-
185863
ᠬᠠᠢᠷ᠎ᠠ ᠪᠢᠯᠬᠠᠬᠰᠠᠨ ᠠᠮᠢᠳᠤᠷᠠᠯ
2020-05-08 16:15
139
0
ᠦᠵᠢᠶᠡᠳ ᠤ᠂ ᠪᠦᠬᠡᠪᠠᠶᠠᠷ
ᠬᠠᠢᠷ᠎ᠠ ᠪᠢᠯᠬᠠᠬᠰᠠᠨ ᠠᠮᠢᠳᠤᠷᠠᠯ
ᠲᠣᠷᠭᠠᠨ ᠲᠤᠯᠤᠭ᠎ᠠ ᠢᠷᠠᠭᠣᠬᠠᠨ ᠡᠭᠡᠰᠢᠭ ᠳᠡᠭᠡᠷ᠎ᠡ ᠪᠦᠵᠢᠭᠯᠡᠨ
ᠲᠤᠬᠯᠠᠵᠦ ᠬᠤᠶᠠᠭᠣᠯᠬᠠᠨ ᠲᠠᠭᠤᠯᠠᠨ ᠲᠠᠭᠤᠯᠠᠶ᠎ᠠ
ᠲᠣᠣᠯᠢ ᠬᠦᠦᠷᠨᠢᠭᠰᠡᠨ ᠵᠦᠴᠦᠭᠡᠳᠦ ᠠᠮᠢᠳᠤᠷᠠᠯ ᠢᠶᠠᠨ ᠵᠢᠷᠣᠬᠯᠠᠨ
ᠲᠡᠯᠡᠬᠡᠢ ᠶᠢ ᠭᠡᠷᠡᠯᠳᠦᠭᠦᠯᠦᠭᠰᠡᠨ ᠨᠠᠷᠠ ᠰᠢᠬ ᠬᠢᠯᠠᠰᠬᠠᠵᠦ ᠶᠠᠪᠣᠶ᠎ᠠ
ᠬᠠᠨᠠᠭᠠᠷ ᠲᠠᠯ᠎ᠠ ᠶᠢᠨ ᠬᠠᠯᠠᠭᠣᠬᠠᠨ ᠰᠠᠯᠬᠢ ᠰᠢᠭ ᠰᠡᠪᠡᠯᠵᠢᠭᠬᠡᠨ
ᠬᠠᠨ ᠬᠣᠷᠸ᠎ᠠ ᠶᠢᠨ ᠴᠡᠴᠡᠭ ᠰᠢᠭ ᠭᠣᠶᠣᠬᠠᠨ ᠠᠮᠢᠳᠤᠷᠠᠶ᠎ᠠ
ᠬᠠᠳᠤᠨ ᠭᠤᠸ᠎ᠠ ᠤᠬᠠᠭᠠᠨ ᠪᠠᠷ ᠴᠢᠨᠢ ᠭᠤᠯᠤᠮᠳᠠ ᠪᠠᠨ ᠴᠠᠬᠢᠯᠠᠵᠦ
ᠬᠠᠢᠷ᠎ᠠ ᠬᠦᠷᠳᠡᠭᠡᠭᠰᠡᠨ ᠵᠦᠭᠡᠯᠡᠨ ᠰᠡᠳᠬᠢᠯ ᠳᠦ ᠴᠢᠨᠢ ᠰᠤᠬᠳᠤᠭᠤᠷᠠᠨ ᠵᠢᠷᠭᠠᠶ᠎ᠠ
2020᠂4᠂1