- •
86056
ᠳᠠᠬᠢᠵᠤ ᠭᠣᠶᠣ ᠡᠮᠡᠭᠲᠡᠢ ᠶᠢ ᠰᠢᠷᠲᠡᠨ᠎ᠡ ᠦᠦ︖
2018-09-28 16:15
369
0
ᠳᠠᠬᠢᠵᠤ ᠭᠣᠶᠣ ᠡᠮᠡᠭᠲᠡᠢ ᠶᠢ ᠰᠢᠷᠲᠡᠨ᠎ᠡ ᠦᠦ︖
ᠠ ᠭᠤᠸᠠᠢ ᠴᠠᠬᠢᠯᠭᠠᠨ ᠱᠠᠲᠤᠨ ᠳᠣᠲᠣᠷ᠎ᠠ ᠨᠢᠭᠡᠨ ᠭᠣᠶᠣ ᠡᠮᠡᠭᠲᠡᠢ ᠶᠢ ᠨᠢᠳᠦ ᠲᠠᠯᠪᠢᠯ ᠦᠭᠡᠢ ᠰᠢᠷᠲᠡᠵᠦ ᠪᠠᠶᠢᠬᠤ ᠶᠢ ᠡᠬᠡᠨᠡᠷ ᠨᠢ ᠣᠯᠵᠤ ᠬᠠᠷᠠᠭᠠᠳ ᠮᠠᠰᠢ ᠳᠤᠷ᠎ᠠ ᠦᠭᠡᠶᠢᠴᠡᠪᠡ᠃
ᠭᠡᠨᠡᠳᠲᠡ ᠲᠡᠷᠡ ᠡᠮᠡᠭᠲᠡᠢ ᠤᠷᠪᠠᠵᠤ ᠬᠠᠷᠠᠮᠠᠭᠴᠠ ᠠ ᠭᠤᠸᠠᠢ ᠶᠢ ᠬᠦᠴᠦᠲᠡᠶᠢᠬᠡᠨ ᠲᠦᠭᠦᠰᠢᠯᠡᠭᠡᠳ᠄︽ᠪᠢ ᠴᠢᠮ᠎ᠠ ᠳᠤ ᠰᠡᠷᠡᠮᠵᠢᠯᠡᠭᠦᠯᠦᠶ᠎ᠡ᠂ ᠳᠠᠬᠢᠵᠤ ᠪᠢᠲᠡᠭᠡᠢ ᠡᠮᠡᠭᠲᠡᠢ ᠬᠥᠮᠥᠨ ᠳᠦ ᠣᠶᠢᠷᠠᠲᠤᠭᠰᠠᠭᠠᠷ ᠲᠡᠮᠲᠡᠷᠢᠵᠦ ᠲᠡᠭᠦᠭᠡᠳ ᠪᠠᠢ︕︾ ᠭᠡᠵᠦ ᠬᠡᠯᠡᠭᠡᠳ ᠴᠢᠨᠠᠭᠰᠢ ᠰᠢᠯᠵᠢᠪᠡ᠃
ᠴᠠᠬᠢᠯᠭᠠᠨ ᠱᠠᠲᠤᠨ ᠠᠴᠠ ᠪᠠᠭᠤᠭᠰᠠᠨ ᠤ ᠳᠠᠷᠠᠭ᠎ᠠ ᠠ ᠭᠤᠸᠠᠢ᠄ ︽ ᠪᠢ ᠦᠨᠡᠨ ᠲᠡᠷᠡ ᠡᠮᠡᠭᠲᠡᠢ ᠶᠢ ᠲᠡᠮᠲᠡᠷᠢᠭᠰᠡᠨ ᠦᠭᠡᠢ ᠰᠢᠦ︾ ᠭᠡᠵᠦ ᠡᠬᠡᠨᠡᠷ ᠲᠡᠬᠡᠨ ᠴᠠᠭᠠᠪᠤᠷᠯᠠᠵᠤ ᠭᠣᠮᠣᠳᠠᠯᠲᠠᠶᠢᠬᠠᠨ ᠬᠡᠯᠡᠪᠡ᠃
ᠡᠬᠡᠨᠡᠷ ᠨᠢ᠄ ︽ ᠪᠢ ᠮᠡᠳᠡᠵᠦ ᠪᠠᠶᠢᠨ᠎ᠠ᠃ ᠪᠢ ᠲᠡᠭᠦᠨ ᠢ ᠲᠡᠮᠲᠡᠷᠢᠬᠦ ᠳᠦ ᠲᠡᠷᠡ ᠴᠢᠮ᠎ᠠ ᠶᠢ ᠲᠦᠭᠦᠰᠢᠯᠡᠭᠰᠡᠨ ᠶᠤᠮ᠂ ᠳᠠᠬᠢᠵᠤ ᠭᠣᠶᠣ ᠡᠮᠡᠭᠲᠡᠢ ᠶᠢ ᠰᠢᠷᠲᠡᠨ᠎ᠡ ᠦᠦ︖︾ ᠬᠡᠮᠡᠨ ᠬᠡᠯᠡᠭᠰᠡᠨ ᠭᠡᠨ᠎ᠡ᠃