-
2153334
ᠰᠠᠭᠠᠯᠢ ᠶᠢᠨ ᠦᠨᠢᠶ᠎ᠡ
2019-06-12 09:08
149
0
ᠰᠠᠭᠠᠯᠢ ᠶᠢᠨ ᠦᠨᠢᠶ᠎ᠡ ᠨᠢ ᠬᠤᠪᠢ ᠪᠡᠶ᠎ᠡ ᠶᠢᠨ ᠬᠡᠷᠡᠭᠰᠡᠬᠦ ᠰᠢᠮ᠎ᠡ ᠲᠡᠵᠢᠭᠡᠯ ᠵᠶ᠋ᠡᠨ ᠠᠷᠭᠠᠴᠠᠬᠤ ᠡᠴᠠ ᠭᠠᠳᠠᠨ᠎ᠠ ᠂ ᠪᠠᠰᠠ ᠲᠥᠯ ᠦᠨ ᠦᠰᠦᠯᠲᠡ ᠪᠣᠶ᠋ᠢᠵᠢᠯᠲᠠ ᠳ᠋ᠥ ᠬᠡᠷᠡᠭᠰᠡᠬᠦ ᠰᠢᠮ᠎ᠡ ᠲᠡᠵᠢᠭᠡᠯ ᠢ ᠬᠠᠩᠭᠠᠬᠤ ᠮᠦᠷᠲᠡᠭᠡᠨ ᠵᠣᠬᠢᠬᠤ ᠰᠢᠮ᠎ᠡ ᠲᠡᠵᠢᠭᠡᠯ ᠬᠤᠷᠠᠮᠳᠤᠭᠤᠯᠵᠤ ᠰᠦ ᠱᠦᠭᠦᠷᠡᠭᠦᠯᠬᠦ ᠶᠢ ᠪᠠᠲᠤᠯᠠᠬᠤ ᠪᠤᠯᠤᠨ᠎ᠠ ᠃ ᠡᠶ᠋ᠢᠮᠦ ᠡᠴᠡ ᠬᠣᠨᠣᠭ ᠤᠨ ᠲᠡᠵᠢᠭᠡᠯ ᠢ ᠢᠳᠡᠭᠦᠰᠢ ᠴᠢᠨᠠᠷ ᠲᠠᠢ ᠂ ᠶᠠᠩᠵᠤ ᠤᠯᠠᠨ ᠂ ᠵᠣᠬᠢᠰᠲᠠᠢ ᠲᠤᠬᠢᠷᠠᠭᠤᠯᠤᠨ ᠂ ᠰᠢᠩᠭᠡᠭᠡᠬᠦ ᠳ᠋ᠥ ᠠᠮᠠᠷ ᠂ ᠰᠢᠮ᠎ᠡ ᠲᠡᠵᠢᠭᠡᠯ ᠡᠯᠪᠡᠭ ᠪᠠᠶ᠋ᠢᠯᠭᠠᠨᠠ ᠃ ᠡᠪᠦᠯ ᠦᠨ ᠤᠯᠠᠷᠢᠯ ᠳ᠋ᠥ ᠬᠠᠰᠢᠶᠠᠯᠠᠨ ᠲᠡᠵᠢᠭᠡᠬᠦ ᠳ᠋ᠥ ᠶᠡᠷᠦ ᠳ᠋ᠡᠬᠡᠨ ᠬᠠᠭᠤᠷᠠᠢ ᠡᠪᠡᠰᠦ ᠂ ᠳᠣᠲᠣᠷᠭᠠᠨ ᠰᠦᠷᠡᠯ ᠵᠡᠷᠭᠡ ᠪᠦᠳᠦᠭᠦᠯᠢᠭ ᠡᠪᠡᠰᠦ ᠪᠡᠷ ᠭᠤᠤᠯᠯᠠᠭᠤᠯᠵᠦ ᠲᠡᠵᠢᠭᠡᠬᠦ ᠲᠤᠯᠠ ᠪᠣᠷᠳᠣᠭ᠎ᠠ ᠲᠤᠬᠢᠷᠠᠭᠤᠯᠬᠤ ᠶᠢ ᠠᠩᠬᠠᠷᠴᠤ ᠂ ᠬᠠᠮᠤᠭ ᠰᠠᠶ᠋ᠢᠨ ᠨᠢ ᠰᠢᠪᠲᠦᠷᠵᠢᠭᠦᠯᠦᠭᠰᠡᠨ ᠪᠣᠷᠳᠣᠭ᠎ᠠ ᠪᠠᠷ ᠲᠡᠵᠢᠭᠡᠨ᠎ᠡ ᠂ ᠢᠩᠭᠢᠪᠡᠯ ᠢᠳᠡᠭᠦᠰᠢ ᠴᠢᠨᠠᠷ ᠢ ᠳᠡᠭᠡᠭᠰᠢᠯᠡᠭᠦᠯᠵᠦ ᠴᠢᠳᠠᠬᠤ ᠪᠦᠭᠡᠳ ᠪᠠᠰᠠ ᠰᠢᠮ᠎ᠡ ᠲᠡᠵᠢᠭᠡᠯ ᠢ ᠨᠡᠮᠡᠭᠳᠡᠭᠦᠯᠵᠦ ᠴᠢᠳᠠᠨ᠎ᠠ ᠃
ᠡᠳᠦᠷ ᠪᠦᠷᠢ 1~2 ᠺᠢᠯᠣᠭᠷᠠᠮ ᠨᠠᠷᠢᠯᠢᠭ ᠪᠣᠷᠳᠣᠭ᠎ᠠ ᠨᠥᠬᠥᠪᠦᠷᠢᠯᠡᠨ ᠲᠡᠵᠢᠭᠡᠵᠦ ᠂ ᠨᠥᠬᠥᠴᠡᠯ ᠲᠠᠢ ᠪᠣᠯ ᠬᠣᠯᠢᠮᠠᠭ ᠨᠠᠷᠢᠯᠢᠭ ᠪᠣᠷᠳᠣᠭ᠎ᠠ ᠪᠠᠷ ᠲᠡᠵᠢᠭᠡᠵᠦ ᠪᠣᠯᠣᠨ᠎ᠠ ᠂ ᠨᠠᠶ᠋ᠢᠷᠠᠭᠤᠯᠬᠤ ᠬᠠᠷᠢᠴᠠᠯ ᠨᠢ ᠂ ᠡᠷᠳᠡᠨᠢ ᠰᠢᠰᠢ 30% ᠂ ᠳ᠋ᠸᠤᠪᠢᠩ 20% ᠂ ᠳᠣᠲᠣᠷᠭ᠎ᠠ 15% ᠂ ᠬᠦᠪᠦᠩ ᠦᠨ ᠦᠷ᠎ᠡ ᠶᠢᠨ ᠰᠢᠭᠠᠷᠤ 15% ᠂ ᠨᠣᠭᠣᠭ᠎ᠠ ᠶᠢᠨ ᠦᠷ᠎ᠡ ᠶᠢᠨ ᠰᠢᠭᠠᠷᠤ 5% ᠂ ᠠᠭ᠎ᠠ 15% ᠪᠤᠯᠤᠨ᠎ᠠ ᠂ ᠪᠠᠰᠠ ᠵᠣᠬᠢᠬᠤ ᠬᠡᠮᠵᠢᠶᠡᠨ ᠦ ᠶᠠᠰᠤᠨ ᠨᠤᠨᠳᠠᠭ ᠪᠠ ᠬᠤᠭᠤᠯᠠᠨ ᠤ ᠳᠠᠪᠤᠰᠤ ᠨᠡᠮᠡᠵᠦ ᠂ ᠴᠠᠭ ᠲᠤᠭᠲᠠᠭᠠᠨ ᠂ ᠬᠡᠮᠵᠢᠶ᠎ᠡ ᠲᠤᠭᠲᠠᠭᠠᠨ ᠂ ᠪᠠᠭ᠎ᠠ ᠬᠡᠮᠵᠢᠶ᠎ᠡ ᠪᠡᠷ ᠤᠯᠠᠨ ᠤᠳᠠᠭ᠎ᠠ ᠨᠡᠮᠡᠵᠦ ᠂ ᠸᠠᠯᠠᠭᠰᠠᠨ ᠪᠣᠷᠳᠣᠭ᠎ᠠ ᠪᠠᠷ ᠲᠡᠵᠢᠭᠡᠵᠦ ᠪᠣᠯᠬᠤ ᠦᠭᠡᠢ ᠃ ᠬᠠᠮᠳᠤ ᠳ᠋ᠤᠨᠢ ᠭᠦᠢᠴᠡᠳ ᠬᠡᠮᠵᠢᠶᠡᠨ ᠦ ᠰᠢᠯᠢᠳᠡᠭ ᠬᠠᠭᠤᠷᠠᠢ ᠡᠪᠡᠰᠦ ᠪᠠ ᠵᠣᠬᠢᠬᠤ ᠬᠡᠮᠵᠢᠶᠡᠨ ᠦ ᠪᠠᠵᠢᠮᠠᠭ ᠂ ᠬᠤᠯᠤᠤᠪᠠᠩ ᠂ ᠲᠦᠮᠦᠰᠦ ᠵᠡᠷᠭᠡ ᠰᠢᠭᠦᠰᠦᠯᠢᠭ ᠪᠣᠷᠳᠣᠭ᠎ᠠ ᠪᠠᠷ ᠲᠡᠵᠢᠭᠡᠨ᠎ᠡ ᠃