-
2076988
ᠦᠬᠡᠷ ᠤᠨ ᠪᠠᠶᠢᠡᠭᠭᠤ ᠬᠡᠷᠡᠭᠯᠡᠳᠡᠭ ᠲᠡᠵᠢᠭᠡᠯ ᠪᠤᠷᠳᠤᠭ᠎ᠠ ᠵᠢᠴᠢ ᠨᠠᠶᠢᠷᠠᠭᠤᠯᠬᠤ ᠠᠷᠭ᠎ᠠ
2019-05-20 15:45
398
0
ᠨᠢᠭᠡ᠂ ᠮᠢᠬᠠᠨ ᠤ ᠦᠬᠡᠷ ᠤᠨ ᠪᠠᠶᠢᠡᠭᠭᠤ ᠬᠡᠷᠡᠭᠯᠡᠳᠡᠭ ᠲᠡᠵᠢᠭᠡᠯ ᠪᠤᠷᠳᠤᠭ᠎ᠠ ᠶᠢ ᠪᠦᠲᠦᠭᠦᠯᠢᠭ ᠪᠤᠷᠳᠤᠭ᠎ᠠ᠂ ᠬᠦᠬᠡ ᠪᠤᠷᠳᠤᠭ᠎ᠠ᠂ ᠬᠦᠬᠡ
ᠳᠠᠷᠤᠰᠢ ᠪᠤᠷᠳᠤᠭ᠎ᠠ᠂ ᠡᠨᠧᠷᠬᠢᠳᠤ ᠪᠤᠷᠳᠤᠭ᠎ᠠ᠂ ᠤᠭᠤᠷᠠᠭᠳᠤ ᠪᠤᠷᠳᠤᠭ᠎ᠠ᠂ ᠡᠷᠦᠳᠡᠰᠦ ᠪᠤᠷᠳᠤᠭ᠎ᠠ᠂ ᠸᠢᠲ᠋ᠠᠮᠢᠨ ᠪᠤᠷᠳᠤᠭ᠎ᠠ ᠪᠤᠯᠤᠨ ᠨᠡᠮᠡᠯᠳᠡ ᠡᠳ᠋ ᠭᠡᠵᠦ ᠬᠤᠪᠢᠶᠠᠳᠠᠭ᠃ ᠪᠦᠲᠦᠭᠦᠯᠢᠭ ᠪᠤᠷᠳᠤᠭᠠᠨ ᠳᠤ ᠬᠠᠭᠤᠷᠠᠢ ᠡᠪᠡᠰᠦ᠂ ᠲᠠᠷᠢᠶᠠᠯᠠᠩ ᠤᠨ ᠲᠤᠰᠠᠯᠠᠬᠤ ᠪᠦᠲᠦᠭᠡᠭᠳᠡᠭᠦᠨ ᠪᠠᠶᠢᠳᠠᠭ᠂ ᠵᠢᠱᠢᠶᠡᠯᠡᠪᠡᠯ ᠡᠰᠢ ᠰᠦᠷᠡᠯ᠂ ᠲᠤᠳᠤᠷᠭᠠᠨ ᠡᠪᠡᠰᠦ᠂ ᠮᠤᠳᠤᠨ ᠨᠠᠪᠴᠢ ᠵᠡᠷᠭᠡ᠃ ᠬᠦᠬᠡ ᠪᠤᠷᠳᠤᠭ᠎ᠠ ᠳᠤ ᠭᠡᠭᠡᠷ᠎ᠡ ᠶᠢᠨ ᠡᠪᠡᠰᠦ᠂ ᠭᠡᠭᠡᠷ᠎ᠡ ᠶᠢᠨ ᠨᠤᠭᠤᠭ᠎ᠠ᠂ ᠮᠤᠳᠤᠨ ᠨᠠᠪᠴᠢᠨ ᠤ ᠲᠦᠷᠦᠯ ᠬᠢᠭᠡᠳ ᠴᠠᠷᠳᠠᠭᠤᠯ ᠤᠨ ᠡᠳ᠋ ᠦᠭᠡᠢ ᠲᠦᠮᠦᠰᠦᠯᠢᠭ ᠦᠨᠳᠦᠰᠦ ᠲᠦᠮᠦᠰᠦᠯᠢᠭ ᠡᠰᠢ ᠵᠡᠷᠭᠡ ᠬᠦᠬᠡ ᠨᠤᠭᠤᠭᠠᠨ ᠤᠷᠭᠤᠮᠠᠯ ᠪᠠᠭᠳᠠᠵᠤ ᠪᠤᠢ᠂ ᠡᠳᠡᠭᠡᠷ ᠤᠨ ᠪᠠᠶᠢᠭᠠᠯᠢ ᠶᠢᠨ ᠤᠰᠤᠨ ᠤ ᠠᠭᠤᠯᠤᠭᠳᠠᠴᠠ ᠨᠢ 60% ᠠᠴᠠ ᠳᠡᠭᠡᠭᠰᠢ ᠪᠠᠶᠢᠳᠠᠭ᠃ ᠬᠦᠬᠡ ᠳᠠᠷᠤᠰᠢ ᠪᠤᠷᠳᠤᠭ᠎ᠠ ᠪᠤᠯ ᠪᠠᠶᠢᠭᠠᠯᠢ ᠶᠢᠨ ᠤᠷᠭᠤᠮᠠᠯᠯᠢᠭ ᠪᠤᠷᠳᠤᠭ᠎ᠠ ᠶᠢ ᠬᠦᠬᠡ ᠪᠠᠷ ᠨᠢ ᠳᠠᠷᠤᠰᠢᠭᠤᠯᠬᠤ ᠠᠷᠭ᠎ᠠ ᠪᠠᠷ ᠳᠠᠷᠤᠵᠤ ᠬᠠᠳᠠᠭᠠᠯᠠᠭᠰᠠᠨ ᠪᠦᠭᠡᠳ ᠵᠤᠬᠢᠬᠤ ᠬᠡᠮᠵᠢᠶᠡᠨ ᠤ ᠠᠭ᠎ᠠ ᠬᠡᠪᠡᠭ ᠤᠨ ᠲᠦᠷᠦᠯ ᠪᠤᠶᠤ ᠪᠤᠰᠤᠳ ᠨᠡᠮᠡᠯᠲᠡ ᠡᠳ᠋ ᠬᠤᠯᠢᠭᠰᠠᠨ ᠪᠤᠷᠳᠤᠭ᠎ᠠ ᠮᠦᠨ᠃ ᠡᠨᠧᠷᠬᠢᠳᠤ ᠪᠤᠷᠳᠤᠭ᠎ᠠ ᠳᠤ ᠠᠮᠤ ᠪᠤᠳᠠᠭᠠᠨ ᠤ ᠲᠦᠷᠦᠯ ᠤᠨ ᠦᠷ᠎ᠡ ᠵᠢᠮᠢᠰ᠂ ᠲᠦᠮᠦᠰᠦᠨ ᠤ ᠲᠦᠷᠦᠯ᠂ ᠠᠭ᠎ᠠ ᠬᠡᠪᠡᠭ ᠤᠨ ᠲᠦᠷᠦᠯ᠂ ᠡᠪᠡᠰᠦᠨ ᠦᠷ᠎ᠡ᠂ ᠮᠤᠳᠤᠨ ᠦᠷ᠎ᠡ ᠪᠤᠯᠤᠨ ᠴᠠᠷᠳᠠᠭᠤᠯ ᠡᠳ᠋ ᠲᠠᠢ ᠲᠦᠮᠦᠰᠦᠯᠢᠭ ᠦᠨᠳᠦᠰᠦ ᠲᠦᠮᠦᠰᠦᠯᠢᠭ ᠡᠰᠢ ᠭᠤᠸ᠎ᠠ ᠵᠢᠮᠢᠰ ᠵᠡᠷᠭᠡ ᠶᠢ ᠪᠠᠭᠳᠠᠭᠠᠵᠤ ᠪᠤᠢ᠃ ᠤᠭᠤᠷᠠᠭᠳᠤ ᠪᠤᠷᠳᠤᠭ᠎ᠠ ᠳᠤ ᠭᠤᠤᠯᠳᠠᠭᠤ ᠪᠤᠷᠴᠠᠭ ᠤᠨ ᠲᠦᠷᠦᠯ ᠬᠢᠭᠡᠳ ᠪᠢᠩ ᠰᠢᠭᠠᠷᠤ᠂ ᠠᠮᠢᠳᠠᠨ ᠤ ᠭᠠᠷᠤᠯᠳᠤ ᠪᠤᠷᠳᠤᠭ᠎ᠠ ᠵᠡᠷᠭᠡ ᠪᠠᠶᠢᠳᠠᠭ᠃ ᠪᠠᠶᠢᠡᠭᠭᠤ ᠬᠡᠷᠡᠭᠯᠡᠳᠡᠳᠡᠭ ᠡᠷᠦᠳᠡᠰᠦ ᠪᠤᠳᠠᠰ ᠲᠤ ᠢᠳᠡᠭᠡᠨ ᠲᠠᠪᠤᠰᠤ᠂ ᠴᠢᠯᠠᠭᠤᠨ ᠲᠠᠯᠬ᠎ᠠ᠂ ᠹᠤᠰᠹᠤᠷ ᠬᠦᠴᠢᠯ ᠤᠨ ᠤᠰᠤᠳᠦ᠋ᠷᠦᠭᠴᠢᠳᠤ ᠺᠠᠯᠼ᠂ ᠶᠠᠰᠤᠨ ᠲᠠᠯᠬ᠎ᠠ ᠵᠡᠷᠭᠡ ᠪᠤᠢ᠃ ᠸᠢᠲ᠋ᠠᠮᠢᠨ ᠪᠤᠷᠳᠤᠭ᠎ᠠ ᠭᠡᠳᠡᠭ ᠨᠢ ᠠᠵᠤ ᠦᠢᠯᠡᠳᠪᠦᠷᠢ ᠶᠢᠨ ᠨᠡᠶᠢᠯᠡᠯᠭᠡ ᠪᠤᠶᠤ ᠴᠡᠪᠡᠷᠯᠡᠨ ᠠᠪᠤᠭᠰᠠᠨ ᠴᠤᠯᠤ ᠸᠢᠲ᠋ᠠᠮᠢᠨ ᠪᠤᠶᠤ ᠨᠡᠶᠢᠯᠡᠮᠡᠯ ᠸᠢᠲ᠋ᠠᠮᠢᠨ ᠵᠢᠱᠢᠶᠡᠯᠡᠪᠡᠯ ᠸᠢᠲ᠋ᠠᠮᠢᠨ A᠂ D᠂ E᠂ ᠨᠢᠺᠦᠲ᠋ᠢᠨ ᠬᠦᠴᠢᠯ᠂ ᠲᠦᠭᠡᠮᠡᠯ ᠬᠦᠴᠢᠯ ᠵᠡᠷᠭᠡ ᠶᠢ ᠵᠢᠭᠠᠵᠤ ᠪᠤᠢ᠃ ᠨᠡᠮᠡᠯᠲᠡ ᠡᠳ᠋ ᠭᠡᠳᠡᠭ ᠨᠢ ᠶᠡᠷᠦ ᠳᠡᠭᠡᠨ ᠦᠰᠦᠯᠲᠡ ᠶᠢ ᠠᠬᠢᠭᠤᠯᠬᠤ ᠡᠳ᠋ ᠬᠤᠷᠤᠬᠠᠢ ᠳᠠᠭᠤᠵᠤ ᠡᠷᠡᠭᠦᠯ ᠮᠡᠨᠳᠦ ᠶᠢ ᠬᠠᠮᠠᠭᠠᠯᠠᠬᠤ
ᠡᠳ᠋᠂ ᠲᠡᠵᠢᠭᠡᠯ ᠪᠤᠷᠳᠤᠭ᠎ᠠ ᠶᠢ ᠬᠠᠳᠠᠭᠠᠯᠠᠬᠤ ᠡᠳ᠋ ᠵᠡᠷᠭᠡ ᠶᠢ ᠵᠢᠭᠠᠵᠤ ᠪᠤᠢ᠃
ᠬᠤᠶᠠᠷ᠂ ᠪᠦᠲᠦᠭᠦᠯᠢᠭ ᠪᠤᠷᠳᠤᠭ᠎ᠠ ᠶᠢ ᠪᠤᠯᠪᠠᠰᠤᠷᠠᠭᠤᠯᠵᠤ ᠨᠠᠶᠢᠷᠠᠭᠤᠯᠬᠤ ᠠᠷᠭ᠎ᠠ ᠳᠤ ᠹᠢᠽᠢᠺ ᠤᠨ ᠠᠷᠭ᠎ᠠ᠂ ᠬᠢᠮᠢ ᠶᠢᠨ ᠠᠷᠭ᠎ᠠ ᠪᠠ ᠮᠢᠺᠷᠤᠪ ᠤᠨ ᠠᠷᠭ᠎ᠠ ᠭᠡᠵᠦ ᠪᠠᠶᠢᠳᠠᠭ᠂ ᠲᠡᠭᠦᠨ ᠤ ᠵᠤᠷᠢᠯᠭ᠎ᠠ ᠨᠢ ᠳᠠᠷᠤᠢ ᠲᠡᠵᠢᠭᠡᠯ ᠪᠤᠷᠳᠤᠭᠠᠨ ᠤ ᠠᠰᠢᠭᠯᠠᠮᠵᠢ ᠶᠢ ᠳᠡᠭᠡᠭᠰᠢᠯᠡᠭᠦᠯᠦᠨ᠂ ᠮᠢᠬᠠᠨ ᠦᠬᠡᠷ ᠤᠨ ᠢᠳᠡᠰᠢᠯᠡᠬᠦ ᠬᠡᠮᠵᠢᠶ᠎ᠡ ᠪᠤᠯᠤᠨ ᠰᠦᠢᠳᠦᠯ ᠢ ᠪᠠᠭᠠᠰᠬᠠᠬᠤ ᠳᠤ ᠪᠤᠢ᠃
1. ᠪᠦᠲᠦᠭᠦᠯᠢᠭ ᠪᠤᠷᠳᠤᠭ᠎ᠠ ᠶᠢ ᠹᠢᠽᠢᠺ ᠤᠨ ᠠᠷᠭ᠎ᠠ ᠪᠠᠷ ᠰᠢᠢᠳᠪᠦᠷᠢᠯᠡᠬᠦ ᠳᠤ᠄ ︵1︶ ᠭᠡᠷᠴᠢᠨᠡ᠃ ᠡᠯ᠎ᠡ ᠲᠦᠷᠦᠯ ᠤᠨ ᠡᠰᠢ ᠰᠦᠷᠡᠯ ᠪᠤᠯᠤᠨ ᠬᠠᠭᠤᠷᠠᠢ ᠡᠪᠡᠰᠦ ᠶᠢ ᠲᠡᠵᠢᠭᠡᠬᠦ ᠠᠴᠠ ᠡᠮᠦᠨ᠎ᠡ ᠤᠷᠢᠳᠠᠪᠠᠷ ᠬᠡᠷᠴᠢᠬᠦ ᠬᠡᠷᠡᠭᠲᠡᠢ᠂ ᠬᠡᠷᠴᠢᠬᠦ ᠬᠡᠮᠵᠢᠶ᠎ᠡ ᠶᠢ ᠮᠠᠯ ᠤᠨ ᠲᠦᠷᠦᠯ ᠬᠢᠭᠡᠳ ᠨᠠᠰᠤ ᠪᠠᠷ ᠲᠤᠭᠳᠠᠭᠠᠨ᠎ᠠ᠂ ᠨᠠᠰᠤ ᠬᠦᠢᠴᠡᠭᠰᠡᠨ ᠦᠬᠡᠷ ᠲᠤ ᠪᠤᠯ 3 — 4 ᠰᠠᠨᠲ᠋ᠢᠮᠧᠲᠷ ᠤᠷᠳᠤ ᠬᠡᠷᠴᠢᠨ᠎ᠡ᠃ ︵2︶ ᠲᠠᠯᠠᠭᠳᠠᠨ ᠨᠢᠴᠠᠯᠠᠨᠠ᠃ ᠦᠬᠡᠷ᠂ ᠮᠤᠷᠢ ᠵᠡᠷᠭᠡ ᠡᠪᠡᠰᠦᠨ ᠲᠡᠵᠢᠭᠡᠯᠳᠦ ᠲᠡᠵᠢᠭᠡᠪᠦᠷᠢ ᠳᠤ ᠪᠤᠯ ᠲᠡᠩᠳᠡᠭᠦᠦ ᠨᠢᠭᠳᠠ ᠬᠡᠮᠬᠡᠯᠡᠵᠦ ᠪᠤᠯᠬᠤ ᠦᠭᠡᠢ᠃ ︵3︶ ᠮᠦᠬᠦᠯᠢᠭᠵᠢᠭᠦᠯᠬᠦ ᠶᠢᠨ ᠵᠤᠷᠢᠯᠭ᠎ᠠ ᠨᠢ ᠮᠠᠰᠢᠨᠴᠢᠯᠠᠬᠤ ᠪᠤᠯᠤᠨ ᠡᠷᠴᠢᠮᠵᠢᠭᠦᠯᠵᠦ ᠲᠡᠵᠢᠭᠡᠬᠦ ᠬᠡᠷᠡᠭᠴᠡᠭᠡ ᠳᠤ ᠲᠦᠭᠦᠮ ᠦᠵᠡᠭᠦᠯᠬᠦ ᠶᠢᠨ ᠲᠦᠯᠦᠭᠡ ᠶᠤᠮ᠂ ᠶᠡᠭᠡ ᠪᠠᠭ᠎ᠠ ᠨᠢ ᠲᠤᠬᠢᠷᠠᠭᠰᠠᠨ ᠮᠦᠬᠦᠯᠢᠭ ᠪᠤᠷᠳᠤᠭ᠎ᠠ ᠪᠤᠯᠭᠠᠪᠠᠯ ᠵᠠᠵᠢᠯᠠᠬᠤ ᠪᠠ ᠢᠳᠡᠰᠢᠯᠡᠬᠦ ᠴᠢᠨᠠᠷ ᠢ ᠰᠠᠶᠢᠵᠢᠷᠠᠭᠤᠯᠵᠤ ᠴᠢᠳᠠᠨ᠎ᠠ᠃ ︵4︶ ᠡᠪᠡᠰᠦ ᠶᠢᠨ ᠴᠠᠢ ᠬᠢᠬᠦ᠃ ᠬᠡᠷᠴᠢᠭᠰᠡᠨ ᠤ ᠰᠡᠭᠦᠯᠡᠷᠬᠢ ᠰᠢᠯᠢᠳᠡᠭ ᠬᠠᠭᠤᠷᠠᠢ ᠡᠪᠡᠰᠦ ᠪᠤᠯᠤᠨ ᠡᠪᠡᠰᠦᠨ ᠳᠠᠯᠬ᠎ᠠ ᠶᠢ 5 ~ 6 ᠳᠠᠬᠢᠨ ᠤ 70 ~ 80℃ ᠤᠨ ᠤᠰᠤᠨ ᠳᠤ 5 — 6 ᠴᠠᠭ ᠲᠡᠪᠳᠦᠭᠡᠨᠡ᠂ ᠱᠦᠬᠦᠭᠰᠡᠨ ᠤ ᠳᠠᠷᠠᠭᠠᠬᠢ ᠰᠢᠭᠦᠰᠦ ᠨᠢ ᠳᠠᠷᠤᠢ ᠬᠠᠭᠤᠷᠠᠢ ᠡᠪᠡᠰᠦ ᠶᠢᠨ ᠴᠠᠢ ᠪᠤᠯᠤᠨ᠎ᠠ᠃ ᠡᠶᠢᠮᠦᠷᠬᠦ ᠴᠠᠢ ᠶᠢᠨ ᠦᠨᠦᠷ ᠨᠢ ᠰᠠᠶᠢᠬᠠᠨ ᠮᠦᠷᠳᠡᠭᠡᠨ ᠲᠦᠯ ᠮᠠᠯ ᠤᠨ ᠬᠤᠳᠤᠭᠤᠳᠤ ᠭᠡᠳᠡᠰᠦᠨ ᠤ ᠬᠡᠮ ᠠᠴᠠ ᠰᠡᠷᠭᠡᠶᠢᠯᠡᠵᠦ᠂ ᠬᠦᠨᠳᠦ ᠶᠢ ᠨᠡᠮᠡᠭᠳᠡᠭᠦᠯᠬᠦ ᠪᠤᠯᠬᠤᠷ ᠲᠤᠭᠤᠯ ᠳᠤ ᠤᠨᠴᠤᠭᠤᠢ ᠲᠤᠬᠢᠷᠠᠳᠠᠭ᠃ ︵5︶ ᠲᠡᠪᠳᠦᠭᠡᠨᠡ᠃ ᠬᠡᠷᠴᠢᠭᠰᠡᠨ ᠡᠰᠢ ᠰᠦᠷᠡᠯ ᠳᠡᠭᠡᠷ᠎ᠡ ᠤᠰᠤ ᠨᠡᠮᠡᠵᠦ ᠨᠤᠷᠭᠠᠭᠠᠳ ᠨᠠᠷᠢᠯᠢᠬ ᠪᠤᠷᠳᠤᠭ᠎ᠠ ᠬᠤᠯᠢᠵᠤ ᠲᠡᠵᠢᠭᠡᠨ᠎ᠡ᠃
2. ᠬᠢᠮᠢ ᠶᠢᠨ ᠠᠷᠭ᠎ᠠ ᠪᠠᠷ ᠰᠢᠢᠳᠪᠦᠷᠢᠯᠡᠬᠦ ᠪᠦᠲᠦᠭᠦᠯᠢᠭ ᠪᠤᠷᠳᠤᠭ᠎ᠠ ᠶᠢᠨ ᠠᠷᠭ᠎ᠠ ᠳᠤ ᠳᠤᠤᠷᠠᠬᠢ ᠬᠡᠳᠦᠨ ᠵᠦᠢᠯ ᠪᠤᠢ᠄ ︵1︶ ᠬᠤᠵᠢᠷ ᠢᠶᠠᠷ ᠰᠢᠢᠳᠪᠦᠷᠢᠯᠡᠬᠦ ᠠᠷᠭ᠎ᠠ ᠄ ᠬᠡᠷᠡᠭᠯᠡᠵᠦ ᠪᠦᠬᠦᠢ ᠬᠢᠮᠢ ᠶᠢᠨ ᠲᠤᠷᠰᠢᠬᠤ ᠡᠳ᠋ ᠲᠤ ᠤᠰᠤᠮᠠᠭᠳᠤ ᠨᠠᠲᠷᠢ᠂ ᠤᠰᠤᠮᠠᠭᠳᠤ ᠺᠠᠯᠢ᠂ ᠰᠢᠪᠳᠤᠷ ᠤᠰᠤ ᠪᠤᠯᠤᠨ ᠴᠤᠬᠤᠢ ᠶᠢᠨ ᠰᠢᠩᠭᠡᠨ ᠪᠠᠶᠢᠳᠠᠭ᠂ ᠤᠰᠤᠮᠠᠭᠳᠤ ᠨᠠᠲᠷᠢ ᠪᠤᠯᠤᠨ ᠲᠦᠭᠦᠬᠡᠢ ᠴᠤᠬᠤᠢ ᠶᠢ ᠬᠤᠯᠢᠵᠤ ᠰᠢᠢᠳᠪᠦᠷᠢᠯᠡᠬᠦ᠄ ᠬᠡᠷᠴᠢᠭᠰᠡᠨ ᠦᠭᠡᠢ ᠡᠰᠢ ᠰᠦᠷᠡᠯ ᠢᠶᠠᠨ 20 ~30 ᠰᠠᠨᠲ᠋ᠢᠮᠧᠲᠷ ᠵᠤᠵᠠᠭᠠᠨ ᠳᠡᠪᠢᠰᠴᠦ᠂ ᠳᠡᠭᠡᠷ᠎ᠡ ᠨᠢ 1.5 ~ 2.0% ᠤᠨ ᠤᠰᠤᠮᠠᠭᠳᠤ ᠨᠠᠲᠷᠢ ᠪᠤᠯᠤᠨ 1.5 ~ 2.0% ᠤᠨ ᠲᠦᠭᠦᠬᠡᠢ ᠴᠤᠬᠤᠢ ᠶᠢᠨ ᠬᠤᠯᠢᠮᠠᠭ ᠰᠢᠩᠭᠡᠨ ᠢ ᠰᠦᠷᠴᠢᠵᠦ ᠲᠠᠷᠤᠭᠠᠳ ᠳᠠᠬᠢᠨ ᠡᠰᠢ ᠰᠦᠷᠡᠯ ᠲᠡᠪᠢᠰᠦᠨ᠎ᠡ᠂ ᠳᠠᠬᠢᠨ ᠰᠦᠷᠴᠢᠨ᠎ᠡ᠂ 100 ᠺᠢᠯᠦᠭᠷᠡᠮ ᠪᠦᠷᠢ ᠡᠰᠢ ᠰᠦᠷᠡᠯ ᠳᠡᠭᠡᠷ᠎ᠡ 160 ~ 240 ᠺᠢᠯᠦᠭᠷᠡᠮ ᠬᠤᠯᠢᠮᠠᠭ ᠰᠢᠩᠭᠡᠨ ᠰᠦᠷᠴᠢᠵᠦ᠂ ᠨᠢᠭᠡ ᠭᠠᠷᠠᠭ ᠪᠤᠯᠵᠤ ᠂ ᠡᠰᠢ ᠰᠦᠷᠡᠯ ᠤᠨ ᠤᠪᠤᠭᠠᠨ ᠤ ᠳᠤᠯᠠᠭᠠᠨ 50 ~ 55℃ ᠪᠤᠯᠪᠠᠯ ᠳᠠᠷᠤᠢ ᠲᠡᠵᠢᠭᠡᠵᠦ ᠪᠤᠯᠤᠨ᠎ᠠ᠃ ᠡᠶᠢᠮᠦᠷᠬᠦ ᠠᠷᠭ᠎ᠠ ᠪᠠᠷ ᠰᠢᠢᠳᠪᠦᠷᠢᠯᠡᠭᠰᠡᠨ ᠪᠦᠲᠦᠭᠦᠯᠢᠭ ᠪᠤᠷᠳᠤᠭ᠎ᠠ ᠶᠢᠨ ᠪᠦᠲᠦᠭᠦᠯᠢᠭ ᠰᠢᠷᠬᠡᠭᠯᠢᠭ ᠤᠨ ᠰᠢᠩᠭᠡᠭᠡᠬᠦ ᠨᠤᠷᠮ᠎ᠠ ᠨᠢ 40% ᠠᠴᠠ 70% ᠪᠤᠯᠵᠤ ᠳᠡᠭᠡᠭᠰᠢᠯᠡᠬᠦ ᠪᠦᠭᠡᠳ ᠬᠦᠨᠳᠦ ᠶᠢᠨ ᠨᠡᠮᠡᠭᠳᠡᠯ ᠪᠠᠰᠠ ᠢᠯᠡᠳᠳᠡ ᠨᠡᠮᠡᠭᠳᠡᠨ᠎ᠡ᠃ ︵2︶ ᠬᠤᠵᠢᠷ ᠢᠶᠠᠷ ᠰᠢᠢᠳᠪᠦᠷᠢᠯᠡᠬᠦ ᠠᠷᠭ᠎ᠠ᠄ ᠬᠡᠷᠴᠢᠭᠰᠡᠨ ᠡᠰᠢ ᠰᠦᠷᠡᠯ ᠢᠶᠠᠨ ᠬᠤᠵᠢᠷ ᠤᠨ ᠠᠭᠤᠰᠤᠮᠠᠯ ᠤᠨ ᠮᠤᠳᠤᠨ ᠰᠠᠭᠤᠯᠭ᠎ᠠ ᠪᠤᠶᠤ ᠱᠦᠢᠨᠢ ᠴᠦᠬᠦᠷᠦᠮ ᠳᠤ ᠬᠢᠵᠦ ᠲᠡᠪᠳᠦᠭᠰᠡᠨ ᠤ ᠰᠡᠭᠦᠯᠡᠷ ᠳᠠᠬᠢᠨ ᠱᠦᠢᠨᠢ ᠵᠤᠭᠤᠷᠢ ᠪᠤᠶᠤ ᠭᠤᠤ ᠳᠤ ᠬᠢᠵᠦ ᠳᠠᠷᠤᠨ᠎ᠠ᠂ 12 ~ 24 ᠴᠠᠭ ᠪᠤᠯᠤᠭᠰᠠᠨ ᠤ ᠰᠡᠭᠦᠯᠡᠷ ᠭᠠᠷᠭᠠᠵᠤ ᠳᠠᠬᠢᠨ ᠮᠤᠳᠤᠨ ᠰᠠᠭᠤᠯᠭ᠎ᠠ ᠪᠤᠶᠤ ᠱᠦᠢᠨᠢ ᠴᠦᠬᠦᠷᠦᠮ ᠳᠤ ᠬᠢᠵᠦ 3% ᠤᠨ ᠳᠠᠪᠤᠰᠤᠨ ᠬᠦᠴᠢᠯ ᠢᠶᠠᠷ ᠲᠡᠪᠳᠦᠭᠡᠵᠦ᠂ ᠲᠡᠪᠳᠦᠭᠰᠡᠨ ᠤ ᠰᠡᠭᠦᠯᠡᠷ ᠬᠡᠷᠡᠭᠯᠡᠵᠦ ᠦᠡᠭᠭᠡᠷᠡᠭᠰᠡᠨ ᠠᠭᠤᠰᠤᠮᠠᠯ ᠢ ᠨᠢ ᠭᠠᠷᠭᠠᠵᠤ ᠰᠢᠢᠳᠪᠦᠷᠢᠯᠡᠭᠡᠳ ᠲᠡᠵᠢᠭᠡᠨ᠎ᠡ᠃ ᠢᠡᠭᠭᠢᠪᠡᠯ ᠰᠢᠩᠭᠡᠭᠡᠯᠲᠡ ᠶᠢᠨ ᠨᠤᠷᠮ᠎ᠠ 40% ᠠᠴᠠ ᠳᠡᠭᠡᠭᠰᠢᠯᠡᠭᠡᠳ 60 ~ 70% ᠳᠤ ᠬᠦᠷᠴᠦ᠂ ᠠᠰᠢᠭᠯᠠᠮᠵᠢ 30% ᠠᠴᠠ ᠳᠡᠭᠡᠭᠰᠢᠯᠡᠭᠡᠳ 90% ᠠᠴᠠ ᠳᠡᠭᠡᠭᠰᠢ ᠳᠤ ᠬᠦᠷᠦᠨ᠎ᠡ᠃
3. ᠪᠦᠲᠦᠭᠦᠯᠢᠭ ᠪᠤᠷᠳᠤᠭ᠎ᠠ ᠶᠢ ᠮᠢᠺᠷᠤᠪ ᠤᠨ ᠠᠷᠭ᠎ᠠ ᠪᠠᠷ ᠪᠤᠯᠪᠠᠰᠤᠷᠠᠭᠤᠯᠵᠤ ᠨᠠᠶᠢᠷᠠᠭᠤᠯᠬᠤ ᠤᠷᠢᠳᠠᠪᠠᠷ ᠬᠦᠷᠦᠩᠭᠡ ᠶᠢᠨ ᠵᠦᠢᠯ ᠪᠤᠯᠤᠨ ᠲᠦᠭᠦᠬᠡᠢ ᠡᠳ᠋ ᠢᠶᠠᠨ ᠰᠤᠩᠭᠤᠬᠤ ᠬᠡᠷᠡᠭᠲᠡᠢ᠂ ᠬᠦᠷᠦᠩᠭᠡ ᠶᠢᠨ ᠵᠦᠢᠯ ᠳᠤ ᠬᠤᠤᠷᠠᠳᠤ ᠪᠠᠺᠲ᠋ᠧᠷᠢ ᠴᠥᠬᠡᠨ᠂ ᠠᠮᠢᠵᠢᠷᠠᠯ ᠤᠨ ᠬᠦᠴᠦᠨ ᠢᠶᠠᠷ ᠴᠢᠩᠭ᠎ᠠ᠂ ᠠᠰᠢᠭ ᠲᠠᠢ ᠮᠢᠺᠷᠤᠹ ᠨᠢ ᠤᠯᠠᠨ ᠪᠠᠶᠢᠬᠤ ᠶᠢ ᠱᠠᠭᠠᠷᠳᠠᠵᠤ᠂ ᠢᠯᠵᠡᠷᠡᠵᠦ ᠴᠢᠨᠠᠷ ᠬᠤᠪᠢᠷᠠᠭᠰᠠᠨ ᠬᠦᠷᠦᠩᠭᠡ ᠶᠢᠨ ᠵᠦᠢᠯ ᠢ ᠬᠡᠷᠡᠭᠯᠡᠵᠦ ᠪᠤᠯᠬᠤ ᠦᠭᠡᠢ᠃ ᠦᠷᠬᠦᠯᠵᠢᠯᠡᠨ ᠢᠰᠭᠡᠪᠡᠯ ᠴᠢᠨᠠᠷ ᠰᠠᠶᠢᠨ ᠪᠤᠷᠳᠤᠭ᠎ᠠ ᠶᠢ ᠰᠤᠩᠭᠤᠵᠤ ᠬᠦᠯᠭᠡ ᠬᠢᠬᠦ ᠮᠦᠷᠳᠡᠭᠡᠨ ᠴᠠᠭ ᠲᠤᠬᠠᠢ ᠲᠤᠨᠢ ᠠᠪᠴᠤ ᠬᠡᠷᠡᠭᠯᠡᠬᠦ ᠪᠤᠶᠤ ᠬᠠᠳᠠᠭᠠᠵᠤ ᠬᠡᠷᠡᠭᠯᠡᠬᠦ ᠪᠠᠷ ᠪᠡᠯᠡᠳᠭᠡᠨ᠎ᠡ᠂ ᠦᠷᠬᠦᠯᠵᠢᠯᠡᠨ ᠢᠰᠭᠡᠬᠦ ᠤᠳᠠᠭ᠎ᠠ ᠨᠢ ᠬᠡᠳᠦᠢ ᠢᠯᠡᠭᠦᠦ ᠪᠤᠯ ᠢᠰᠭᠡᠭᠰᠡᠨ ᠶᠠᠰᠤ ᠴᠢᠨᠠᠷ ᠨᠢ ᠲᠡᠳᠦᠢ ᠮᠠᠭᠤ ᠪᠤᠯᠬᠤ ᠪᠤᠯᠬᠤᠷ ᠬᠦᠷᠦᠩᠭᠡ ᠶᠢᠨ ᠵᠦᠢᠯ ᠢᠶᠠᠨ ᠴᠠᠭ ᠲᠤᠬᠠᠢ ᠳᠤᠨᠢ ᠰᠤᠯᠢᠬᠤ ᠬᠡᠷᠡᠭᠲᠡᠢ᠃ ᠲᠠᠷᠢᠶᠠᠯᠠᠩ ᠤᠨ ᠲᠤᠰᠠᠯᠠᠬᠤ ᠪᠦᠲᠦᠭᠡᠭᠳᠡᠭᠦᠨ ᠪᠠ ᠭᠡᠭᠡᠷ᠎ᠡ ᠶᠢᠨ ᠡᠪᠡᠰᠦ᠂ ᠭᠡᠭᠡᠷ᠎ᠡ ᠶᠢᠨ ᠨᠤᠭᠤᠭ᠎ᠠ᠂ ᠡᠯ᠎ᠡ ᠵᠦᠢᠯ ᠤᠨ ᠮᠤᠳᠤᠨ ᠨᠠᠪᠴᠢ ᠵᠡᠷᠭᠡ ᠶᠢ ᠬᠡᠷᠴᠢᠬᠦ ᠪᠤᠶᠤ ᠬᠡᠮᠬᠡᠯᠦᠭᠰᠡᠨ ᠤ ᠰᠡᠭᠦᠯᠡᠷ ᠪᠦᠷ ᠬᠦᠷᠦᠩᠭᠡ ᠶᠢᠨ ᠵᠦᠢᠯ ᠪᠤᠯᠭᠠᠵᠤ ᠪᠤᠯᠤᠨ᠎ᠠ᠃ ᠪᠤᠷᠴᠠᠭ ᠤᠨ ᠢᠵᠠᠭᠤᠷᠳᠤ ᠪᠤᠯᠤᠨ ᠦᠶᠡᠳᠦ ᠤᠷᠭᠤᠮᠠᠯ ᠤᠨ ᠢᠵᠠᠭᠤᠷᠳᠤ ᠤᠷᠭᠤᠮᠠᠯ ᠢ ᠬᠠᠮᠳᠤ ᠢᠰᠭᠡᠪᠡᠯ ᠦᠷ᠎ᠡ ᠳ᠋ᠦᠩ ᠨᠢ ᠨᠡᠩ ᠰᠠᠶᠢᠨ ᠪᠠᠶᠢᠳᠠᠭ᠃ ᠢᠰᠭᠡᠬᠦ ᠠᠷᠭ᠎ᠠ ᠨᠢ 100 ᠺᠢᠯᠦᠭᠷᠡᠮ ᠬᠠᠭᠤᠷᠠᠢ ᠪᠦᠲᠦᠭᠦᠯᠢᠭ ᠪᠤᠷᠳᠤᠭ᠎ᠠ ᠶᠢ 2 ~ 4 ᠰᠠᠨᠲ᠋ᠢᠮᠧᠲᠷ ᠤᠷᠳᠤ ᠬᠡᠷᠴᠢᠵᠤ᠂ ᠵᠤᠬᠢᠬᠤ ᠬᠡᠮᠵᠢᠶᠡᠨ ᠤ ᠬᠦᠷᠦᠩᠭᠡ ︵ ᠶᠡᠷᠦ ᠳᠡᠭᠡᠨ 1~2 ᠺᠢᠯᠦᠭᠷᠠᠮ︶ ᠨᠡᠮᠡᠵᠤ ᠤᠰᠤ ᠪᠠᠷ ᠠᠭᠤᠰᠬᠠᠭᠠᠳ 100 ᠺᠢᠯᠦᠭᠷᠠᠮ ᠤᠷᠴᠢᠮ ᠤᠨ ᠤᠰᠤᠨ ᠳᠤ ᠬᠢᠵᠦ ᠵᠢᠭᠤᠷᠠᠨ᠎ᠠ ︵ᠭᠠᠷ ᠢᠶᠠᠷ ᠪᠠᠵᠢᠬᠤ ᠳᠤ ᠬᠤᠷᠤᠭᠤᠨ ᠰᠠᠯᠠᠭᠠᠨ ᠳᠤ ᠤᠰᠤ ᠲᠠᠢ ᠭᠡᠪᠡᠴᠦ ᠲᠤᠰᠤᠯᠬᠤ ᠦᠭᠡᠢ ᠪᠤᠯ ᠪᠤᠯᠴᠢᠬᠠᠨ᠎ᠠ︶᠂ ᠡᠪᠦᠯ ᠪᠤᠯ 50℃ ᠤᠨ ᠪᠦᠯᠢᠶᠡᠨ ᠤᠰᠤ ᠬᠡᠷᠡᠭᠯᠡᠨ᠎ᠡ᠂ ᠲᠡᠭᠡᠬᠦ ᠳᠡᠭᠡᠨ ᠭᠠᠵᠠᠷ ᠳᠡᠭᠡᠷ᠎ᠡ ᠤᠪᠤᠭᠠᠯᠠᠬᠤ ᠪᠠ ᠭᠠᠩ ᠰᠠᠪᠠᠨ ᠳᠤ ᠰᠠᠪᠠᠯᠠᠬᠤ ᠬᠤᠶᠠᠷ ᠵᠦᠢᠯ ᠤᠨ ᠠᠷᠭ᠎ᠠ ᠪᠠᠷ ᠢᠰᠭᠡᠳᠡᠭ᠃ ᠠᠷᠭ᠎ᠠ ᠨᠢ ᠬᠤᠯᠢᠭᠰᠠᠨ ᠪᠤᠷᠳᠤᠭ᠎ᠠ ᠪᠠᠨ 30 ~ 60 ᠰᠠᠨᠲ᠋ᠧᠮᠧᠲᠷ
ᠵᠤᠵᠠᠭᠠᠨ ᠳᠡᠭᠰᠢ ᠳᠥᠷᠪᠡᠯᠵᠢᠨ ᠰᠤᠯᠠ ᠤᠪᠤᠭᠠᠯᠠᠬᠤ ᠪᠤᠶᠤ ᠭᠠᠩ ᠳᠤ ᠰᠠᠪᠠᠯᠠᠵᠤ᠂ ᠲᠤᠯᠠᠭᠠᠨ ᠤ ᠬᠡᠮᠵᠢᠭᠦᠷ ᠢ ᠬᠠᠳᠬᠤᠵᠤ ᠳᠡᠭᠡᠷ᠎ᠡ ᠨᠢ ᠴᠢᠬᠢᠷᠰᠤ ᠪᠠᠷ ᠪᠦᠲᠦᠭᠡᠬᠦ ᠪᠤᠶᠤ 3 ~ 6 ᠰᠠᠨᠲ᠋ᠢᠮᠧᠲᠷ ᠵᠤᠵᠠᠭᠠᠨ ᠬᠠᠭᠤᠷᠠᠢ ᠡᠪᠡᠰᠦᠨ ᠲᠠᠯᠬ᠎ᠠ ᠰᠠᠴᠤᠨ᠎ᠠ᠂ ᠲᠤᠯᠠᠭᠠᠨ ᠤ ᠬᠡᠮᠵᠢᠶ᠎ᠡ ᠳᠡᠭᠡᠭᠰᠢᠯᠡᠭᠡᠳ 35 ~ 45℃ ᠪᠤᠯᠬᠤ ᠦᠶᠡᠰ ᠨᠢᠭᠡ ᠤᠳᠠᠭ᠎ᠠ ᠤᠷᠪᠠᠭᠤᠯᠵᠤ ᠳᠠᠬᠢᠨ ᠳᠠᠷᠤᠵᠤ ᠲᠠᠯᠪᠢᠭᠠᠳ 1 ~ 3 ᠡᠳᠦᠷ ᠪᠢᠳᠡᠭᠦᠮᠵᠢᠯᠡᠪᠡᠯ ᠳᠠᠷᠤᠢ ᠬᠡᠷᠡᠭᠯᠡᠵᠦ ᠪᠤᠯᠤᠨ᠎ᠠ ᠃
ᠭᠤᠷᠪᠠ᠂ ᠨᠠᠷᠢᠯᠢᠬ ᠪᠤᠷᠳᠤᠭ᠎ᠠ ︵ᠡᠨᠧᠷᠬᠢᠳᠤ ᠪᠤᠷᠳᠤᠭ᠎ᠠ ᠪᠤᠯᠤᠨ ᠤᠭᠤᠷᠬᠠᠳᠤ ᠪᠤᠷᠳᠤᠭ᠎ᠠ ᠵᠡᠷᠭᠡ ᠶᠢ ᠪᠠᠭᠳᠠᠭᠠᠵᠤ ᠪᠤᠢ︶ ᠶᠢ ᠨᠠᠶᠢᠷᠠᠭᠤᠯᠬᠤ ᠠᠷᠭ᠎ᠠ ᠨᠡᠯᠢᠶᠡᠳ ᠲᠦᠭᠦᠮ ᠪᠠᠶᠢᠳᠠᠭ᠂ ᠶᠡᠷᠦ ᠳᠡᠭᠡᠨ ᠲᠠᠯᠠᠭᠳᠠᠨ ᠨᠢᠴᠠᠯᠠᠭᠰᠠᠨ ᠤ ᠰᠡᠭᠦᠯᠡᠷ ᠪᠤᠰᠤᠳ ᠪᠤᠷᠳᠤᠭ᠎ᠠ ᠪᠤᠶᠤ ᠨᠡᠮᠡᠯᠲᠡ ᠡᠳ᠋ ᠲᠠᠢ ᠬᠤᠯᠢᠵᠤ᠂ ᠵᠠᠷᠢᠮ ᠳᠠᠭᠠᠨ ᠨᠠᠷᠢᠯᠢᠬ ᠪᠤᠷᠳᠤᠭ᠎ᠠ ᠶᠢᠨ ᠠᠰᠢᠭᠯᠠᠮᠵᠢ ᠶᠢ ᠳᠡᠭᠡᠭᠰᠢᠯᠡᠭᠦᠯᠬᠦ ᠶᠢᠨ ᠲᠦᠯᠦᠭᠡ ᠪᠠᠰᠠ ᠪᠠᠭ᠎ᠠ ᠬᠡᠮᠵᠢᠶᠡᠨ ᠤ ᠢᠰᠭᠡᠭᠦᠷ ᠡᠳ᠋ ᠨᠡᠮᠡᠵᠦ ᠪᠤᠯᠤᠨ᠎ᠠ᠃