 

ᠰᠢᠯᠤᠭᠤᠨ ᠬᠦᠭᠡ ᠬᠤᠰᠢᠭᠤᠨ ᠤ ᠮᠠᠯᠴᠢᠳ ᠺᠣᠹᠧ ᠲᠠᠢ ᠬᠤᠷᠤᠳ ᠬᠢᠵᠦ ᠭᠠᠷᠭᠠᠯ᠎ᠠ

2018-07-31 15:10
  231
  0

     ᠡᠨᠡ ᠪᠤᠯ 7 ᠰᠠᠷ᠎ᠠ ᠶᠢᠨ 21᠎ ᠤ ᠡᠳᠦᠷ᠂ ᠰᠢᠯᠤᠭᠤᠨ ᠬᠦᠭᠡ ᠬᠤᠰᠢᠭᠤᠨ ᠤ ᠰᠠᠩ ᠤᠨ ᠳᠠᠯᠠᠢ ᠪᠠᠯᠭᠠᠰᠤᠨ ᠤ ᠶᠡᠬᠡᠲᠡᠯ᠎ᠠ ᠭᠠᠴᠠᠭᠠᠨ ᠤ ︽ᠨᠤᠲᠤᠭ︾ ᠬᠤᠷᠰᠢᠶᠠᠵᠢᠯ ᠤᠨ ᠮᠠᠯᠴᠢᠳ ᠤᠨ ᠬᠢᠭᠰᠡᠨ ᠴᠠᠭᠠᠨ ᠢᠳᠡᠭᠡᠨ ᠤ ᠰᠢᠨ᠎ᠠ ᠪᠦᠲᠦᠭᠡᠭᠳᠡᠬᠦᠨ ᠪᠤᠯᠬᠤ ᠺᠤᠹᠧ ᠲᠠᠢ ᠬᠤᠷᠤᠳ ᠪᠤᠯᠤᠨ᠎ᠠ᠃
    ︽ᠫᠦ᠋ ᠡᠯ ᠮᠤᠩᠭᠤᠯ ᠬᠠᠨ ᠺᠤᠹᠧ︾ ᠺᠤᠮᠫᠠᠨᠢ ᠶᠢ 2016 ᠤᠨ ᠤ 11 ᠰᠠᠷ᠎ᠠ ᠶᠢᠨ 16᠎ ᠤ ᠡᠳᠦᠷ ᠶᠦᠨᠨᠠᠨ ᠮᠤᠵᠢ ᠶᠢᠨ ᠫᠦ᠋ ᠡᠯ ᠲᠤᠰᠬᠤᠨ ᠳᠤ᠂ ᠷᠢᠨᠴᠢᠨᠳᠤᠩᠷᠤᠪ᠂ ᠪᠤᠶᠠᠨᠳᠤ ᠨᠠᠷ ᠬᠠᠮᠳᠤᠷᠠᠨ ᠡᠬᠦᠰᠭᠡᠨ ᠪᠠᠶᠢᠭᠤᠯᠵᠠᠢ᠃ ᠲᠡᠳᠡ ᠺᠤᠹᠧ ᠲᠠᠢ ᠴᠠᠭᠠᠨ ᠢᠳᠡᠭᠡᠨ ᠤ ᠪᠦᠲᠦᠭᠡᠭᠳᠡᠬᠦᠨ ᠬᠢᠬᠦ ᠠᠵᠢᠯ ᠢᠶᠠᠨ ᠡᠨᠡ ᠵᠢᠯ ᠤᠨ ᠡᠬᠢᠨ ᠠᠴᠠ ᠡᠬᠢᠯᠡᠬᠦᠯᠵᠦ᠂ 2018 ᠤᠨ ᠤ 1 ᠰᠠᠷ᠎ᠠ ᠶᠢᠨ 29 — 30᠎ ᠤ ᠡᠳᠦᠷ ᠬᠦᠷᠲᠡᠯᠡᠬᠢ ︽ᠶᠦᠨᠨᠠᠨ ᠮᠤᠵᠢ ᠶᠢᠨ ᠠᠩᠬᠠᠳᠠᠭᠴᠢ ᠤᠳᠠᠭᠠᠨ ᠤ ᠫᠦ᠋ ᠡᠯ ᠺᠤᠹᠧ ᠶᠢᠨ ᠦᠵᠡᠰᠬᠦᠯᠡᠩ︾᠎ ᠳᠤ ᠤᠷᠤᠯᠴᠠᠵᠦ᠂ ᠠᠩᠬ᠎ᠠ ᠤᠳᠠᠭ᠎ᠠ ᠺᠤᠹᠧ ᠲᠠᠢ ᠬᠤᠷᠤᠳ ᠢᠶᠠᠨ ᠳᠡᠯᠭᠡᠨ ᠦᠵᠡᠬᠦᠯᠵᠡᠢ᠃ ︽ᠫᠦ᠋ ᠡᠯ ᠮᠤᠩᠭᠤᠯ ᠬᠠᠨ ᠺᠤᠹᠧ ᠺᠤᠮᠫᠠᠨᠢ︾᠎ ᠨᠢ ᠺᠤᠹᠧ ᠶᠢᠨ ᠲᠠᠯᠬ᠎ᠠ ᠪᠤᠯᠤᠨ ᠮᠡᠷᠭᠡᠵᠢᠯ ᠢᠶᠠᠨ ᠮᠠᠨ ᠤ ᠤᠷᠤᠨ ᠤ ᠮᠤᠩᠭᠤᠯ ᠨᠤᠲᠤᠭ ᠤᠨ ᠮᠠᠯᠵᠢᠬᠤ ᠤᠷᠤᠨ ᠤ ᠬᠡᠰᠡᠭ ᠭᠠᠵᠠᠷ ᠤᠨ ᠰᠦ ᠶᠢᠨ ᠪᠦᠲᠦᠭᠡᠭᠳᠡᠬᠦᠨ ᠡᠳ᠋ᠰᠢᠯᠡᠬᠦᠯᠦᠨ ᠬᠢᠳᠡᠭ ᠭᠠᠵᠠᠷ ᠲᠤ ᠬᠠᠩᠭᠠᠨ ᠦᠭᠴᠤ ᠬᠠᠮᠲᠤᠷᠠᠨ ᠬᠢᠳᠡᠭ ᠶᠤᠮ᠃ ᠲᠤᠬᠠᠢᠢᠯᠠᠪᠠᠯ᠂ ᠰᠢᠯᠤᠭᠤᠨ ᠬᠦᠭᠡ ᠬᠤᠰᠢᠭᠤᠨ ᠤ ︽ᠲᠡᠭᠷᠢᠯᠢᠭ ᠲᠠᠯ᠎ᠠ︾ ᠴᠠᠭᠠᠨ ᠢᠳᠡᠭᠡᠨ ᠤ ᠺᠤᠮᠫᠠᠨᠢ᠂ ᠰᠢᠯᠢ ᠶᠢᠨ ᠭᠤᠤᠯ ᠠᠶᠢᠮᠠᠭ ᠤᠨ ︽ᠭᠤᠤᠯᠴᠢ︾ ᠲᠡᠮᠳᠡᠭᠲᠤ ᠴᠠᠭᠠᠨ ᠢᠳᠡᠭᠡ ᠡᠳ᠋ᠰᠢᠯᠡᠬᠦᠯᠦᠨ ᠪᠤᠯᠪᠠᠰᠤᠷᠠᠭᠤᠯᠬᠤ ᠭᠠᠵᠠᠷ᠂ ᠬᠦᠪᠡᠭᠡᠲᠤ ᠰᠢᠷ᠎ᠠ ᠬᠤᠰᠢᠭᠤᠨ ᠤ ︽ᠨᠤᠮᠢᠨ︾ ᠴᠠᠭᠠᠨ ᠢᠳᠡᠭᠡ ᠪᠤᠯᠪᠠᠰᠤᠷᠠᠭᠤᠯᠬᠤ ᠭᠠᠵᠠᠷ᠂ ᠬᠦᠪᠡᠭᠡᠲᠤ ᠰᠢᠷ᠎ᠠ ᠬᠤᠰᠢᠭᠤᠨ ᠤ ︽ᠠᠩᠭᠢᠷ︾ ᠴᠠᠭᠠᠨ ᠢᠳᠡᠭᠡ ᠪᠤᠯᠪᠠᠰᠤᠷᠠᠭᠤᠯᠬᠤ ᠭᠠᠵᠠᠷ ᠵᠡᠷᠭᠡ ᠲᠠᠢ ᠴᠦᠮ ᠬᠠᠮᠳᠤᠷᠠᠯᠴᠠᠭ᠎ᠠ ᠲᠠᠢ ᠶᠤᠮ᠃ ᠡᠬᠦᠨ ᠤ ᠨᠢᠭᠡ ᠪᠤᠯ ︽ᠨᠤᠲᠤᠭ︾ ᠬᠤᠷᠰᠢᠶᠠᠵᠢᠯ ᠤᠨ ᠮᠠᠯᠴᠢᠳ ᠪᠤᠯᠤᠨ᠎ᠠ᠃
      ︽ᠨᠤᠲᠤᠭ︾ ᠬᠤᠷᠰᠢᠶᠠᠵᠢᠯ ᠪᠤᠯ 2014 ᠤᠨ ᠳᠤ ᠰᠢᠯᠤᠭᠤᠨ ᠬᠦᠭᠡ ᠬᠤᠰᠢᠭᠤᠨ ᠤ ᠰᠠᠩ ᠤᠨ ᠳᠠᠯᠠᠢ ᠪᠠᠯᠭᠠᠰᠤᠨ ᠤ ᠶᠡᠬᠡᠲᠡᠯ᠎ᠠ ᠭᠠᠴᠠᠭᠠᠨ ᠤ ᠨᠤᠲᠤᠭ ᠤᠨ ᠮᠠᠯᠴᠢᠳ ᠤᠨ ᠪᠠᠶᠢᠭᠤᠯᠤᠭᠰᠠᠨ ᠬᠤᠷᠰᠢᠶᠠᠵᠢᠯ ᠪᠤᠯᠤᠨ᠎ᠠ᠃ ᠦᠩ ᠰᠢᠮᠡᠯᠢᠭ ᠰᠢᠯᠢ ᠶᠢᠨ ᠭᠤᠤᠯ ᠤᠨ ᠲᠠᠯ᠎ᠠ ᠨᠤᠲᠤᠭ ᠲᠤ ᠠᠩᠬ᠎ᠠ ᠡᠬᠢᠯᠡᠭᠡᠳ ᠰᠠᠭᠠᠯᠢ ᠶᠢᠨ ᠦᠨᠢᠶ᠎ᠠ ᠮᠠᠯᠵᠢᠵᠦ ᠪᠠᠶᠢᠭᠰᠠᠨ ᠠᠴᠠ ᠡᠨᠡ ᠵᠢᠯ ᠤᠨ 5 ᠰᠠᠷ᠎ᠠ ᠠᠴᠠ ᠰᠦ ᠶᠢᠨ ᠪᠦᠲᠦᠭᠡᠭᠳᠡᠬᠦᠨ ᠬᠢᠬᠦ ᠶᠢ ᠭᠤᠤᠯᠳᠠᠭᠤᠯᠵᠦ᠂ ᠰᠢᠯᠤᠭᠤᠨ ᠬᠦᠭᠡ ᠬᠤᠰᠢᠭᠤᠨ ᠤ ᠤᠷᠳᠤᠨ ᠤ ᠴᠠᠭᠠᠨ ᠢᠳᠡᠭᠡ ᠶᠢ ᠬᠢᠬᠦ ᠤᠯᠠᠮᠵᠢᠯᠠᠯᠲᠤ ᠠᠷᠭ᠎ᠠ ᠶᠢ ᠰᠡᠷᠭᠦᠭᠡᠨ᠂ ᠮᠤᠳᠤᠨ ᠰᠠᠪᠠ᠂ ᠸᠠᠭᠠᠷ ᠰᠠᠪᠠ ᠪᠠᠷ ᠢᠳᠡᠭᠡ ᠴᠠᠭ᠎ᠠ ᠪᠠᠨ ᠢᠰᠭᠡᠨ ᠪᠤᠯᠪᠠᠰᠤᠷᠠᠭᠤᠯᠳᠠᠭ ᠠᠵᠠᠢ᠃ ᠲᠡᠳᠡ ᠮᠠᠰᠢᠨ ᠬᠡᠷᠡᠭᠰᠡᠯ ᠪᠤᠯᠤᠨ ᠰᠦᠯᠢᠶᠤᠤ ᠬᠡᠷᠡᠭᠰᠡᠯ ᠢ ᠲᠡᠪᠴᠢᠵᠦ ᠪᠠᠶᠢᠭ᠎ᠠ ᠨᠢ ᠤᠨᠴᠠᠯᠢᠭ ᠲᠠᠢ ᠪᠢᠯᠡ᠃ ᠴᠠᠭ ᠡᠷᠡᠨ ᠤ ᠠᠯᠬᠤᠬ᠎ᠠ᠂ ᠳᠡᠯᠡᠬᠡᠢ ᠨᠡᠶᠢᠲᠡ ᠶᠢᠨ ᠬᠦᠭᠵᠢᠯ᠂ ᠬᠦᠮᠦᠰ ᠤᠨ ᠬᠡᠷᠡᠭᠴᠡᠭᠡ ᠱᠠᠭᠠᠷᠳᠠᠯᠭ᠎ᠠ ᠶᠢ ᠤᠢᠢᠯᠠᠭᠠᠵᠦ᠂ ᠤᠯᠠᠮᠵᠢᠯᠠᠯᠲᠤ ᠴᠠᠭᠠᠨ ᠢᠳᠡᠭᠡ ᠳᠤ ᠪᠠᠨ ᠰᠢᠨᠡᠴᠢᠯᠡᠯᠳᠡ ᠤᠷᠤᠭᠤᠯᠬᠤ ᠪᠤᠯ ᠮᠠᠨ ᠤ ᠮᠠᠯᠴᠢᠨ ᠤᠨ ᠲᠤᠯᠭᠠᠮ᠎ᠠ ᠱᠠᠭᠠᠷᠳᠠᠯᠭ᠎ᠠ ᠮᠦᠨ᠃ ᠮᠦᠨᠴᠤ ᠮᠤᠩᠭᠤᠯ ᠨᠤᠲᠤᠭ ᠤᠨ ᠴᠠᠭᠠᠨ ᠢᠳᠡᠭᠡ ᠶᠢᠨ ᠬᠦᠭᠵᠢᠯᠳᠡ ᠳᠤ ᠵᠠᠪᠠᠯ ᠵᠠᠮᠨᠠᠪᠠᠰᠤ ᠵᠠᠮ ᠪᠤᠯᠬᠤ ᠪᠢᠯᠡ᠃ ︽ᠨᠤᠲᠤᠭ︾ ᠬᠤᠷᠰᠢᠶᠠᠵᠢᠯ ᠨᠢ ᠡᠨᠡ ᠵᠢᠯ ᠤᠨ 6 ᠰᠠᠷ᠎ᠠ ᠠᠴᠠ ᠡᠬᠢᠯᠡᠨ ︽ᠫᠦ᠋ ᠡᠯ ᠮᠤᠩᠭᠤᠯ ᠬᠠᠨ ᠺᠤᠹᠧ ᠺᠤᠮᠫᠠᠨᠢ︾᠎ ᠲᠠᠢ ᠬᠠᠮᠳᠤᠷᠠᠨ ᠠᠵᠢᠯᠯᠠᠵᠦ ᠰᠢᠨ᠎ᠠ ᠪᠦᠲᠦᠭᠡᠭᠳᠡᠬᠦᠨ ᠢᠶᠠᠨ ᠦᠢᠯᠡᠳᠪᠦᠷᠢᠯᠡᠨ ᠵᠠᠬ᠎ᠠ ᠳᠡᠯᠭᠡᠭᠦᠷ ᠲᠤ ᠭᠠᠷᠭᠠᠵᠠᠢ᠃ ᠤᠳᠤ ᠪᠤᠯᠬᠤ ᠳᠤ ᠲᠡᠳᠡ ᠺᠤᠹᠧ ᠲᠠᠢ ᠬᠤᠷᠤᠳ᠂ ᠺᠤᠹᠧ ᠲᠠᠢ ᠡᠭᠡᠵᠡᠭᠡᠢ᠂ ᠺᠤᠹᠧ ᠲᠠᠢ ᠰᠢᠷᠠᠰᠤᠨ ᠤ ᠰᠢᠬᠢᠷ᠂ ᠺᠤᠹᠧ ᠲᠠᠢ ᠲᠤᠭᠤᠢ ᠪᠤᠭᠤᠷᠰᠤᠭ ᠢ ᠬᠢᠵᠦ ᠪᠠᠶᠢᠨ᠎ᠠ᠃
     ᠨᠤᠲᠤᠭ ᠤᠨ ᠪᠤᠷᠤᠬᠠᠨ ᠮᠠᠯᠴᠢᠨ ᠲᠠᠢ ᠬᠤᠷᠰᠢᠶᠠᠵᠢᠯ ᠦᠨᠦᠳᠦᠷ ᠳᠡᠯᠡᠬᠡᠢ ᠶᠢᠨ ᠵᠠᠬ᠎ᠠ ᠳᠤ ᠬᠦᠯ ᠬᠢᠰᠬᠢᠯ᠎ᠠ᠃ ︽ᠳᠡᠮ ᠳᠡᠮ ᠳᠤ ᠪᠠᠨ ᠳᠡᠭᠡᠰᠦ ᠡᠷᠴᠢᠮ ᠳᠤ ᠪᠠᠨ︾ ᠭᠡᠳᠡᠭ ᠢᠶᠠᠷ᠂ ᠡᠨᠡ ᠪᠤᠯ ᠮᠠᠯᠴᠢᠨ ᠬᠦᠮᠦᠨ ᠤ ᠤᠷ᠎ᠠ ᠤᠠᠬᠭᠠᠨ ᠠᠴᠠ ᠭᠠᠳᠠᠨ᠎ᠠ᠂ ᠳᠡᠯᠡᠬᠡᠢ ᠶᠢᠨ ᠵᠠᠬ᠎ᠠ ᠳᠤ ᠬᠦᠯ ᠵᠤᠯᠭᠠᠭᠤᠯᠤᠭᠰᠠᠨ ︽ᠫᠦ᠋ ᠡᠯ ᠮᠤᠩᠭᠤᠯ ᠬᠠᠨ ᠺᠤᠹᠧ ᠺᠤᠮᠫᠠᠨᠢ︾᠎ ᠶᠢᠨ ᠨᠢᠬᠡ ᠶᠤᠰᠤᠨ ᠤ ᠠᠮᠵᠢᠯᠳᠠ ᠪᠠᠶᠢᠭ᠎ᠠ ᠶᠤᠮ᠃ ᠰᠦ ᠶᠢᠨ ᠦᠢᠯᠡᠰ ᠰᠦ ᠴᠠᠭᠠᠨ ᠮᠦᠷ ᠲᠠᠢ ᠪᠠᠶᠢᠳᠠᠭ᠃ ᠮᠤᠩᠭᠤᠯ ᠨᠤᠲᠤᠭ ᠤᠨ ᠴᠠᠭᠠᠨ ᠢᠳᠡᠭᠡ᠂ ᠺᠤᠹᠧ ᠲᠠᠢ ᠢᠳᠡᠭᠡᠰᠢᠨ ᠠᠭᠤᠰᠴᠤ ᠳᠡᠯᠡᠬᠡᠢ ᠵᠦᠭ ᠭᠠᠷᠬᠤ ᠪᠤᠯᠤᠯ᠎ᠠ᠃ ᠺᠤᠹᠧ ᠲᠠᠢ ᠴᠠᠭᠠᠨ ᠢᠳᠡᠭᠡᠨ ᠤ ᠪᠦᠲᠦᠭᠡᠭᠳᠡᠬᠦᠨ ᠪᠤᠯ ᠦᠷᠦᠨᠠᠳᠠᠬᠢᠨ ᠤ ᠢᠳᠡᠭᠡᠨ ᠤ ᠰᠤᠶᠤᠯ ᠪᠤᠯᠤᠨ ᠮᠠᠨ ᠤ ᠮᠤᠩᠭᠤᠯ ᠤᠯᠠᠮᠵᠢᠯᠠᠯᠳᠤ ᠢᠳᠡᠭᠡᠨ ᠤ ᠰᠤᠶᠤᠯ ᠤᠨ ᠰᠢᠨ᠎ᠠ ᠲᠡᠤᠬᠡ ᠮᠦᠨ᠃ ᠮᠦᠨᠴᠤ ᠮᠠᠨ ᠤ ᠮᠤᠩᠭᠤᠯ ᠤᠯᠠᠮᠵᠢᠯᠠᠯᠳᠤ ᠴᠠᠭᠠᠨ ᠢᠳᠡᠭᠡᠨ ᠤ ᠬᠦᠭᠵᠢᠯᠳᠠ ᠳᠤᠮᠳᠠᠬᠢ ᠰᠢᠨ᠎ᠠ ᠡᠬᠦᠳᠦᠯᠳᠡ᠂ ᠰᠢᠨ᠎ᠠ ᠲᠡᠤᠬᠡ ᠪᠤᠯᠬᠤ ᠨᠢ ᠳᠠᠮᠵᠢᠭ ᠦᠬᠡᠢ᠃ ᠮᠠᠯᠴᠢᠨ ᠲᠦᠮᠡᠨ ᠮᠠᠨᠢ ᠳᠡᠯᠡᠬᠡᠢ ᠶᠢᠨ ᠵᠠᠬ᠎ᠠ ᠳᠤ ᠭᠠᠷᠬᠤ ᠳᠤ ᠪᠠᠰᠠ ᠨᠢᠭᠡᠨ ᠰᠢᠨ᠎ᠠ ᠵᠠᠮ ᠲᠠᠢ ᠪᠤᠯᠤᠯ᠎ᠠ᠃  ᠴᠣᠯᠮᠣᠨ ᠰᠦᠮᠪᠦᠷ ᠰᠠᠨᠰᠠᠷ 



  
     
     