ᠴᠠᠢ ᠠᠶᠠᠭᠠᠯᠠᠬᠤ᠂ ᠡᠵᠢ ᠶᠢᠨ ᠢᠶᠡᠨ ᠤᠤᠭᠤᠬᠤ ᠡᠮ ᠢ ᠴᠢᠨᠠᠵᠤ ᠣᠶᠢᠷᠠᠲᠤᠭᠤᠯᠬᠤ ᠭᠡᠳ ᠯᠡ ᠶᠠᠭᠠᠷᠠᠤ᠃
ᠠᠢ᠂ ᠨᠢᠳᠦᠨᠦᠨ ᠦ ᠲᠡᠷᠡ ᠦᠭᠭᠦᠭᠰᠡᠨ ᠭᠡᠵᠦ ᠲᠡᠶᠢᠮᠦ ᠯᠠ ᠨᠢᠭᠡ ᠬᠡᠷᠡᠭ ᠡ︕ ᠭᠡᠵᠦ ᠬᠡᠨ ᠨᠢᠭᠡ ᠨᠢ ᠬᠡᠯᠡᠬᠦ ᠳᠦ ᠪᠦᠭᠦᠳᠡᠭᠡᠷ ᠢᠶᠡᠨ ᠰᠡᠭᠦᠷᠡᠰᠦᠯᠡᠪᠡ᠃
ᠨᠢᠳᠤᠨᠤᠨ ᠤ ᠶᠠᠯᠠᠲᠤ ᠡᠲᠡᠭᠡᠳ ᠲᠦ ᠴᠣᠬᠢᠯᠲᠠ ᠥᠭᠬᠦ ᠬᠦᠳᠡᠯᠭᠡᠭᠡᠨ ᠳᠦ ᠭᠠᠬᠠᠢ ᠲᠠᠬᠢᠶ᠎ᠠ ᠬᠤᠯᠠᠭᠠᠶᠢᠯᠠᠭᠰᠠᠨ᠂ ᠬᠡᠷᠡᠭᠦᠯ ᠵᠣᠳᠣᠭᠠᠨ ᠬᠢᠭᠰᠡᠨ ᠭᠡᠬᠦ ᠮᠡᠲᠦ ᠶᠢᠨ ᠵᠢᠵᠢᠭ ᠰᠡᠵᠢᠭ ᠬᠡᠷᠡᠭ ᠲᠦ ᠬᠣᠯᠪᠣᠭᠳᠠᠭᠰᠠᠳ ᠢ ᠬᠠᠶᠢᠯᠠᠰᠤᠲᠠᠢ ᠶᠢᠨ ᠠᠶᠢᠯ ᠠᠴᠠ ᠲᠠᠪᠢ ᠭᠠᠷᠤᠢ ᠪᠠᠷᠢᠪᠴᠢᠯᠠᠭᠰᠠᠨ ᠪᠣᠯᠪᠠᠴᠤ ᠪᠦᠷ ᠯᠡ ᠲᠣᠷᠭᠠᠭᠤᠯᠢ ᠶᠢᠨ ᠵᠣᠭᠣᠰ ᠲᠤᠰᠢᠶᠠᠭᠠᠳ ᠬᠠᠮᠢᠶ᠎ᠠ ᠦᠭᠡᠢ ᠰᠤᠯᠠᠯᠠᠭᠳᠠᠭᠰᠠᠨ ᠪᠢᠯᠡ᠃ ᠭᠡᠪᠡᠴᠦ ᠳᠤᠯᠤᠨᠵᠢᠩ᠂ ᠰᠧᠷᠡᠩ᠂ ᠪᠣᠯᠣᠳ᠂ ᠰᠢᠨᠵᠢᠯᠲᠤ ᠵᠡᠷᠭᠡ ᠤᠯᠠᠨ ᠢᠶᠠᠷ ᠢᠶᠠᠨ ᠮᠡᠳᠡᠳᠡᠭ ᠳᠦᠷᠪᠡᠨ ᠨᠡᠷᠡᠲᠦ ᠬᠤᠯᠠᠭᠠᠶᠢᠴᠢ ᠶᠢᠨ ᠨᠢᠭᠡ ᠨᠢ ᠴᠤ ᠪᠠᠷᠢᠭᠳᠠᠭᠰᠠᠨ ᠦᠭᠡᠢ ᠪᠢᠯᠡ᠃
ᠳᠣᠯᠣᠨᠵᠢᠩ ᠤᠨ ᠰᠢᠷ᠎ᠠ ᠪᠦᠰᠡᠭᠦᠢ ᠴᠢᠨᠢ ᠲᠣᠮᠢᠯᠠᠭᠰᠠᠨ ᠰᠠᠯᠪᠤᠷᠢ ᠶᠢᠨ ᠢᠯᠠᠯᠲᠠ ᠳᠠᠷᠤᠭ᠎ᠠ ᠲᠠᠢ ᠠᠶᠢᠯ ᠤᠨ ᠮᠥᠷᠳᠡᠭᠡᠨ ᠰᠠᠲᠤᠨ ᠨᠢ ᠪᠣᠯᠳᠠᠭ ᠭᠡᠵᠦ ᠶᠠᠷᠢᠵᠤ ᠪᠠᠶᠢᠭᠰᠠᠨ᠂ ᠢᠩᠭᠢᠭᠡᠳ ᠯᠡ ᠳᠤᠯᠤᠨᠵᠢᠩ ᠢ ᠪᠠᠷᠢᠭᠰᠠᠨ ᠦᠭᠡᠢ ᠪᠠᠶᠢᠬ᠎ᠠ︕ ᠭᠡᠵᠦ ᠨᠢᠭᠡ ᠨᠢ ᠦᠭᠡ ᠦᠳᠡᠭᠡᠬᠦ ᠳᠦ᠄
ᠡᠴᠢᠭᠡ ᠶᠢᠨ ᠬᠢᠨᠢ ᠲᠣᠯᠣᠭᠠᠢ ᠭᠡᠨ᠎ᠡ᠂ ᠠᠯᠢ ᠶᠢᠰᠦᠨ ᠲᠦᠷᠦᠯ ᠦᠨ ᠬᠢᠨᠢ ᠰᠠᠲᠤᠨ ᠨᠢ ᠪᠣᠢ︕ ᠢᠯᠠᠯᠲᠠ ᠳᠠᠷᠤᠭ᠎ᠠ ᠴᠢᠨᠢ ᠳᠣᠯᠣᠨᠵᠢᠩ ᠤᠨ ᠰᠢᠷ᠎ᠠ ᠪᠦᠰᠡᠭᠦᠢ ᠲᠠᠢ ᠵᠠᠭᠤᠷᠠᠯᠳᠤᠭᠠᠳ ᠰᠠᠯᠳᠠᠭ ᠦᠭᠡᠢ ᠠᠮᠢᠲᠠᠨ᠂ ᠬᠠᠷ᠎ᠠ ᠡᠳᠦᠷ ᠢᠶᠡᠷ ᠡᠬᠡ ᠡᠴᠡ ᠪᠡᠨ ᠲᠦᠷᠦᠭᠰᠡᠨ ᠨᠢᠴᠦᠭᠦᠨ ᠪᠡᠶ᠎ᠡ ᠪᠡᠷ ᠢᠶᠡᠨ ᠳᠣᠯᠣᠨᠵᠢᠩ ᠳᠤ ᠬᠡᠳᠦ ᠤᠳᠠᠭ᠎ᠠ ᠪᠠᠷᠢᠭᠳᠠᠴᠢᠬᠠᠭᠠᠳ ᠶᠠᠮᠠᠷ ᠨᠢᠭᠣᠷ ᠢᠶᠠᠷ ᠳᠣᠯᠣᠨᠵᠢᠩ ᠢ ᠪᠠᠷᠢᠬᠤ ᠶᠤᠮ ᠭᠡᠵᠦ ᠪᠠᠰᠠ ᠨᠢᠭᠡ ᠨᠢ ᠠᠭᠤᠷᠲᠠᠢ ᠶᠠᠷᠢᠨ᠎ᠠ᠃
ᠬᠦᠢ᠂ ᠬᠦᠮᠦᠨ ᠦ ᠡᠬᠡᠨᠡᠷ ᠲᠠᠢ ᠨᠡᠶᠢᠯᠡᠵᠦ ᠡᠷ᠎ᠡ ᠳᠦ ᠨᠢ ᠪᠠᠷᠢᠭᠳᠠᠴᠢᠬᠠᠭᠠᠳ ᠪᠠᠰᠠ᠄ ︽ ᠳᠣᠯᠣᠨᠵᠢᠩ ᠴᠢ ᠮᠠᠭᠤ ᠵᠣᠯᠢᠭ᠂ ᠴᠢᠨᠦ ᠶᠠᠭᠤ ᠶᠠᠭᠠᠬᠢᠵᠤ ᠶᠠᠪᠤᠳᠠᠭ ᠢ ᠪᠢ ᠶᠠᠮᠠᠷ ᠮᠡᠳᠡᠬᠦ ᠦᠭᠡᠢ ᠤᠤ︕ ᠡᠨᠡ ᠡᠴᠢᠭᠡ ᠪᠡᠨ ᠠᠭᠤᠷᠯᠠᠭᠤᠯᠪᠠᠯ ᠪᠠᠷᠢᠵᠤ ᠠᠪᠤᠭᠠᠳ ᠭᠢᠨᠳᠠᠨ ᠳᠤ ᠴᠢᠬᠢᠨ᠎ᠡ ᠰᠢᠦ ᠴᠢᠮᠠᠶᠢ ︾ ᠭᠡᠵᠦ ᠵᠠᠩᠨᠠᠭᠠᠳ ᠥᠮᠥᠳᠦ ᠪᠡᠨ ᠲᠠᠲᠠᠭᠰᠠᠭᠠᠷ ᠮᠠᠰᠢᠨ ᠳᠤ ᠪᠠᠨ ᠭᠠᠷᠤᠭᠰᠠᠨ ᠭᠡᠯᠡᠢ︕ ᠭᠡᠵᠦ ᠪᠠᠰᠠ ᠨᠢᠭᠡ ᠨᠢ ᠥᠨᠡᠷᠬᠡᠪᠡ᠃
ᠪᠢ ᠬᠡᠷᠪᠡ ᠳᠣᠯᠣᠨᠵᠢᠩ ᠪᠠᠶᠢᠭᠰᠠᠨ ᠪᠣᠯ ᠬᠡᠳᠦᠶᠢᠨᠡᠢ ᠲᠡᠷᠡ ᠮᠠᠭᠤ ᠡᠮ᠎ᠡ ᠶᠢ ᠭᠡᠭᠡᠭᠡᠳ ᠦᠭᠴᠢᠬᠡᠨᠡ ᠭᠡᠵᠦ ᠨᠢᠭᠡ ᠨᠢ ᠡᠯᠭᠦᠬᠦ ᠳᠦ
ᠤᠷᠤᠭ ᠰᠠᠯᠤᠨ᠎ᠠ ᠭᠡᠵᠦ ᠭᠡᠵᠦ ᠳᠣᠯᠤᠨᠵᠢᠩ ᠡᠬᠡᠨᠡᠷ ᠲᠠᠢ ᠪᠠᠨ ᠬᠡᠷᠡᠭᠦᠯ ᠬᠢᠭᠰᠡᠨ ᠳᠦ ᠪᠦᠰᠡᠭᠦᠢ ᠨᠢ᠄
ᠴᠢᠮ᠎ᠠ ᠮᠠᠭᠤ ᠶᠢ ᠡᠵᠢ ᠴᠢᠨᠢ ᠨᠢᠭᠡ ᠲᠦᠷᠦᠭᠰᠡᠨ᠂ ᠬᠠᠷᠢᠨ ᠪᠢ ᠴᠢᠮ᠎ᠠ ᠶᠢ ᠳᠦᠷᠪᠡ ᠲᠦᠷᠦᠵᠡᠢ ᠭᠡᠵᠦ ᠬᠡᠯᠡᠬᠦ ᠳᠦ ᠪᠣᠯᠤᠨ᠎ᠠ ᠭᠡᠵᠦ ᠳᠥᠷᠪᠡ ᠤᠳᠠᠭᠠᠨ ᠤ ᠬᠤᠯᠠᠭᠠᠶᠢᠴᠢ ᠶᠢᠨ ᠬᠡᠷᠡᠭ ᠨᠢ ᠯᠡᠪᠡᠷᠡᠭᠰᠡᠨ ᠳᠦ ᠢᠯᠠᠯᠲᠠ ᠳᠠᠷᠤᠭ᠎ᠠ ᠶᠢ ᠭᠤᠶᠤᠵᠤ ᠪᠠᠶᠢᠭᠠᠳ ᠭᠢᠨᠳᠠᠨ ᠳᠤ ᠴᠢᠬᠢᠭᠦᠯᠦᠭᠰᠡᠨ ᠦᠭᠡᠢ ᠭᠠᠪᠢᠶ᠎ᠠ ᠪᠠᠨ ᠲᠣᠭᠠᠴᠢᠨ᠂ ᠶᠠᠷ᠎ᠠ ᠶᠢ ᠨᠢ ᠮᠠᠯᠲᠠᠵᠤ ᠪᠠᠶᠢᠭᠠᠳ ᠳᠣᠯᠣᠨᠵᠢᠩ ᠢ ᠨᠣᠮᠣᠬᠠᠷᠠᠭᠤᠯᠵᠤ ᠠᠪᠤᠭᠰᠠᠨ ᠭᠡᠯᠡᠢ︕ ᠭᠡᠵᠦ ᠪᠠᠰᠠ ᠨᠢᠭᠡ ᠨᠢ ᠶᠠᠷᠢᠨ᠎ᠠ᠃
ᠰᠧᠷᠡᠩ᠂ ᠪᠣᠯᠤᠳ ᠬᠣᠶᠠᠷ ᠶᠠᠭᠠᠬᠢᠭᠠᠳ ᠪᠠᠷᠢᠭᠳᠠᠭᠰᠠᠨ ᠦᠭᠡᠢ ᠪᠣᠢ︖
ᠰᠧᠷᠡᠩ ᠪᠣᠯᠣᠳ ᠬᠣᠶᠠᠷ ᠴᠢᠨᠢ ᠴᠢᠰᠤ ᠪᠠᠨ ᠤᠤᠭᠤᠭᠰᠠᠨ ᠠᠬ᠎ᠠ ᠳᠡᠭᠦᠦ᠂ ᠲᠡᠭᠡᠭᠡᠳ ᠪᠠᠰᠠ ᠳᠤᠮᠳᠠᠲᠤ ᠰᠤᠷᠭᠠᠭᠤᠯᠢ ᠶᠢᠨ ᠬᠠᠮᠲᠦ ᠰᠤᠷᠤᠭᠴᠢ ᠨᠢ ᠶᠤᠮᠴᠢᠨᠢ ᠰᠧᠷᠡᠩ ᠢ ᠯᠠᠪ ᠪᠠᠷᠢᠬᠤ ᠦᠭᠡᠢ᠃
ᠰᠧᠷᠡᠩ ᠪᠠᠰᠠ ᠵᠠᠯᠢᠲᠠᠢ ᠡᠷ᠎ᠡ ᠰᠢᠦ︕ ᠵᠢᠯ ᠴᠠᠭᠠᠨ ᠰᠠᠷ᠎ᠠ ᠣᠶᠢᠷᠠᠲᠤᠭᠰᠠᠭᠠᠷ ᠯᠠ ᠢᠯᠠᠯᠲᠠ ᠳᠠᠷᠤᠭ᠎ᠠ ᠳᠤ ᠬᠣᠨᠢ ᠦᠬᠡᠷ ᠦᠨ ᠮᠢᠬ᠎ᠠ ᠶᠢ ᠣᠪᠣᠭ᠎ᠠ ᠳᠣᠪᠣᠭᠠ ᠬᠦᠷᠭᠡᠳᠡᠭ ᠪᠦᠭᠡᠳ ᠬᠦᠦ ᠳᠦ ᠨᠢ ᠬᠣᠪᠴᠠᠰᠤᠨ ᠵᠣᠭᠣᠰ ᠭᠡᠵᠦ ᠮᠢᠩᠭ᠎ᠠ ᠮᠢᠩᠭ᠎ᠠ ᠪᠠᠷ ᠥᠭᠳᠡᠭ ᠭᠡᠨ᠎ᠡ᠃
ᠪᠣᠯᠣᠳ ᠰᠢᠭ᠋ ᠰᠥᠰᠥ ᠲᠠᠢ ᠡᠷ᠎ᠡ ᠥᠭᠡᠷ᠎ᠡ ᠦᠭᠡᠢ᠃ ᠴᠠᠭᠳᠠᠭ᠎ᠠ ᠬᠦᠷᠦᠭᠡᠳ ᠣᠴᠢᠬᠣ ᠳᠤ ᠨᠢ ᠪᠦᠷ ᠡᠨᠡ ᠮᠠᠭᠤ ᠬᠤᠷᠤᠭᠤ ᠶᠢᠨ ᠤᠷᠰᠢᠭ ᠭᠡᠵᠦ ᠰᠦᠬᠡ ᠠᠪᠴᠤ ᠭᠤᠷᠪᠠᠨ ᠬᠤᠷᠤᠭᠤ ᠪᠠᠨ ᠲᠠᠰᠤ ᠴᠠᠪᠴᠢᠴᠢᠬᠠᠭᠠᠳ ᠣᠶᠢᠰᠢᠶᠠᠬᠤ ᠴᠤ ᠦᠭᠡᠢ ᠪᠠᠷ ᠪᠢ ᠳᠠᠬᠢᠵᠤ ᠬᠤᠯᠠᠭᠠᠶᠢᠯᠠᠬᠤ ᠦᠭᠡᠢ ᠭᠡᠵᠦ ᠲᠠ ᠨᠠᠷ ᠤᠨ ᠡᠮᠦᠨ᠎ᠡ ᠴᠢᠰᠤ ᠪᠠᠷ ᠢᠶᠠᠨ ᠲᠠᠩᠭᠠᠷᠢᠭᠯᠠᠭᠰᠠᠨ ᠰᠢᠦ ᠭᠡᠳ ᠢᠨᠢᠶᠡᠬᠦᠯᠡᠷ ᠨᠢ ᠴᠠᠭᠳᠠᠭ᠎ᠠ ᠨᠠᠷ ᠢᠨᠢᠶᠡᠵᠦ ᠴᠤ ᠴᠢᠳᠠᠭᠰᠠᠨ ᠦᠭᠡᠢ ᠤᠬᠢᠯᠠᠵᠤ ᠴᠤ ᠴᠢᠳᠠᠭᠰᠠᠨ ᠦᠭᠡᠢ ᠪᠣᠷᠣ ᠮᠦᠷ ᠢᠶᠡᠷ ᠢᠶᠡᠨ ᠪᠤᠴᠠᠴᠢᠬᠠᠭᠰᠠᠨ ᠭᠡᠵᠦ ᠪᠠᠶᠢᠭᠰᠠᠨ᠃
ᠶᠠᠭ ᠡᠨᠡ ᠥᠶ᠎ᠡ ᠳᠦ ᠴᠠᠭᠳᠠᠭᠠᠨ ᠰᠦᠯᠳᠡᠲᠦ ᠭᠥᠬᠡ ᠠᠯᠠᠭ ᠥᠩᠭᠡᠳᠡᠢ ᠬᠦᠩᠬᠡᠨ ᠮᠠᠰᠢᠨ ᠵᠣᠷᠢᠭᠲᠤ ᠶᠢᠨ ᠡᠭᠦᠳᠡᠨ ᠳᠦ ᠢᠷᠡᠭᠡᠳ ᠵᠣᠭᠰᠤᠪᠠ᠃ ᠴᠤᠭᠯᠠᠷᠠᠭᠰᠠᠨ ᠤᠯᠠᠨ ᠬᠡᠯᠡ ᠠᠮᠠᠨ ᠳᠤ ᠣᠷᠢᠶᠠᠭᠳᠠᠴᠢᠬᠠᠬᠤ ᠶᠠᠭᠤ ᠮᠠᠭᠠᠳ ᠭᠡᠵᠦ ᠲᠦᠷᠭᠡᠬᠡᠨ ᠭᠡᠭᠴᠢ ᠶᠠᠪᠤᠵᠤ ᠣᠳᠪᠠ᠃
ᠬᠥᠩᠭᠡᠨ ᠮᠠᠰᠢᠨ ᠤ ᠡᠭᠦᠳᠡ ᠨᠡᠭᠡᠭᠡᠭᠳᠡᠵᠦ ᠰᠤᠯᠠ ᠬᠣᠪᠴᠠᠰᠤᠲᠠᠢ ᠳᠦᠷᠪᠡᠨ ᠬᠥᠮᠥᠨ ᠪᠠᠭᠤᠵᠤ ᠢᠷᠡᠭᠰᠡᠨ ᠦ ᠨᠢᠭᠡ ᠨᠢ ᠵᠣᠷᠢᠭᠲᠤ ᠶᠢᠨ ᠳᠡᠭᠦᠦ ᠠᠭᠤᠯᠠ ᠲᠣᠪᠴᠢᠶᠠᠨ ᠳᠠᠷᠤᠭ᠎ᠠ ᠪᠠᠶᠢᠪᠠ᠃ ᠲᠡᠷᠡ ᠥᠯᠥ ᠲᠠᠨᠢᠬᠤ ᠭᠤᠷᠪᠠᠨ ᠴᠠᠭᠳᠠᠭ᠎ᠠ ᠪᠠᠨ ᠳᠠᠭᠠᠭᠤᠯᠵᠤ ᠭᠡᠷ ᠲᠤ ᠣᠷᠣᠭᠠᠳ ᠠᠬ᠎ᠠ ᠪᠡᠷᠭᠡᠨ ᠳᠦ ᠪᠡᠨ ᠮᠡᠨᠳᠦᠴᠢᠯᠡᠪᠡ᠃ ᠵᠣᠷᠢᠭᠲᠤ ᠭᠤᠸᠠᠢ ᠳᠡᠭᠦᠦ ᠪᠡᠨ ᠬᠠᠷᠠᠭᠠᠳ ᠬᠠᠷᠢᠨ ᠬᠢᠯᠢᠰᠳᠡᠭᠰᠡᠨ ᠬᠡᠦᠬᠡᠳ ᠰᠢᠭ ᠡᠪᠬᠡᠷᠡᠲᠡᠯᠡ ᠪᠡᠨ ᠤᠬᠢᠯᠠᠪᠠ᠃
ᠴᠢ ᠶᠠᠭᠤᠨ ᠳᠤ ᠪᠠᠨ ᠲᠡᠭᠡᠵᠦ ᠤᠬᠢᠯᠠᠴᠢᠬᠠᠭᠰᠠᠨ ᠪᠣᠢ︖ ᠪᠡᠷᠭᠡᠨ ᠪᠠᠰᠠ ᠡᠪᠡᠳᠴᠢᠨ ᠬᠠᠭᠤᠴᠢᠨ ᠲᠠᠢ ᠪᠠᠶᠢᠬᠤ ᠳᠤ᠂ ᠬᠡᠳᠦᠨ ᠮᠠᠭᠤ ᠬᠣᠨᠢ ᠯᠠ ᠪᠢᠰᠢᠦ᠂ ᠪᠢ ᠣᠯᠣᠭᠠᠳ ᠥᠭᠭᠦᠶ᠎ᠡ︕ ᠭᠡᠵᠦ ᠠᠭᠤᠯᠠ ᠲᠣᠪᠴᠢᠶᠠᠨ ᠳᠠᠷᠤᠭ᠎ᠠ ᠠᠶᠤᠩᠭ᠎ᠠ ᠶᠢᠨ ᠳᠠᠭᠤᠨ ᠢ ᠴᠤ ᠰᠣᠨᠣᠰᠬᠤ ᠦᠭᠡᠢ ᠠᠬ᠎ᠠ ᠳᠤ ᠪᠠᠨ ᠰᠣᠨᠣᠰᠬᠠᠬᠤ ᠰᠠᠨᠠᠭ᠎ᠠ ᠲᠠᠢ ᠳᠡᠭᠡᠷ᠎ᠡ ᠳᠠᠭᠤᠨ ᠢᠶᠠᠷ ᠶᠠᠷᠢᠪᠠ᠃
ᠵᠠ ᠲᠠ ᠨᠠᠷ ᠰᠠᠶᠢᠨ ᠶᠠᠪᠤᠵᠤ ᠢᠷᠡᠯ᠎ᠡ᠂ ᠳᠡᠭᠡᠭᠰᠢ ᠪᠡᠨ ᠰᠠᠭᠤ︕ ᠭᠡᠳ ᠰᠠᠶᠢᠵᠢᠷᠠᠬᠤ ᠬᠦᠦ ᠮᠡᠨᠳᠦᠴᠢᠯᠡᠭᠡᠳ᠂ ᠴᠠᠢ ᠤᠰᠤ᠂ ᠥᠷᠥᠮ᠎ᠡ ᠬᠤᠷᠤᠳ ᠭᠡᠵᠦ ᠪᠠᠰᠠᠯᠠ ᠶᠠᠭᠠᠷᠠᠵᠤ ᠡᠬᠢᠯᠡᠪᠡ᠃
ᠬᠡᠵᠢᠶ᠎ᠡ ᠭᠡᠭᠡᠭᠰᠡᠨ ᠪᠣᠢ︖ ᠬᠡᠳᠦᠢ ᠬᠣᠨᠢ ᠪᠣᠢ︖ ᠲᠣᠮᠢᠯᠠᠭᠰᠠᠨ ᠰᠠᠯᠪᠤᠷᠢ ᠳᠤ ᠬᠡᠷᠡᠭ ᠮᠡᠳᠡᠭᠦᠯᠦᠭᠰᠡᠨ ᠦᠦ︖ ᠭᠡᠵᠦ ᠠᠪᠠᠭ᠎ᠠ ᠨᠢ ᠣᠯᠠᠨ ᠠᠰᠠᠭᠤᠯᠲᠠ ᠤᠭᠰᠠᠷᠠᠭᠤᠯᠵᠤ ᠲᠠᠯᠪᠢᠪᠠ᠃
ᠡᠵᠢ ᠪᠢᠳᠡ ᠬᠣᠶᠠᠷ ᠢ ᠬᠠᠷᠢᠵᠤ ᠢᠷᠡᠬᠦ ᠡᠴᠡ ᠭᠤᠷᠪᠠᠨ ᠡᠳᠦᠷ ᠦᠨ ᠡᠮᠦᠨ᠎ᠡ᠂ ᠨᠡᠶᠢᠲᠡ ᠵᠢᠷᠠᠨ ᠪᠦᠳᠦᠭᠦᠨ ᠬᠣᠨᠢ᠂ ᠲᠣᠮᠢᠯᠠᠭᠰᠠᠨ ᠰᠠᠯᠪᠤᠷᠢ ᠳᠤ ᠬᠡᠷᠡᠭ ᠮᠡᠳᠡᠭᠦᠯᠦᠭᠰᠡᠨ ᠪᠣᠯᠪᠠᠴᠤ ᠢᠷᠡᠭᠰᠡᠨ ᠬᠦᠮᠦᠨ ᠠᠯᠠᠭ᠎ᠠ᠂ ᠨᠢᠭᠡᠨᠲᠡ ᠳᠦᠷᠪᠡ ᠬᠣᠨᠤᠴᠢᠬᠠᠭᠰᠠᠨ ᠰᠢᠦ︕ ᠭᠡᠳ ᠰᠠᠶᠢᠵᠢᠷᠠᠬᠤ ᠬᠦᠦ ᠶᠢᠨ ᠨᠢᠳᠦᠨ ᠳᠦ ᠨᠢᠯᠪᠣᠰᠤ ᠴᠡᠶᠢᠯᠡᠭᠡᠨᠡᠪᠡ᠃
ᠬᠠᠷᠠᠭᠠᠨᠠᠲᠤ ᠰᠣᠮᠣᠨ ᠠᠴᠠ ᠬᠠᠶᠢᠯᠠᠰᠤᠲᠠᠢ ᠬᠦᠷᠬᠦ ᠮᠠᠩᠬᠠᠨ ᠵᠠᠮ ᠢᠶᠠᠷ ᠢᠯᠠᠯᠲᠠ ᠳᠠᠷᠤᠭ᠎ᠠ ᠬᠠᠭᠤᠴᠢᠪᠲᠤᠷ ︽ ᠪᠡᠭᠡᠵᠢᠩ2020︾ ᠢᠶᠡᠨ ᠵᠢᠯᠣᠭᠣᠳᠴᠤ ᠦᠬᠡᠷ ᠬᠠᠰᠠᠭ ᠰᠢᠭ᠋ ᠯᠠ ᠤᠳᠠᠭᠠᠨ ᠵᠢᠳᠭᠦᠭᠦᠯᠦᠨᠡ᠃
ᠵᠠᠮ ᠡᠶᠢᠮᠦ ᠮᠠᠭᠤ ᠪᠠᠶᠢᠲᠠᠯ᠎ᠠ ᠬᠡᠷᠡᠭ ᠵᠠᠷᠭᠤ ᠲᠠᠰᠤᠷᠠᠳᠠᠭ ᠦᠭᠡᠢ ᠶᠠᠮᠠᠷ ᠬᠠᠰᠢ ᠶᠢᠨ ᠭᠠᠵᠠᠷ ᠪᠣᠢ︖ ᠭᠡᠵᠦ ᠢᠯᠠᠯᠲᠠ ᠳᠠᠷᠤᠭ᠎ᠠ ᠠᠮᠠᠨ ᠳᠤ ᠪᠠᠨ ᠲᠦᠳᠦᠨᠡᠭᠡᠳ ᠡᠪᠰᠢᠶᠡᠯᠭᠡᠭᠰᠡᠭᠡᠷ ᠲᠡᠷᠭᠡ ᠪᠡᠨ ᠵᠣᠭᠰᠣᠭᠠᠪᠠ᠃ ᠰᠦᠨᠢᠵᠢᠨ ᠮᠠᠵᠢᠶᠠᠩ ᠨᠠᠭᠠᠳᠤᠭᠰᠠᠨ ᠤ ᠬᠢ ᠪᠣᠯᠣᠯᠲᠠᠢ ᠰᠥᠷᠡᠬᠡᠢ ᠨᠣᠶᠢᠷᠮᠣᠭᠯᠠᠨᠠ᠃ ᠨᠢᠭᠡ ᠨᠣᠶᠢᠷ ᠤᠨᠲᠠᠭᠠᠳ ᠠᠪᠤᠶ᠎ᠠ᠂ ᠥᠨᠥ ᠰᠥᠨᠢ ᠰᠢᠷ᠎ᠠ ᠡᠭᠡᠴᠢ ᠶᠢᠨ ᠳᠦ ᠬᠣᠨᠣᠬᠤ ᠯᠠ ᠪᠣᠯᠵᠠᠢ︕ ᠭᠡᠵᠦ ᠲᠦᠳᠦᠨᠡᠵᠦ ᠪᠠᠶᠢᠭᠰᠠᠭᠠᠷ ᠵᠠᠯᠠᠭᠤᠷ ᠢᠶᠠᠨ ᠲᠦᠰᠢᠭᠡᠳ ᠴᠢᠮᠡᠭᠡ ᠲᠠᠰᠤᠷᠠᠪᠠ᠃
ᠬᠠᠷᠢᠯᠴᠠᠭᠤᠷ ᠤᠨ ᠬᠣᠩᠬᠣᠨ ᠤ ᠵᠢᠩᠭᠢᠨᠡᠭᠰᠡᠨ ᠳᠠᠭᠤᠨ ᠳᠤ ᠰᠣᠴᠢᠨ ᠰᠡᠷᠢᠪᠡᠯ ᠨᠠᠷᠠ ᠬᠡᠳᠦᠶᠢᠨ ᠦᠳᠡ ᠬᠡᠯᠪᠡᠶᠢᠵᠦ ᠬᠣᠨᠢᠳ ᠤᠨ ᠲᠣᠯᠣᠭᠠᠢ ᠬᠣᠲᠠ ᠵᠦᠭ ᠢᠶᠡᠨ ᠡᠷᠭᠢᠭᠰᠡᠨ ᠪᠠᠶᠢᠪᠠ᠃
ᠪᠠᠰᠠ ᠯᠡ ᠬᠡᠨ ᠨᠢ ᠤᠳᠠᠰᠤ ᠢᠷᠡᠭᠦᠯᠴᠢᠬᠡᠪᠡ︕ ᠭᠡᠵᠦ ᠤᠴᠠᠭᠠᠷᠳᠠᠨ ᠪᠠᠶᠢᠵᠤ ᠬᠠᠷᠢᠯᠴᠠᠭᠤᠷ ᠢᠶᠠᠨ ᠬᠠᠷᠠᠭᠠᠳ ᠮᠡᠯᠡᠷᠡᠴᠢᠬᠡᠪᠡ᠃ ᠲᠡᠷᠡ ᠨᠢᠭᠡ ᠤᠴᠢᠷ ᠢ ᠪᠣᠳᠣᠭᠠᠳ ᠤᠯᠵᠠᠢ᠃ ᠳᠡᠭᠡᠷ᠎ᠡ ᠤᠳᠠᠭ᠎ᠠ ᠬᠤᠷᠠᠯ ᠢᠶᠠᠷ ᠲᠣᠪᠴᠢᠶᠠᠨ ᠳᠤ ᠪᠠᠨ ᠬᠦᠷᠬᠦ ᠳᠦ ᠠᠭᠤᠯᠠ ᠲᠣᠪᠴᠢᠶᠠᠨ ᠳᠠᠷᠤᠭ᠎ᠠ ᠲᠡᠭᠦᠨ ᠳᠦ ᠠᠬ᠎ᠠ ᠪᠣᠯᠣᠨ ᠠᠴᠢ ᠬᠦᠦ ᠪᠡᠨ ᠳᠤᠷᠠᠳᠴᠤ ᠪᠠᠶᠢᠭᠰᠠᠨ ᠶᠤᠮ ᠪᠢᠯᠡ᠃
ᠣᠳᠣ ᠴᠤ ᠬᠠᠷᠠᠯᠠᠭᠰᠠᠨ᠂ ᠭᠡᠵᠦ ᠭᠠᠭᠴᠠᠭᠠᠷ ᠢᠶᠠᠨ ᠬᠠᠰᠬᠢᠷᠴᠤ ᠠᠪᠤᠭᠠᠳ ᠲᠦᠭᠦᠰᠢ ᠪᠡᠨ ᠬᠣᠶᠠᠷ ᠠᠯᠠᠭᠠᠳᠠᠪᠠ᠃ ᠡᠨᠡ ᠮᠠᠭᠤ ᠬᠡᠷᠡᠭ ᠦᠨ ᠲᠦᠷᠦᠭᠦᠦ ᠮᠢᠨᠢ ᠡᠨᠡ ᠬᠡᠷᠡᠭ ᠲᠦ ᠬᠣᠯᠪᠣᠭᠳᠠᠬᠤ ᠦᠭᠡᠢ ᠯᠠ ᠪᠣᠯᠣᠭᠠᠰᠠᠢ ᠭᠡᠵᠦ ᠬᠦᠷᠢ ᠳᠡᠭᠦᠦ ᠰᠢᠨᠵᠢᠯᠲᠦ ᠶᠢᠨ ᠢᠶᠡᠨ ᠲᠦᠯᠦᠭᠡ ᠰᠠᠨᠠᠭ᠎ᠠ ᠪᠣᠯᠵᠤ ᠰᠡᠭᠦᠷᠡᠰᠦᠯᠡᠪᠡ᠃
ᠵᠠᠮ ᠲᠣᠵᠢ ᠲᠣᠪᠴᠢᠶᠠᠨ ᠳᠠᠷᠤᠭ᠎ᠠ ᠪᠠᠨ ᠶᠠᠭᠠᠬᠢᠵᠤ ᠠᠷᠭᠠᠴᠠᠭᠠᠬᠤ ᠠᠷᠭ᠎ᠠ ᠪᠠᠰᠢᠯᠭᠠᠭᠰᠠᠨ ᠢᠯᠠᠯᠲᠠ ᠳᠠᠷᠤᠭ᠎ᠠ ᠶᠢᠨ ᠲᠡᠷᠭᠡ ᠤᠨᠠᠬᠣ ᠨᠠᠷᠠ ᠲᠠᠢ ᠤᠷᠤᠯᠳᠤᠨ ᠪᠠᠶᠢᠵᠤ ᠵᠣᠷᠢᠭᠲᠤ ᠶᠢᠨ ᠡᠭᠦᠳᠡᠨ ᠳᠦ ᠵᠣᠭᠰᠤᠪᠠ᠃
ᠰᠢᠷᠭᠠᠯᠳᠤᠨ ᠭᠢᠯᠠᠯᠵᠠᠭᠰᠠᠨ ᠨᠠᠷᠠᠨ ᠤ ᠪᠤᠮᠠᠨ ᠰᠠᠴᠤᠷᠠᠭ ᠦᠳ ᠠᠭᠤᠯᠠᠨ ᠴᠠᠭᠠᠨ᠎ᠠ ᠳᠠᠯᠳᠠᠷᠢᠵᠤ ᠦᠳᠡᠰᠢ ᠶᠢᠨ ᠪᠦᠷᠦᠢ ᠨᠦᠮᠦᠷᠢᠳᠦᠨ ᠠᠶᠢᠰᠦᠢ᠃ ᠠᠶᠠᠭ᠎ᠠ ᠲᠠᠢ ᠬᠣᠨᠢᠨ ᠮᠢᠬᠠᠨ ᠠᠴᠠ ᠠᠭᠤᠷ ᠰᠠᠪᠰᠠᠬᠤ ᠪᠠᠨ ᠵᠣᠭᠰᠣᠭᠰᠠᠨ ᠴᠤ ᠵᠢᠷᠭᠠᠯ ᠭᠤᠸᠠᠢ ᠰᠠᠪᠬ᠎ᠠ ᠬᠥᠷᠥᠭᠡ ᠦᠭᠡᠢ ᠠᠷᠢᠬᠢ ᠪᠠᠨ ᠰᠢᠮᠡᠵᠦ ᠴᠢᠷᠠᠢ ᠪᠠᠷᠣᠭᠠᠷ ᠰᠠᠭᠤᠨ᠎ᠠ᠃ ᠰᠢᠷᠡᠭᠡᠨ ᠦ ᠵᠡᠭᠦᠨ ᠲᠠᠯ᠎ᠠ ᠳᠤ ᠰᠠᠶᠢᠨ᠎ᠠ ᠬᠦᠭᠰᠢᠨ ᠮᠥᠴᠢᠳᠬᠡᠨ ᠰᠠᠭᠤᠵᠤ ᠬᠤᠨᠳᠠᠭᠠᠨ ᠳᠤ ᠪᠠᠨ ᠠᠷᠢᠬᠢ ᠬᠢᠭᠰᠡᠨ ᠴᠤ ᠤᠭᠤᠤᠯ ᠦᠭᠡᠢ ᠫᠢᠯᠠ ᠬᠠᠭᠠᠯᠤᠭᠰᠠᠨ ᠮᠤᠤᠷ ᠤᠨ ᠨᠢᠳᠦᠯᠡᠵᠦ᠂ ᠡᠪᠦᠭᠡᠨ ᠤ ᠪᠠᠨ ᠠᠮᠠ ᠶᠢ ᠬᠠᠷᠠᠨ᠎ᠠ᠃
ᠵᠣᠷᠢᠭᠲᠤ ᠮᠠᠨ ᠳᠤ ᠠᠴᠢ ᠲᠠᠢ ᠬᠦᠮᠦᠨ᠂ ᠲᠡᠷᠡ ᠵᠢᠯ ᠴᠢ ᠮᠤᠬᠤᠷ ᠣᠯᠣᠭᠠᠢ ᠶᠢᠨ ᠥᠷᠪᠢᠰᠦᠯ ᠣᠯᠣᠭᠠᠳ ᠦᠬᠦᠮᠡᠷ ᠪᠠᠶᠢᠬᠤ ᠳᠤ ᠴᠢᠨᠢ ᠡᠮᠨᠡᠯᠭᠡ ᠳᠦ ᠬᠥᠷᠭᠡᠭᠡᠳ ᠠᠪᠤᠷᠠᠵᠤ ᠠᠪᠤᠭᠰᠠᠨ᠂ ᠡᠮᠨᠡᠯᠭᠡ ᠶᠢᠨ ᠵᠠᠷᠤᠳᠠᠯ ᠮᠢᠩᠭ᠎ᠠ ᠭᠠᠷᠤᠢ ᠲᠦᠭᠦᠷᠢᠭ ᠢ ᠴᠢ ᠬᠦᠮᠦᠨ ᠳᠦ ᠪᠤᠴᠠᠭᠠᠭᠰᠠᠨ ᠦᠦ︖ ᠭᠡᠵᠦ ᠰᠢᠷᠦᠭᠦᠨ ᠬᠠᠷᠠᠨ᠎ᠠ᠃
ᠴᠢ ᠵᠣᠷᠢᠭᠲᠤ ᠶᠢᠨ ᠳᠦ ᠬᠠᠭᠠᠰ ᠵᠢᠯ ᠬᠣᠨᠢ ᠶᠢ ᠨᠢ ᠬᠠᠷᠢᠭᠤᠯᠵᠤ ᠥᠭᠭᠥᠭᠰᠡᠨ ᠪᠢᠰᠢᠦ︕ ᠭᠡᠳ ᠰᠠᠶᠢᠨ᠎ᠠ ᠬᠥᠭᠰᠢᠨ ᠳᠣᠷᠣᠢ ᠳᠤᠤᠭᠠᠷᠤᠨ᠎ᠠ᠃
ᠮᠠᠭᠤ ᠬᠦᠮᠦᠨ ᠦ ᠰᠡᠪᠡᠰᠦ ᠦᠭᠡᠢ ᠠᠮᠢᠲᠠᠨ ᠢ ᠵᠦᠭᠡᠷ ᠴᠢ᠂ ᠬᠦᠴᠦᠨ ᠦ ᠣᠷᠣᠨ ᠳᠤ ᠲᠠᠰᠤ ᠪᠦᠳᠦᠭᠦᠨ ᠠᠷᠪᠠᠨ ᠡᠮ᠎ᠡ ᠬᠣᠨᠢ ᠰᠠᠯᠭᠠᠵᠤ ᠦᠭᠭᠦᠭᠰᠡᠨ ᠦᠭᠡᠢ ᠪᠣᠯ ᠴᠢ ᠪᠢᠳᠡ ᠬᠠᠮᠢᠭ᠎ᠠ ᠠᠴᠠ ᠲᠠᠪᠢ ᠵᠢᠷᠠᠨ ᠬᠣᠨᠢ ᠲᠠᠢ ᠪᠣᠯᠵᠤ ᠴᠢᠳᠠᠬᠤ ᠶᠤᠮ᠃ ᠭᠡᠳ ᠵᠢᠷᠭᠠᠯ ᠭᠤᠸᠠᠢ ᠶᠢᠨ ᠳᠠᠭᠤ ᠨᠢ ᠴᠢᠩᠭᠠᠷᠠᠪᠠ᠃
ᠲᠡᠭᠡᠯ᠎ᠡ ᠭᠡᠳ ᠪᠢᠳᠡ ᠳᠣᠯᠣᠨᠵᠢᠩ ᠤᠨ ᠬᠤᠯᠠᠭᠠᠶᠢᠯᠠᠭᠰᠠᠨ ᠢ ᠣᠯᠵᠤ ᠬᠠᠷᠠᠭᠰᠠᠨ ᠦᠭᠡᠢ ᠶᠤᠮᠴᠢᠨᠢ︕ ᠭᠡᠵᠦ ᠰᠠᠮᠠᠭᠠᠨ ᠨᠢ ᠭᠡᠳᠡᠷᠯᠡᠪᠡ᠃
ᠮᠡᠬᠡᠯᠡ ᠴᠢ᠂ ᠴᠠᠭᠳᠠᠭ᠎ᠠ ᠶᠢ ᠬᠦᠷᠲᠡᠯ᠎ᠡ ᠮᠡᠬᠡᠯᠡᠬᠦ ᠴᠢᠨᠢ︕ ᠥᠨᠥᠳᠥᠷ ᠪᠢ ᠣᠷᠳᠣ ᠠᠶᠢᠯ ᠤᠨ ᠪᠠᠲᠤ ᠬᠦᠦ ᠡᠴᠡ ᠰᠤᠨᠤᠰᠤᠭᠰᠠᠨ᠂ ᠬᠤᠳᠠᠯ ᠭᠡᠷᠡᠴᠢ ᠵᠣᠬᠢᠶᠠᠪᠠᠯ ᠬᠠᠤᠯᠢ ᠶᠢ ᠵᠦᠷᠢᠴᠡᠵᠦ ᠭᠢᠨᠳᠠᠨ ᠳᠤ ᠰᠠᠭᠤᠨ᠎ᠠ ᠭᠡᠵᠦ ᠪᠠᠶᠢᠭᠰᠠᠨ᠃ ᠭᠡᠵᠦ ᠡᠪᠦᠭᠡᠨ ᠠᠭᠰᠤᠮᠨᠠᠨ᠎ᠠ᠃
ᠦᠭᠡᠢ ᠪᠠᠶᠢᠯᠭᠦᠢ᠂ ᠪᠢ ᠦᠨᠡᠨ ᠣᠯᠵᠤ ᠬᠠᠷᠠᠭᠰᠠᠨ ᠦᠭᠡᠢ ᠶᠤᠮᠴᠢᠨᠢ︕ ᠳᠣᠯᠣᠨᠵᠢᠩ ᠬᠤᠯᠠᠭᠠᠶᠢᠯᠠᠯ᠎ᠠ ᠭᠡᠵᠦ ᠬᠡᠯᠡᠵᠦ ᠴᠢᠳᠠᠨ᠎ᠠ ᠦᠦ ᠶᠠᠮᠠᠷ ᠭᠡᠳ ᠰᠠᠶᠢᠨ᠎ᠠ ᠬᠥᠭᠰᠢᠨ ᠥᠪᠡᠷ ᠢ ᠪᠡᠨ ᠵᠥᠪᠲᠥᠭᠡᠨᠡ᠃
ᠳᠣᠯᠣᠨᠵᠢᠩ ᠮᠠᠨᠠᠶᠢᠬᠢᠨ ᠳᠤ ᠪᠦᠲᠦᠨ ᠰᠦᠨᠢ ᠪᠡᠷ ᠠᠷᠢᠬᠢᠳᠠᠯᠠ ᠭᠡᠳᠡᠭ ᠴᠢᠨᠢ ᠲᠡᠭᠡᠭᠡᠳ ᠦᠨᠡᠨ ᠶᠠᠪᠤᠳᠠᠯ ᠦᠦ︖ ᠭᠡᠳ ᠡᠪᠦᠭᠡᠨ ᠬᠠᠰᠭᠢᠷᠤᠨ᠎ᠠ᠃
ᠦᠭᠡᠢ ᠶᠡᠷᠦᠨᠢ ᠳᠣᠣᠷ᠎ᠠ ᠳᠠᠭᠤᠨ ᠢᠶᠠᠷ ᠶᠠᠷᠢᠵᠤ ᠪᠣᠯᠳᠠᠭ ᠦᠭᠡᠢ ᠨᠢ ᠦᠦ︖ ᠪᠢ ᠥᠨᠡᠨ ᠭᠢᠨᠳᠠᠨ ᠳᠤ ᠰᠠᠭᠤᠴᠢᠬᠠᠪᠠᠯ ᠶᠠᠭᠤ ᠬᠡᠯᠡᠯᠲᠡᠢ ᠪᠢᠯᠡ᠂ ᠪᠦᠷ ᠵᠢᠷᠠ ᠳᠦᠬᠦᠴᠢᠬᠡᠭᠰᠡᠨ ᠬᠦᠮᠦᠨ ᠪᠠᠶᠢᠭᠠᠳ︕ ᠭᠡᠵᠦ ᠬᠣᠭᠣᠯᠠᠢ ᠨᠢ ᠴᠡᠴᠡᠷᠬᠢᠯᠡᠪᠡ᠃ ᠲᠡᠳᠡ ᠬᠣᠶᠠᠭᠤᠯᠠ ᠦᠭᠡ ᠳᠠᠭᠤᠨ ᠦᠭᠡᠢ ᠬᠡᠰᠡᠭ ᠰᠠᠭᠤᠭᠰᠠᠨ ᠢᠶᠠᠨ ᠪᠤᠳᠠᠭ᠎ᠠ ᠴᠤ ᠢᠳᠡᠯ ᠦᠭᠡᠢ ᠰᠢᠷᠡᠭᠡ ᠪᠡᠨ ᠬᠤᠷᠢᠶᠠᠪᠠ᠃
ᠬᠦᠮᠦᠨ ᠭᠡᠭᠴᠢ ᠵᠠᠩᠭᠢᠯᠠᠭ᠎ᠠ ᠶᠢᠨ ᠦᠶ᠎ᠡ ᠳᠦ ᠰᠠᠶ᠋ᠢ ᠵᠢᠩᠭᠢᠨᠢ ᠬᠦᠮᠦᠨ ᠴᠢᠨᠠᠷ ᠢᠶᠠᠨ ᠤᠶᠢᠯᠠᠭᠠᠳᠠᠭ ᠴᠤ ᠴᠢᠮᠤ᠂ ᠵᠢᠷᠭᠠᠯ ᠭᠤᠸᠠᠢ ᠲᠤᠩ ᠰᠠᠳᠭᠢᠯ ᠲᠣᠭᠲᠠᠪᠤᠷᠢ ᠦᠭᠡᠢ ᠣᠷᠣᠨ ᠳᠤ ᠪᠠᠨ ᠣᠪᠣᠯᠵᠠᠭᠠᠳ ᠪᠠᠶᠢᠪᠠ᠃ ᠪᠦᠷᠦᠢ ᠲᠠᠰᠤᠷᠠᠬᠤ ᠦᠶ᠎ᠡ ᠪᠡᠷ ᠳᠣᠯᠣᠨᠵᠢᠩ ᠤᠨ ᠭᠡᠷ ᠲᠦ ᠮᠠᠶᠢᠵᠢᠭᠢᠴᠠᠨ ᠣᠷᠣᠭᠰᠠᠨ ᠬᠦᠭᠰᠢᠨ ᠢᠶᠡᠨ ᠬᠠᠷᠠᠭᠠᠳ ᠵᠢᠷᠭᠠᠯ ᠭᠤᠸᠠᠢ ᠱᠣᠭᠰᠢᠷᠠᠲᠠᠯ᠎ᠠ ᠪᠠᠨ ᠬᠡᠰᠡᠭ ᠤᠬᠢᠯᠠᠭᠰᠠᠨ ᠢᠶᠠᠨ ᠵᠣᠷᠢᠭᠲᠤ ᠶᠢᠨ ᠭᠡᠷ ᠵᠦᠭ ᠬᠣᠷᠳᠤᠯᠠᠨ ᠠᠯᠬᠤᠯᠠᠪᠠ ᠃