 

ᠦᠨᠢᠶᠠᠨ  ᠤ ᠲᠠᠯᠠᠩ  ᠤᠨ ᠭᠡᠮ  ᠢ ᠰᠡᠷᠭᠡᠶᠢᠯᠡᠨ ᠵᠠᠰᠠᠬᠤ

2019-05-20 15:52
  238
  0
ᠦᠨᠢᠶᠠᠨ  ᠤ ᠲᠠᠯᠠᠩ  ᠤᠨ ᠭᠡᠮ  ᠢ ᠰᠡᠷᠭᠡᠶᠢᠯᠡᠨ ᠵᠠᠰᠠᠬᠤ
   ᠨᠢᠭᠡ᠂ ᠲᠡᠯᠡᠩ  ᠤᠨ ᠦᠷᠪᠢᠰᠦᠯ᠄ ᠡᠨᠡ ᠪᠤᠯ ᠹᠢᠽᠢᠺ ᠭᠢᠮᠢ ᠪᠠ ᠠᠮᠢᠳᠤ ᠪᠤᠳᠠᠰ  ᠤᠨ ᠰᠤᠳᠤᠯᠤᠯ  ᠤᠨ ᠦᠢᠯᠡᠳᠦᠯ ᠠᠴᠠ
ᠡᠭᠦᠰᠳᠡᠭ ᠰᠦᠨ  ᠤ ᠪᠤᠯᠴᠢᠷᠬᠠᠢ  ᠶᠢᠨ ᠦᠷᠪᠢᠰᠦᠯ ᠭᠡᠮ ᠪᠤᠯᠬᠤ ᠪᠦᠭᠡᠳ ᠮᠢᠬᠠᠨ ᠦᠭᠡᠷ ᠪᠤᠶᠤ ᠭᠦᠯᠦᠰᠢᠨ ᠦᠭᠡᠷ  ᠢ ᠪᠤᠳᠤᠪᠠᠯ ᠦᠨᠢᠶᠠᠨ ᠳᠤ ᠭᠡᠮᠨᠡᠭᠦ ᠭᠡᠮᠵᠢᠶ᠎ᠠ ᠪᠠᠷ ᠨᠡᠯᠢᠶᠡᠳ ᠦᠨᠳᠤᠷ ᠪᠠᠶᠢᠳᠠᠭ᠃ ᠭᠡᠮᠨᠡᠭᠰᠡᠨ ᠶᠠᠪᠤᠴᠠ  ᠶᠢ ᠦᠨᠳᠦᠰᠦᠯᠡᠨ ᠪᠠᠰᠠ ᠲᠦᠷᠭᠡᠨ ᠴᠢᠨᠠᠷᠳᠠᠢ ᠪᠤᠶᠤ ᠤᠳᠠᠭᠠᠨ ᠴᠢᠨᠠᠷᠳᠠᠢ ᠲᠠᠯᠠᠩ  ᠤᠨ ᠦᠷᠪᠢᠰᠦᠯ ᠭᠡᠵᠤ ᠬᠤᠪᠢᠶᠠᠳᠠᠭ᠃ ᠲᠤᠰ ᠭᠡᠮ  ᠢ ᠤᠷᠢᠳᠴᠢᠯᠠᠨ ᠰᠡᠷᠭᠡᠶᠢᠯᠡᠭᠦ ᠲᠠᠯ᠎ᠠ ᠪᠠᠷ ᠲᠠᠯᠠᠩ  ᠤᠨ ᠦᠷᠪᠢᠰᠦᠯ ᠪᠤᠯᠬᠤ  ᠶᠢ ᠠᠩᠬᠠᠷᠤᠨ᠎ᠠ᠃
    ︵1︶ ᠰᠠᠭᠠᠬᠤ ᠠᠴᠠ ᠡᠮᠦᠨ᠎ᠠ᠂ ᠦᠨᠢᠶᠠᠨ  ᠤ ᠲᠠᠯᠠᠩ  ᠢ ᠪᠦᠯᠢᠶᠠᠨ ᠤᠰᠤ ᠪᠠᠷ ᠴᠡᠪᠡᠷᠯᠡᠨ ᠤᠭᠢᠶᠠᠵᠤ ᠠᠷᠴᠢᠬᠤ ᠪᠦᠭᠡᠳ ᠬᠠᠯᠠᠭᠤᠨ ᠤᠰᠤᠨ  ᠤ ᠱᠠᠪᠰᠢᠯᠭ᠎ᠠ ᠭᠢᠵᠤ ᠢᠯᠢᠨ᠎ᠠ᠃
    ︵2︶ ᠦᠭᠡᠷ  ᠤᠨ ᠬᠠᠰᠢᠶ᠎ᠠ᠂ ᠭᠡᠪᠳᠡᠷᠢ  ᠶᠢ ᠴᠠᠪᠠᠷ ᠪᠠᠶᠢᠯᠭᠠᠵᠤ᠂ ᠲᠤᠠᠠᠳ᠋ᠬᠠᠰᠠᠨ ᠬᠤᠭᠤᠴᠠᠭ᠎ᠠ ᠲᠠᠢ ᠪᠠᠷ ᠠᠷᠢᠭᠤᠳᠬᠠᠨ ᠪᠠᠺᠲ᠋ᠧᠷᠢ ᠤᠰᠠᠳᠬᠠᠬᠤ ᠭᠡᠷᠡᠭᠳᠡᠢ᠃
    ︵3︶ ᠰᠠᠭᠠᠯᠢᠴᠢᠨ  ᠤ ᠬᠤᠶᠠᠷ ᠭᠠᠷ᠂ ᠰᠦ ᠰᠠᠭᠠᠬᠤ ᠮᠠᠰᠢᠨ ᠵᠡᠷᠭᠡ  ᠶᠢ ᠡᠷᠭᠡᠪᠰᠢ ᠴᠡᠪᠡᠷᠯᠡᠨ ᠠᠷᠢᠭᠤᠳᠬᠠᠵᠤ᠂ ᠰᠦ ᠰᠠᠭᠠᠬᠤ ᠭᠦᠴᠤ  ᠶᠢ ᠵᠢᠭᠳᠡ ᠪᠠᠶᠢᠯᠭᠠᠨ᠎ᠠ᠃
    ︵4︶ ᠵᠤᠭᠢᠰᠳᠠᠢ ᠦᠶ᠎ᠠ ᠳᠤ ᠦᠨᠢᠶᠠᠨ  ᠤ ᠰᠠᠭᠠᠯᠢ  ᠶᠢ ᠵᠤᠠᠠᠰᠤᠭᠠᠵᠤ᠂ ᠰᠠᠭᠠᠯᠢ ᠵᠤᠠᠠᠰᠤᠠᠠᠰᠠᠨ  ᠤ ᠲᠠᠷᠠᠭ᠎ᠠ ᠲᠠᠯᠠᠩ  ᠤᠨ ᠲᠡᠯᠡᠭᠦ ᠪᠡ ᠠᠪᠴᠢᠬᠤ ᠪᠠᠶᠢᠳᠠᠯ  ᠢ ᠠᠩᠬᠠᠷᠤᠨ᠎ᠠ᠃
    ︵5︶ ᠰᠠᠭᠠᠯᠢ ᠵᠤᠠᠠᠰᠤᠠᠠᠰᠠᠨ  ᠤ ᠰᠡᠭᠦᠯᠴᠢ  ᠶᠢᠨ ᠬᠤᠭᠤᠴᠠᠭ᠎ᠠ ᠪᠠ ᠲᠤᠭᠤᠯᠯᠠᠬᠤ ᠠᠴᠠ ᠡᠮᠦᠨ᠎ᠠ᠂ ᠤᠨᠴᠠᠭᠠᠶᠢᠯᠠᠨ ᠲᠠᠯᠠᠩ ᠨᠢ ᠢᠯᠡᠷᠭᠡᠢ ᠲᠤᠮᠤᠷᠠᠬᠤ ᠦᠶ᠎ᠠ ᠳᠤ ᠰᠢᠭᠦᠰᠦᠯᠢᠭ ᠪᠤᠷᠳᠤᠭ᠎ᠠ ᠭᠢᠭᠡᠳ ᠨᠠᠷᠢᠯᠢᠭ ᠪᠤᠷᠳᠤᠭ᠎ᠠ  ᠶᠢᠨ ᠲᠡᠵᠢᠭᠡᠭᠦ ᠭᠡᠮᠵᠢᠶ᠎ᠠ  ᠶᠢ ᠪᠠᠭᠠᠰᠬᠠᠨ᠎ᠠ᠃
    ︵6︶ ᠵᠠᠷᠢᠮ ᠬᠠᠯᠳᠠᠪᠤᠷᠢᠳᠤ ᠭᠡᠮ ᠭᠢᠵᠢᠭ᠂ ᠬᠤᠳᠤᠭᠤᠳᠤ ᠭᠡᠳᠡᠰᠤᠨ  ᠤ ᠭᠡᠮ ᠭᠢᠭᠡᠳ ᠮᠠᠰᠢᠨ  ᠢᠶᠠᠷ ᠰᠠᠭᠠᠬᠤ ᠵᠡᠷᠭᠡ ᠶᠠᠪᠤᠴᠠ ᠳᠤ ᠲᠠᠯᠠᠩ  ᠤᠨ ᠦᠷᠪᠢᠰᠦᠯ ᠡᠭᠦᠰᠭᠦ  ᠶᠢ ᠴᠢᠩᠭ᠎ᠠ ᠰᠡᠷᠭᠡᠶᠢᠯᠡᠭᠦ ᠭᠡᠷᠡᠭᠳᠡᠢ᠃
   ᠡᠮᠨᠡᠨ ᠵᠠᠰᠠᠬᠤ ᠲᠠᠯ᠎ᠠ ᠪᠠᠷ ᠡᠪᠡᠳᠴᠢᠨ ᠡᠭᠦᠰᠭᠡᠭᠴᠢ  ᠶᠢ ᠠᠷᠢᠯᠭᠠᠵᠤ᠂ ᠭᠡᠮ ᠭᠢᠵᠢᠭ ᠡᠭᠦᠰᠴᠤ ᠲᠡᠯᠭᠡᠷᠡᠭᠦ  ᠶᠢ ᠬᠤᠷᠢᠠᠠᠯᠠᠨ᠂
ᠦᠷᠪᠢᠰᠦᠯ  ᠤᠨ ᠶᠠᠪᠤᠴᠠ  ᠶᠢ ᠭᠢᠵᠠᠭᠠᠷᠯᠠᠵᠤ᠂ ᠪᠦᠭᠦ ᠪᠡᠶ᠎ᠠ ᠪᠢᠯᠳᠠᠷ  ᠤᠨ ᠪᠠᠶᠢᠳᠠᠯ  ᠢ ᠰᠠᠶᠢᠵᠢᠷᠠᠭᠤᠯᠬᠤ ᠭᠡᠷᠡᠭᠳᠡᠢ᠃ 
    ︵1︶ ᠲᠡᠯᠡᠩ  ᠤᠨ ᠲᠠᠷᠢᠯᠭ᠎ᠠ ᠲᠠᠷᠢᠬᠤ ᠠᠷᠭ᠎ᠠ᠄ ᠭᠡᠮᠡᠨᠡᠭᠰᠡᠨ ᠲᠠᠯᠠᠩ  ᠤᠨ ᠰᠦ  ᠶᠢ ᠰᠠᠭᠠᠠᠠᠰᠠᠨ  ᠤ ᠲᠠᠷᠠᠭ᠎ᠠ᠂ 50 ~ 100 ᠮᠢᠯᠢᠯᠢᠲᠷ  ᠤᠨ ᠹᠢᠽᠢᠯᠤᠭᠢ  ᠶᠢᠨ ᠲᠠᠪᠤᠰᠤᠨ ᠤᠰᠤ ᠪᠤᠶᠤ 0.25%  ᠶᠢᠨ ᠲᠠᠪᠤᠰᠤᠨ ᠭᠦᠴᠢᠯ  ᠤᠨ ᠫᠷᠤᠺᠠᠶ᠋ᠢᠨ  ᠢ ᠴᠢᠩ ᠯᠢᠶᠠᠨ ᠮᠸᠢ ᠰᠤ᠋ ᠲᠠᠢ ᠲᠤᠰᠪᠤᠷᠢ 200 ᠲᠦᠮᠡᠨ ᠨᠢᠭᠡᠴᠢ ᠪᠠᠷ ᠬᠤᠯᠢᠵᠤ ᠲᠠᠮᠵᠢᠭᠤᠯᠤᠠᠠᠴᠢ ᠴᠤᠷᠭᠤ ᠳᠤᠨᠢ ᠲᠠᠷᠢᠯᠭ᠎ᠠ ᠲᠠᠷᠢᠨ᠎ᠠ᠃ ᠭᠦᠭᠦᠠᠴᠢᠷ ᠭᠢᠭᠡᠳ ᠰᠦᠨ  ᠤ ᠲᠠᠮᠵᠢᠭᠤᠯᠤᠠᠠᠴᠢ ᠴᠤᠷᠭᠤ  ᠶᠢ ᠨᠠᠷᠢᠨ ᠭᠢᠨᠠᠮᠠᠭᠠᠢ ᠠᠷᠢᠭᠤᠳᠬᠠᠪᠠᠯ ᠵᠤᠭᠢᠨ᠎ᠠ᠃ ᠡᠳᠤᠷ ᠲᠤ 1 ᠤᠳᠠᠭ᠎ᠠ ᠲᠠᠷᠢᠯᠭ᠎ᠠ ᠲᠠᠷᠢᠠᠠᠰᠠᠨ  ᠤ ᠲᠠᠷᠠᠭ᠎ᠠ ᠲᠠᠯᠠᠩ ᠢ ᠭᠦᠡᠭᠭᠡᠭᠡᠨ ᠢᠯᠢᠵᠤ ᠡᠮ  ᠢ ᠨᠢ ᠲᠠᠷᠠᠬᠭᠠᠬᠤ ᠭᠡᠷᠡᠭᠳᠡᠢ᠃
    ︵2︶ ᠲᠡᠯᠡᠩ  ᠤᠨ ᠤᠭ  ᠤᠨ ᠭᠡᠰᠡᠭ  ᠢ ᠪᠢᠳᠡᠭᠦᠮᠵᠢᠯᠡᠨ ᠡᠮᠴᠢᠯᠡᠭᠦ ᠠᠷᠭ᠎ᠠ᠄ ᠪᠢᠳᠡᠭᠦᠮᠵᠢᠯᠡᠭᠦ ᠵᠡᠭᠦᠤ  ᠶᠢ ᠲᠡᠯᠡᠩ  ᠤᠨ ᠭᠡᠰᠡᠭ ᠭᠢᠭᠡᠳ ᠭᠡᠪᠡᠯᠢ  ᠶᠢᠨ ᠬᠠᠨ᠎ᠠ  ᠶᠢᠨ ᠬᠤᠭᠤᠷᠤᠨᠳᠤ 8 ~ 10 ᠰᠠᠠᠲ᠋ᠢᠮᠧᠲᠷ ᠭᠦᠨ ᠬᠠᠳᠬᠤᠨ᠎ᠠ᠂ ᠲᠡᠭᠡᠭᠡᠳ ᠴᠢᠩ ᠯᠢᠶᠠᠨ ᠮᠸᠢ ᠰᠤ᠋  ᠶᠢ ᠲᠤᠰᠪᠤᠷᠢ 200 ᠲᠦᠮᠡᠨ ᠨᠢᠭᠡᠴᠢ᠂ 0.25% ~ 0.5%  ᠶᠢᠨ ᠲᠠᠪᠤᠰᠤᠨ ᠭᠦᠴᠢᠯ  ᠤᠨ ᠫᠷᠤᠺᠠᠶ᠋ᠢᠨ  ᠢ 150 ~ 200 ᠮᠢᠯᠢᠯᠢᠲᠷ  ᠢᠶᠠᠷ ᠡᠳᠤᠷ ᠠᠯᠤᠰᠯᠠᠭᠠᠳ ᠨᠢᠭᠡ ᠤᠳᠠᠭ᠎ᠠ ᠲᠠᠷᠢᠯᠭ᠎ᠠᠲᠠᠷᠢᠨ᠎ᠠ᠃ 
    ︵3︶ ᠪᠡᠶ᠎ᠠ  ᠶᠢᠨ ᠬᠠᠯᠠᠭᠤᠨ ᠲᠡᠭᠡᠭᠰᠢᠯᠡᠭᠦ ᠦᠶ᠎ᠠ ᠳᠤ᠂ ᠪᠤᠯᠴᠢᠩ ᠳᠤᠨᠢ ᠴᠢᠩ ᠯᠢᠶᠠᠨ ᠮᠸᠢ ᠰᠤ᠋ ᠪᠤᠶᠤ ᠺᠠᠨᠠᠮᠢᠰᠤ᠂ ᠰᠢᠨᠠᠮᠢᠰᠤ ᠵᠡᠷᠭᠡ ᠲᠠᠷᠢᠯᠭ᠎ᠠ ᠲᠠᠷᠢᠨ᠎ᠠ᠃
    ︵4︶ ᠪᠠᠯᠴᠢᠷ  ᠤᠨ ᠲᠠᠷᠢᠯᠭ᠎ᠠ ᠲᠠᠷᠢᠬᠤ ᠠᠷᠭ᠎ᠠ᠄ ᠲᠤᠤᠷᠠᠭᠢ ᠨᠠᠶᠢᠷᠠᠯᠭᠠᠳᠤ ᠵᠤᠷ  ᠢᠶᠠᠷ ᠬᠤᠰᠭᠢᠨᠠᠭ  ᠤᠨ ᠲᠡᠭᠡᠳᠤ ᠬᠤᠨᠭ᠍ᠬᠤᠷ ᠤᠨ ᠪᠠᠯᠴᠢᠷ ᠲᠤ ᠲᠠᠷᠢᠯᠭ᠎ᠠ ᠲᠠᠷᠢᠨ᠎ᠠ᠂ ᠡᠳᠤᠷ ᠲᠤ 1 ᠤᠳᠠᠭ᠎ᠠ ᠲᠠᠷᠢᠨ᠎ᠠ᠂ ᠴᠢᠩ ᠮᠸᠢ ᠰᠤ᠋  ᠶᠢ 320 ᠲᠦᠮᠡᠨ ᠨᠢᠭᠡᠴᠢ᠂ ᠯᠢᠶᠠᠨ ᠮᠸᠢ ᠰᠤ᠋  ᠶᠢ 200 ᠲᠦᠮᠡᠨ ᠨᠢᠭᠡᠴᠢ ︵ᠪᠤᠶᠤ ᠴᠢᠩ ᠳ᠋ᠠ ᠮᠸᠢ ᠰᠤ᠋  ᠶᠢ 80 ᠲᠦᠮᠡᠨ ᠨᠢᠭᠡᠴᠢ︶᠂ 10 ᠮᠢᠯᠢᠯᠢᠲᠷ 2%  ᠤᠨ ᠫᠷᠤᠺᠠᠶ᠋ᠢᠨ  ᠢ 40 ~60 ᠮᠢᠯᠢᠯᠢᠲᠷ  ᠤᠨ ᠲᠠᠷᠢᠯᠭ᠎ᠠ  ᠶᠢᠨ ᠤᠰᠤᠨ ᠳᠤ ᠬᠤᠯᠢᠵᠤ ᠨᠢᠭᠡ ᠤᠳᠠᠭ᠎ᠠ ᠳᠤ ᠲᠠᠷᠢᠯᠭ᠎ᠠ ᠲᠠᠷᠢᠨ᠎ᠠ᠃
    ︵5︶ ᠪᠠᠰᠠ ᠡᠪᠡᠰᠤᠨ ᠡᠮ᠂ ᠭᠤᠸ᠎ᠠ ᠬᠠᠳᠠᠭᠠᠮᠠᠯ  ᠤᠨ ᠰᠢᠪᠡᠭᠡ ᠲᠦᠷᠦᠭᠦᠤ  ᠶᠢᠨ ᠱᠦᠯᠤ ᠪᠠ ᠦᠷᠪᠢᠰᠦᠯ ᠠᠷᠢᠯᠭᠠᠬᠤ ᠡᠮ ᠢ ᠪᠠᠭ᠎ᠠ ᠰᠠᠭ᠎ᠠ ᠬᠤᠯᠢᠨ ᠦᠭᠴᠤ ᠪᠤᠯᠤᠨ᠎ᠠ᠃
    ᠬᠤᠶᠠᠷ᠂ ᠲᠠᠯᠠᠩ  ᠤᠨ ᠤᠰᠤᠨ ᠬᠠᠪᠤᠳᠠᠷ᠂ ᠡᠨᠡ ᠭᠡᠮ ᠭᠤᠤᠯᠳᠠᠭᠤ ᠤᠯᠠᠩᠭᠢ ᠦᠨᠢᠶᠡᠨ  ᠤ ᠰᠠᠪᠡᠨ ᠳᠠᠬᠢ ᠴᠢᠰᠤ ᠨᠢ ᠶᠡᠭᠡ
ᠭᠡᠮᠵᠢᠶ᠎ᠠ ᠪᠠᠷ ᠲᠠᠯᠠᠩ ᠳᠤᠨᠢ ᠬᠤᠷᠠᠬᠤ ᠪᠤᠶᠤ ᠡᠭᠢᠨ  ᠤ ᠬᠤᠭᠤᠴᠠᠭᠠᠨ ︵ᠤᠨᠴᠠᠭᠠᠶᠢᠯᠠᠨ ᠦᠨᠳᠤᠷ ᠭᠠᠷᠤᠯᠳᠠ ᠲᠠᠢ ᠰᠠᠭᠠᠯᠢ  ᠶᠢᠨ ᠦᠨᠢᠶ᠎ᠠ︶ ᠳᠤ ᠲᠠᠯᠠᠩ  ᠤᠨ ᠨᠠᠮᠵᠢᠭᠤᠨ ᠰᠤᠳᠠᠯ  ᠤᠨ ᠲᠠᠷᠤᠯᠳᠠ ᠠᠴᠠ ᠪᠤᠯᠵᠤ ᠭᠡᠮᠨᠡᠨ ᠡᠭᠦᠰᠳᠡᠭ ᠪᠠᠶᠢᠨ᠎ᠠ᠃ ᠡᠭᠦᠨ ᠳᠤ ᠲᠠᠯᠠᠩ  ᠤᠨ ᠠᠷᠠᠰᠤ ᠴᠢᠩᠭᠠᠷᠠᠵᠤ ᠤᠯᠠᠶᠢᠨ᠎ᠠ᠂ ᠲᠠᠷᠤᠵᠤ ᠦᠵᠡᠭᠦ ᠳᠤ ᠡᠪᠡᠳᠭᠦ ᠦᠭᠡᠢ ᠪᠦᠭᠡᠳ ᠬᠤᠷᠤᠭᠤᠨ  ᠤ ᠤᠷᠤ ᠯᠡ ᠦᠯᠡᠳᠡᠨ᠎ᠡ᠃ ᠵᠠᠷᠢᠮ ᠨᠢ ᠲᠠᠮᠡᠢ ᠤᠳᠠᠯ ᠦᠭᠡᠢ ᠦᠪᠡᠰᠦᠪᠡᠨ ᠡᠳᠡᠭᠡᠷᠡᠴᠢᠭᠡᠳᠡᠭ᠂ ᠴᠦᠭᠡᠪᠤᠷᠢ ᠭᠡᠳᠤ ᠨᠢ ᠪᠠᠰᠠ ᠰᠢᠷ᠎ᠠ ᠤᠰᠤᠨ  ᠤ ᠴᠢᠨᠠᠷᠳᠠᠢ ᠲᠠᠯᠠᠩ  ᠶᠢᠨ ᠦᠷᠪᠢᠰᠦᠯ ᠪᠤᠯᠬᠤ ᠪᠤᠶᠤ ᠲᠠᠯᠠᠩ  ᠤᠨ ᠠᠷᠠᠰᠤ ᠨᠢ ᠦᠭᠦᠵᠢᠳᠡᠭ᠃ ᠲᠡᠭᠡᠭᠡᠳ ᠰᠦ ᠱᠦᠭᠦᠷᠡᠭᠦᠯᠭᠦ ᠭᠡᠮᠵᠢᠶ᠎ᠠ ᠨᠢ ᠪᠠᠭᠠᠰᠤᠨ᠎ᠠ᠃
    ᠰᠠᠷᠭᠡᠶᠢᠯᠡᠨ ᠵᠠᠰᠠᠬᠤ᠄ ᠲᠤᠭᠤᠯᠯᠠᠬᠤ ᠠᠴᠠ ᠨᠢᠭᠡ ᠰᠠᠷ᠎ᠠ  ᠶᠢᠨ ᠡᠮᠦᠨ᠎ᠠ ᠪᠤᠯᠬᠤ  ᠶᠢᠨ ᠲᠤᠳᠤᠷ᠎ᠠ ᠪᠠᠭ᠎ᠠ ᠰᠠᠭ᠎ᠠ ᠨᠠᠷᠢᠯᠢᠭ
ᠪᠤᠷᠳᠤᠭ᠎ᠠ ᠦᠭᠴᠤ᠂ ᠵᠤᠭᠢᠰᠳᠠᠢ ᠭᠦᠳᠡᠯᠭᠡᠭᠡᠨ ᠭᠢᠯᠭᠡᠭᠦ ᠭᠡᠷᠡᠭᠳᠡᠢ᠃ ᠤᠰᠤᠨ ᠬᠠᠪᠤᠳᠠᠷ ᠨᠢ ᠪᠠᠭ᠎ᠠ ᠪᠠᠶᠢᠬᠤ ᠦᠶᠡᠰ ᠬᠠᠯᠠᠭᠤᠨ ᠤᠰᠤᠨ ᠰᠠᠪᠰᠢᠯᠭ᠎ᠠ
᠎ ᠶᠢ ᠡᠳᠤᠷ ᠲᠤ ᠭᠡᠳᠤ ᠤᠳᠠᠭ᠎ᠠ ᠭᠢᠵᠤ ᠪᠤᠯᠤᠨ᠎ᠠ᠃ ᠦᠨᠳᠤᠷ ᠭᠠᠷᠤᠯᠳᠠ ᠲᠠᠢ ᠰᠠᠭᠠᠯᠢ  ᠶᠢᠨ ᠦᠨᠢᠶᠠᠨ ᠳᠤ ᠡᠳᠤᠷ ᠪᠦᠷᠢ  ᠶᠢᠨ ᠰᠦ ᠰᠠᠭᠠᠬᠤ ᠤᠳᠠᠭ᠎ᠠ  ᠶᠢ ᠨᠡᠮᠡᠭᠳᠡᠭᠦᠯᠵᠤ᠂ ᠭᠦᠨᠳᠦᠷᠡᠭᠦ ᠦᠶᠡᠰ ᠡᠮ ᠦᠭᠴᠤ ᠡᠮᠨᠡᠵᠤ ᠪᠤᠯᠤᠨ᠎ᠠ᠂ ᠵᠢᠱᠢᠶᠡᠯᠡᠪᠡᠯ ᠲᠠᠪᠤᠰᠤᠨ  ᠤ ᠲᠦᠷᠦᠯ  ᠤᠨ ᠲᠤᠭᠤᠯᠭᠠᠬᠤ ᠡᠮ᠂ ᠰᠢᠭᠡᠰᠤ ᠰᠠᠶᠢᠵᠢᠷᠠᠭᠤᠯᠬᠤ ᠡᠮ ᠪᠤᠯᠤᠨ ᠵᠢᠷᠦᠭᠡ ᠲᠠᠮᠢᠷᠵᠢᠭᠤᠯᠬᠤ ᠡᠮ ᠵᠡᠷᠭᠡ  ᠶᠢ ᠭᠡᠷᠡᠭᠯᠡᠵᠤ ᠪᠤᠯᠤᠨ᠎ᠠ᠃
 



  
     
     