-
21365
ᠯᠢᠶᠤᠤ ᠤᠯᠤᠰ ᠤᠨ ᠲᠤᠮᠲᠠᠲᠤ ᠨᠠᠶᠢᠰᠯᠡᠯ ᠤᠨ ᠪᠠᠭᠤᠷᠢ
2019-05-15 16:16
541
0
ᠯᠢᠶᠤᠤ ᠤᠯᠤᠰ ᠤᠨ ᠲᠤᠮᠲᠠᠲᠤ ᠨᠠᠶᠢᠰᠯᠡᠯ ᠤᠨ ᠪᠠᠭᠤᠷᠢ
ᠯᠢᠶᠤᠤ ᠤᠯᠤᠰ ᠤᠨ ᠲᠤᠮᠲᠠᠲᠤ ᠨᠡᠶᠢᠰᠯᠡᠯ ᠤᠨ ᠪᠠᠭᠤᠷᠢ ᠨᠢ ᠨᠢᠩᠴᠧᠩ ᠰᠢᠶᠠᠨ ᠤ ᠠᠷᠠᠳ ᠤᠨ ᠵᠠᠰᠠᠭ ᠤᠨ ᠤᠷᠲᠤᠨ ᠤ ᠰᠠᠭᠤᠭ᠎ᠠ ᠭᠠᠵᠠᠷ —— ᠲᠢᠶᠠᠨ ᠢ ᠪᠠᠯᠭᠠᠰᠤ ᠠᠴᠠ ᠪᠠᠷᠠᠭᠤᠨᠰᠢ ᠬᠤᠷᠢᠨ ᠺᠢᠯᠤᠮᠧᠲᠷ ᠵᠠᠶᠢᠲᠠᠢ ᠳ᠋ᠠ ᠮᠢᠩ ᠪᠠᠯᠭᠠᠰᠣᠨ ᠳᠤ ᠪᠠᠶᠢᠷᠢᠰᠢᠵᠤ ᠪᠠᠶᠢᠭ᠎ᠠ ᠶᠤᠮ ᠃
ᠯᠢᠶᠤᠤ ᠤᠯᠤᠰ ᠤᠨ《 ᠲᠡᠤᠬᠡ ᠭᠠᠵᠡᠷ ᠵᠦᠢ ᠶᠢᠨ ᠲᠠᠮᠳᠡᠭᠯᠡᠯ 》 ᠢ ᠦᠨᠲᠤᠰᠦᠯᠡᠪᠡᠯ᠄《 ᠯᠢᠶᠤᠤ ᠶᠢᠨ ᠱᠧᠩ ᠽᠦᠩ ᠬᠠᠭᠠᠨ ᠪᠤᠯᠤᠨ ᠲᠡᠬᠦᠨ ᠤ ᠡᠭᠡ ᠰᠢᠶᠤᠤ ᠲᠡᠶᠢᠬᠡᠤ ᠴᠡᠷᠢᠭ ᠢᠶᠠᠨ ᠳᠠᠭᠠᠭᠤᠯᠵᠦ ᠪᠤᠴᠠᠬᠤ ᠵᠠᠮ ᠳᠠᠭᠠᠨ ᠴᠢ ᠶᠢᠨ ᠱᠠᠨ ︵ᠤᠲᠤ ᠶᠢᠨ ᠵᠢᠤ ᠲᠸᠤ ᠱᠠᠨ︶ ᠶᠢ ᠦᠩᠭᠡᠷᠠᠵᠦ᠂ ᠡᠮᠤᠨᠡᠰᠢ ᠪᠠᠨ ᠪᠠᠷᠠᠯᠠᠬᠤ ᠳᠤ ᠬᠦᠪᠦᠮᠡᠯ ᠡᠬᠦᠯᠡᠨ ᠳᠤ ᠦᠷᠭᠡᠨ ᠠᠭᠤᠳᠠᠮ ᠭᠠᠳᠠᠷ ᠬᠤᠲᠠ ᠶᠢᠨ ᠬᠡᠷᠡᠮ᠂ ᠠᠰᠠᠷ ᠲᠠᠬᠲᠤ ᠰᠡᠭᠦᠶᠢᠵᠦ ᠪᠠᠶᠢᠭ᠎ᠠ ᠰᠢᠭ᠋ ᠬᠠᠷᠠᠬᠳᠠᠬᠰᠠᠨ ᠤᠴᠢᠷ ᠠᠴᠠ ᠠᠳᠡ ᠨᠡᠶᠢᠰᠯᠡᠯ ᠪᠠᠶᠢᠭᠤᠯᠪᠠ 》ᠭᠡᠵᠣ ᠲᠡᠮᠳᠡᠭᠯᠡᠵᠡᠢ᠃ ᠮᠦᠨ ᠵᠢᠯ ᠳᠤ ᠶᠠᠨ᠂ ᠵᠢᠢ ᠬᠤᠶᠠᠷ ᠭᠠᠵᠠᠷ ᠠᠴᠠ ᠨᠢᠭᠡ ᠪᠦᠯᠦᠭ ᠮᠡᠷᠭᠡᠵᠢᠯ ᠰᠠᠶᠢᠲᠠᠢ ᠬᠢᠳᠠᠳ ᠳᠠᠷᠬᠠᠴᠤᠳ ᠢ ᠠᠪᠴᠢᠷᠠᠵᠦ᠂ ᠰᠦᠩ ᠤᠯᠤᠰ ᠤᠨ ᠨᠠᠶᠢᠰᠡᠯᠡᠯ ᠺᠡᠢ ᠹᠧᠩ ᠬᠤᠲᠠ ᠶᠢ ᠳᠠᠭᠤᠷᠢᠶᠠᠵᠦ ᠲᠤᠮᠲᠠᠲᠤ ᠨᠠᠶᠢᠰᠯᠡᠯ ᠢ ᠪᠠᠶᠢᠭᠤᠯᠤᠬᠰᠠᠨ ᠪᠠᠶᠢᠵᠠᠢ᠃《 ᠴᠧᠩᠲᠧ ᠹᠦ᠋ ᠶᠢᠨ ᠲᠠᠮᠳᠡᠭᠯᠡᠯ 》 ᠳᠤ ᠲᠡᠮᠳᠡᠭᠯᠡᠵᠦ ᠪᠠᠶᠢᠬᠤ ᠪᠠᠷ᠄ 《 ᠯᠢᠶᠤᠤ ᠶᠢᠨ ᠲᠣᠮᠳᠠᠳᠣ ᠨᠡᠶᠢᠰᠯᠠᠯ ᠨᠢ ᠳᠡᠭᠡᠳᠦ᠂ ᠵᠡᠭᠦᠨ᠂ ᠶᠠᠨ ᠭᠤᠷᠪᠠᠨ ᠨᠠᠶᠢᠰᠯᠡᠯ ᠤᠨ ᠲᠤᠮᠳᠠ ᠤᠷᠤᠰᠢᠵᠤ᠂ ᠭᠠᠵᠠᠷ ᠳᠠᠷᠢᠶ᠎ᠠ ᠰᠢᠮ᠎ᠡ ᠰᠠᠶᠢᠲᠠᠢ᠂ ᠬᠦᠮᠦᠨ ᠠᠮᠠ ᠤᠯᠠᠨ᠂ ᠪᠡᠷᠠᠭᠤᠨ ᠠᠴᠠ ᠪᠠᠨ ᠮᠠ ᠢᠤᠢ ᠱᠠᠨ ᠠᠭᠤᠯᠠ ᠠᠴᠠ ᠵᠢᠷᠠᠨ ᠭᠠᠵᠠᠷ ᠤᠶᠢᠷᠠᠳᠤᠬᠰᠠᠨ ᠡᠶᠢᠮᠤᠷᠬᠦᠦ ᠭᠠᠵᠡᠷ ᠬᠤᠳᠠ ᠪᠠᠶᠢᠭᠤᠯᠵᠤ᠂ ᠲᠡᠬᠦᠨ ᠢᠶᠠᠨ ᠲᠤᠮᠳᠠᠳᠤ ᠨᠠᠶᠢᠰᠯᠡᠯ ᠭᠡᠵᠤ ᠨᠡᠷᠡᠶᠢᠳᠪᠡ 》ᠬᠡᠵᠡᠢ᠃ ᠡᠬᠦᠨ ᠠᠴᠠ ᠠᠪᠤᠭᠠᠳ ᠲᠤᠮᠳᠠᠳᠤ ᠨᠠᠶᠢᠰᠯᠡᠯ ᠨᠢ ᠲᠡᠭᠡᠳᠤ ᠨᠠᠶᠢᠰᠯᠡᠯ ᠢ ᠤᠷᠤᠯᠠᠭᠠᠳ ᠯᠢᠶᠤᠤ ᠶᠢᠨ ᠨᠤᠶᠠᠷᠬᠠᠯ ᠤᠨ ᠭᠤᠤᠯ ᠲᠦᠪ ᠪᠤᠯᠵᠠᠢ᠃ ︿︿ᠲᠤᠮᠳᠠᠳᠤ ᠤᠯᠤᠰ ᠤᠨ ᠠᠯᠳᠡᠷᠲᠤ ᠦᠵᠡᠮᠵᠢ ᠶᠢᠨ ᠲᠤᠯᠢ ᠪᠢᠴᠢᠭ ᠤᠨ ᠲᠡᠮᠳᠡᠭᠯᠡᠯ﹀﹀ ᠬᠢᠭᠡᠳ ᠬᠠᠭᠤᠴᠢ ᠰᠣᠳᠣᠯᠭᠠᠳᠠᠨ ᠤ ᠬᠠᠶᠢᠨ ᠰᠢᠨᠵᠢᠯᠡᠭᠰᠡᠨ ᠢ ᠦᠨᠳᠤᠰᠤᠯᠡᠪᠡᠯ᠂ ᠯᠢᠶᠤᠤ ᠶᠢᠨ ᠲᠤᠮᠳᠠᠳᠤ ᠨᠠᠶᠢᠰᠯᠡᠯ ᠳᠤ ᠭᠤᠷᠪᠠᠨ ᠲᠠᠪᠬᠤᠷ ᠬᠤᠲᠠ ᠪᠠᠶᠢᠳᠠᠭ᠃ ᠲᠡᠷᠡ ᠨᠢ ᠲᠠᠷᠤᠢ ᠭᠠᠳᠡᠷ ᠬᠤᠳᠠ᠂ ᠲᠤᠲᠤᠷ ᠬᠤᠳᠠ ᠬᠢᠭᠡᠳ ᠬᠠᠭᠠᠨ ᠤ ᠬᠤᠳᠠ ᠪᠤᠯᠤᠨ᠎ᠠ᠃ ᠭᠠᠳᠡᠷ ᠬᠤᠳᠠ ᠶᠢᠨ ᠬᠡᠪᠴᠢᠶ᠎ᠡ ᠨᠢ ᠬᠠᠮᠤᠭ ᠤᠨ ᠶᠡᠭᠡ ᠪᠠᠶᠢᠵᠤ᠂ ᠵᠡᠬᠦᠨ ᠠᠴᠠ ᠪᠠᠷᠠᠭᠤᠰᠢ ᠪᠠᠷᠤᠭ 400 ᠮᠧᠲᠷ᠂ ᠡᠮᠤᠨ᠎ᠡ ᠠᠴᠠ ᠬᠤᠶᠢᠰᠢ ᠪᠠᠨ 3500 ᠮᠧᠲᠷ ᠪᠠᠶᠢᠳᠠᠭ᠃ ᠲᠤᠲᠤᠷ ᠬᠤᠳᠡ ᠶᠢᠨ ᠪᠠᠶᠢᠷᠢᠯᠠᠭᠤᠯᠤᠯ ᠨᠢ ᠴᠢᠩᠭ᠎ᠠ ᠲᠦᠪᠯᠡᠭᠦᠨ ᠪᠠᠶᠢᠵᠤ᠂ ᠭᠠᠳᠠᠷ ᠬᠤᠳᠠ ᠶᠢᠨ ᠲᠤᠮᠳᠠ ᠨᠢ ᠬᠢᠳᠠᠳ ᠤᠨ《 回 》ᠦᠰᠦᠭ ᠤᠨ ᠬᠡᠯᠪᠡᠷᠢ ᠲᠠᠢ ᠂ ᠲᠤᠳᠤᠷ ᠬᠤᠳᠠ ᠶᠢᠨ ᠬᠡᠷᠡᠮ ᠨᠢ ᠵᠡᠬᠦᠨ ᠠᠴᠠ ᠪᠠᠷᠠᠭᠤᠨᠰᠢ 2000 ᠮᠧᠲᠷ᠂ ᠡᠮᠤᠨ᠎ᠡ ᠬᠤᠶᠢᠰᠢ ᠪᠠᠨ1500 ᠮᠧᠲᠷ᠃ ᠬᠠᠭᠠᠨ ᠤ ᠬᠤᠳᠠ ᠨᠢ ᠬᠢᠳᠠᠳ ᠤᠨ《正》ᠦᠰᠦᠭ ᠤᠨ ᠬᠡᠯᠪᠡᠷᠢ ᠲᠠᠢ᠂ ᠲᠤᠳᠤᠷ ᠬᠤᠳᠠ ᠶᠢᠨ ᠬᠤᠶᠢᠳᠤ ᠪᠡᠶ᠎ᠡ ᠳᠤ ᠪᠠᠶᠢᠳᠠᠭ ᠪᠦᠭᠡᠳ ᠬᠡᠷᠡᠮ ᠪᠦᠷᠢ ᠨᠢ 500 ᠮᠧᠲᠷ ᠤᠷᠳᠤ ᠪᠠᠶᠢᠳᠠᠭ᠃ ᠲᠤᠮᠳᠠᠳᠤ ᠨᠡᠶᠢᠰᠯᠡᠯ ᠤᠨ ᠲᠤᠳᠤᠷ ᠬᠤᠳᠠ ᠳᠤ ᠣᠣᠯ ᠲᠠᠭᠠᠨ ᠲᠦᠷᠪᠡᠨ ᠰᠤᠪᠤᠷᠭ᠎ᠠ ᠲᠠᠢ ᠪᠠᠶᠢᠪᠡ᠃ ᠪᠠᠷᠠᠭᠤᠨ ᠡᠮᠤᠨᠡᠬᠢ ᠠᠭᠤᠯᠠ ᠶᠢᠨ ᠬᠢᠷ᠎ᠠ ᠳᠡᠭᠡᠷ᠎ᠡ ᠨᠢᠭᠡᠨ ᠲᠡᠮᠤᠷ ᠰᠤᠪᠤᠷᠭ᠎ᠠ ᠪᠠᠶᠢᠬᠰᠠᠨ ᠪᠤᠯᠪᠠᠴᠤ ᠤᠲᠤ ᠤᠯᠠ ᠮᠦᠷ ᠨᠢ ᠬᠠᠷᠠᠬᠳᠠᠬᠤ ᠦᠭᠡᠢ ᠪᠤᠯᠴᠢᠬᠠᠬᠰᠠᠨ ᠪᠠᠶᠢᠨ᠎ᠠ᠃ ᠡᠬᠦᠨ ᠠᠴᠠ ᠭᠠᠳᠠᠨ᠎ᠠ ᠶᠡᠭᠡ ᠰᠤᠪᠤᠷᠭ᠎ᠠ ᠂ ᠪᠠᠭ᠎ᠠ ᠰᠤᠪᠤᠷᠭ᠎ᠠ᠂ ᠮᠤᠬᠤᠷ ᠰᠤᠪᠤᠷᠭ᠎ᠠ ᠨᠢ ᠡᠳᠤᠭᠡ ᠪᠤᠯᠲᠠᠯ᠎ᠠ ᠦᠯᠡᠳᠡᠭᠰᠡᠭᠡᠷ ᠪᠠᠶᠢᠨ᠎ᠠ᠃ ᠯᠢᠶᠤᠤ᠂ ᠶᠢᠨ᠂ ᠶᠤᠸᠠᠨ᠂ ᠮᠢᠩ ᠤᠨ ᠲᠦᠷᠪᠡᠨ ᠲᠦᠷᠦ ᠶᠢ ᠦᠩᠭᠡᠷᠡᠭᠡᠭᠡᠳ ᠴᠢᠩ ᠤᠯᠤᠰ ᠤᠨ ᠨᠠᠶᠢᠷᠠᠯᠲᠤ ᠲᠦᠪ ᠤᠨ ᠦᠶ᠎ᠡ ᠪᠣᠯᠬᠤ ᠳᠤ ᠯᠢᠶᠤᠤ ᠶᠢᠨ ᠲᠤᠮᠳᠠᠳᠤ ᠨᠡᠶᠢᠰᠯᠡᠯ ᠤᠨ ᠤᠷᠤᠨ ᠨᠢ ᠠᠯᠭᠤᠷ ᠠᠭᠠᠵᠢᠮ ᠢᠶᠠᠷ ᠲᠠᠷᠢᠶᠠᠨ ᠭᠠᠵᠠᠷ ᠪᠤᠯᠤᠬᠰᠠᠨ ᠪᠠᠶᠢᠪᠠ᠃ ᠯᠢᠶᠤᠤ ᠶᠢᠨ ᠲᠤᠮᠳᠠᠳᠤ ᠨᠠᠶᠢᠰᠯᠡᠯ ᠤᠨ ᠪᠠᠭᠤᠷᠢ ᠭᠡᠪᠡᠯ ᠤᠲᠤ ᠵᠦᠪᠬᠡᠨ ᠭᠤᠷᠪᠠᠨ ᠰᠠᠭᠤᠷᠢ ᠲᠤᠭᠤᠰᠬ᠎ᠠ ᠶᠢᠨ ᠰᠤᠪᠤᠷᠭ᠎ᠠ ᠪᠤᠯᠤᠨ ᠬᠤᠳᠠ ᠶᠢᠨ ᠪᠡᠷᠠᠭᠤᠨ ᠡᠮᠤᠨ᠎ᠡ ᠪᠤᠯᠤᠩ ᠳᠠᠬᠢ ᠨᠢᠭᠡ ᠰᠠᠭᠤᠷᠢ ᠰᠦᠮ᠎ᠡ ᠶᠢᠨ ᠬᠤᠷᠢᠶ᠎ᠠ ᠶᠢᠨ ᠪᠠᠭᠤᠷᠢ ᠲᠡᠳᠤᠢ ᠪᠤᠯᠵᠡᠢ᠃ ᠲᠡᠮᠳᠡᠭᠯᠡᠯ ᠢ ᠦᠨᠳᠤᠰᠤᠯᠡᠪᠡᠯ ᠲᠤᠰ ᠰᠦᠮ᠎ᠡ ᠶᠢᠨ ᠨᠡᠷ᠎ᠡ ᠨᠢ ᠯᠢᠩ ᠭᠠᠨ ᠰᠧ ᠭᠡᠳᠡᠭ᠃ ᠰᠦᠮ᠎ᠡ ᠶᠢᠨ ᠲᠦᠪ ᠲᠤᠮᠳᠡ ᠳᠠᠬᠢ ᠨᠢᠭᠡ ᠲᠠᠯ᠎ᠠ ᠶᠢ ᠨᠢ ᠲᠠᠪᠤᠨ ᠲᠠᠰᠤᠯᠭ᠎ᠠ ᠬᠤᠪᠢᠶᠠᠬᠰᠠᠨ ᠪᠠᠶᠢᠳᠠᠭ᠂ ᠲᠤᠳᠤᠬᠠᠰᠢ ᠤᠷᠤᠪᠠᠯ ᠪᠠᠰᠠ ᠲᠠᠪᠤᠨ ᠶᠡᠭᠡ ᠲᠠᠰᠤᠯᠭ᠎ᠠ ᠪᠦᠬᠦᠢ ᠲᠤᠮᠤ ᠲᠤᠭᠠᠩ ᠲᠠᠢ ᠶᠤᠮ ᠃ ᠬᠡᠷᠡᠮ ᠤᠨ ᠰᠠᠭᠤᠷᠢ᠂ ᠲᠤᠯᠭᠠᠭᠤᠷᠢ ᠶᠢᠨ ᠰᠠᠭᠤᠷᠢ᠂ ᠭᠠᠵᠡᠷ ᠲᠤ ᠲᠡᠪᠢᠰᠦᠭᠰᠠᠨ ᠲᠤᠭᠤᠰᠬ᠎ᠠ ᠨᠢ ᠤᠳᠤ ᠪᠤᠯᠳᠡᠯ᠎ᠠ ᠮᠥᠨ ᠬᠡᠪ ᠢᠶᠠᠷ ᠢᠶᠠᠨ ᠪᠠᠶᠢᠬᠰᠠᠭᠠᠷ᠃ ᠡᠬᠦᠨ ᠠᠴᠠ ᠭᠠᠳᠠᠨ᠎ᠠ ᠪᠠᠰᠠ ᠮᠠᠰᠢ ᠤᠯᠠᠨ ᠡᠪᠳᠡᠭᠳᠡᠭᠰᠡᠨ ᠪᠤᠷᠬᠠᠨ ᠤ ᠬᠦᠷᠦᠭ ᠤᠨ ᠰᠡᠶᠢᠯᠤᠮᠠᠯ ᠤᠳ ᠪᠤᠢ᠃ ᠯᠢᠶᠤᠤ ᠶᠢᠨ ᠲᠤᠮᠳᠠᠳᠤ ᠨᠠᠶᠢᠰᠯᠡᠯ ᠤᠨ ᠪᠠᠭᠤᠷᠢ ᠪᠤᠯ ᠤᠯᠤᠰ ᠤᠨ ᠲᠡᠰ ᠤᠨ ᠲᠡᠤᠭᠡ ᠶᠢᠨ ᠲᠤᠷᠠᠰᠬᠠᠯᠲᠤ ᠵᠤᠶᠢᠯ ᠢ ᠬᠠᠮᠠᠭᠠᠯᠠᠬᠤ ᠨᠢᠭᠡᠴᠡ ᠶᠢᠨ ᠨᠢᠭᠡ ᠨᠢ ᠪᠤᠯᠬᠤ ᠶᠤᠮ᠃ 1992 ᠤᠨ ᠳᠤ᠂ ᠤᠯᠤᠰ ᠠᠴᠠ ᠰᠡᠯᠪᠢᠨ ᠵᠠᠰᠠᠬᠤ ᠲᠤᠰᠬᠠᠢ ᠮᠦᠩᠭᠦ ᠭᠠᠷᠭᠠᠨ᠂ ᠭᠤᠷᠪᠠᠨ ᠰᠠᠭᠤᠷᠢ ᠲᠤᠭᠤᠰᠬ᠎ᠠ ᠶᠢᠨ ᠰᠤᠪᠤᠷᠭ᠎ᠠ ᠶᠢ ᠰᠢᠨᠡᠳᠭᠡᠨ ᠰᠡᠯᠪᠢᠵᠦ ᠵᠠᠰᠠᠬᠰᠠᠨ ᠪᠠᠶᠢᠵᠠᠢ᠃ 1984 ᠤᠨ ᠠᠴᠠ ᠡᠬᠢᠯᠡᠭᠡᠳ ᠠᠳᠡ ᠵᠢᠯ ᠪᠦᠷᠢ ᠨᠢᠭᠡ ᠣᠳᠠᠭᠠᠨ ᠤ ᠰᠦᠮ᠎ᠡ ᠶᠢᠨ ᠬᠤᠷᠠᠯ ᠬᠢᠬᠦ ᠪᠤᠯᠵᠠᠢ᠃ ᠢᠩᠬᠢᠭᠰᠡᠨ ᠢᠶᠠᠷ ᠣᠶᠢᠷ᠎ᠠ ᠤᠷᠴᠢᠨ ᠤ ᠠᠷᠠᠳ ᠢᠷᠭᠡᠳ ᠵᠢᠯ ᠪᠦᠷᠢ ᠠᠳᠡ ᠴᠤᠬᠯᠠᠷᠠᠵᠠᠭᠠᠨ᠂ ᠰᠦᠮ᠎ᠡ ᠶᠢᠨ ᠬᠤᠷᠠᠯ ᠳᠤ ᠤᠷᠤᠯᠴᠠᠳᠠᠭ᠃