-
27575
ᠮᠠᠶᠢᠮᠠᠶᠢᠴᠢᠨ ᠪᠠ ᠰᠢᠷᠭᠠᠯ ᠪᠠᠭᠠᠯ ᠬᠣᠶᠠᠷ
2017-07-17 12:42
373
0
ᠨᠢᠭᠡ ᠰᠦᠨᠢ ᠭᠡᠵᠦ ᠬᠡᠳᠦᠢ ᠤᠷᠲᠤ ᠪᠣᠢ᠂ ᠮᠠᠶᠢᠮᠠᠶᠢᠬᠢᠨ ᠤ ᠳᠤ ᠴᠣᠬᠣᠮ ᠶᠠᠮᠠᠷ ᠠᠭᠣᠷ ᠠᠮᠢᠰᠬᠣᠯ ᠪᠣᠯᠳᠠᠭ ᠢ ᠬᠡᠨ ᠴᠦ ᠲᠣᠳᠣᠷᠬᠠᠢ ᠮᠡᠳᠡᠳᠡᠭ ᠦᠭᠡᠢ᠃ ᠦᠨᠦᠬᠡᠨ ᠰᠠᠶ᠋ᠢ ᠴᠡᠯᠮᠡᠭ ᠪᠠᠶᠢᠭᠰᠠᠨ ᠲᠡᠭᠷᠢ ᠦᠨᠦ ᠰᠦᠨᠢ ᠲᠡᠭᠡᠭᠡᠳ ᠰᠦᠷᠡᠬᠡᠢ ᠶᠡᠬᠡ ᠵᠤᠳ ᠵᠤᠳᠬᠠᠨ ᠪᠣᠯᠴᠢᠬᠠᠬᠣ ᠨᠢ ᠲᠡᠷᠡ᠃ ᠮᠠᠮᠠᠶᠢᠴᠢᠨ ᠤ ᠬᠢᠨ ᠨᠡᠩ ᠣᠶᠢᠯᠠᠭᠠᠳᠠᠭ ᠦᠭᠡᠢ ᠨᠢ ᠰᠠᠶ᠋ᠢᠬᠠᠨ ᠨᠢᠳᠣ ᠨᠤᠬᠤᠯᠠᠬᠤ ᠠᠴᠠ ᠯᠡ ᠡᠮᠦᠨ᠎ᠡ ᠲᠡᠷᠭᠡᠯ ᠰᠠᠷᠠᠨ ᠮᠡᠯᠲᠡᠶᠢᠵᠦ ᠪᠠᠶᠢᠭᠰᠠᠨ ᠨᠢ ᠦᠨᠦᠬᠡᠨ ᠬᠠᠮᠢᠭ᠎ᠠ ᠵᠢᠯᠢᠪᠡ︖ ᠪᠦᠰᠡᠭᠦᠢ ᠲᠡᠭᠷᠢ ᠨᠢᠭᠡ ᠯᠡ ᠵᠢᠪᠡᠭᠡᠢ ᠴᠢᠷᠠᠶᠢᠯᠠᠵᠣ᠂ ᠨᠣᠶᠢᠳᠡᠨ ᠡᠯᠡᠰᠦᠨ ᠵᠢᠪᠡᠷ ᠨᠢᠭᠣᠷ ᠨᠢᠳᠣ ᠶᠢ ᠵᠢᠮᠴᠢᠭᠦᠯᠦᠨᠡ᠃
ᠮᠠᠶᠢᠮᠠᠶᠢᠴᠢᠨ ᠦᠷᠦᠭᠡ ᠪᠡᠨ ᠲᠠᠷᠣᠵᠣ᠂ ᠦᠨᠦᠳᠦᠷ ᠦᠨ ᠣᠯᠵᠠ ᠪᠠᠨ ᠬᠣᠷᠣᠭᠣ ᠳᠠᠷᠣᠨ ᠪᠣᠳᠣᠵᠣ ᠪᠠᠶᠢᠲᠠᠯ᠎ᠠ ᠡᠯᠡᠰᠦᠨ ᠭᠣᠪᠢ ᠶᠢᠨ ᠦᠨᠦᠴᠢᠨ ᠰᠦᠨᠢᠳ ᠢ ᠬᠠᠮᠲᠦ ᠪᠠᠷ ᠲᠤᠭᠤᠯᠠᠭᠰᠠᠭᠠᠷ ᠢᠷᠡᠭᠰᠡᠨ ᠰᠢᠷᠭᠠᠯ ᠪᠠᠭᠠᠯ ᠨᠢ ᠰᠢᠷᠬᠤᠨᠤᠭ ᠠᠴᠠ ᠨᠢ ᠲᠠᠲᠠᠵᠣ᠂ ᠭᠠᠰᠠᠯᠠᠩ ᠪᠤᠯᠵᠦ ᠠᠮᠠᠷᠠᠭᠣᠯᠵᠦ ᠥᠭᠳᠡᠭ ᠦᠭᠡᠢ ᠮᠠᠮᠠᠶᠢᠴᠢᠨ ᠨᠢᠭᠡ ᠵᠢᠪᠡᠭᠡᠢ ᠴᠢᠷᠠᠶᠢᠯᠠᠵᠦ︽ ᠢᠳᠡᠭᠡᠳ ᠴᠠᠳᠳᠠᠭ ᠦᠭᠡᠢ ᠠᠮᠢᠳᠠᠨ ᠦᠦ︾ ᠭᠡᠵᠦ ᠲᠦᠳᠦᠨᠡᠭᠰᠡᠨ ᠢᠶᠡᠨ ᠨᠢᠭᠡ ᠴᠢᠳᠬᠣᠮᠠᠯ ᠭᠡᠳᠡᠰᠦ ᠶᠢ ᠭᠠᠵᠠᠷ ᠲᠤ ᠫᠠᠰ ᠬᠢᠳᠡᠯ᠎ᠡ ᠬᠠᠶᠠᠵᠦ ᠣᠷᠬᠢᠪᠠ᠃ ᠰᠢᠷᠭᠠᠯ ᠪᠠᠭᠠᠯ ᠳᠤᠷ᠎ᠠ ᠮᠠᠭᠣᠲᠠᠢ ᠪᠣᠯᠪᠠᠴᠤ ᠢᠳᠡᠬᠦ ᠰᠢᠨᠣᠯ ᠢᠶᠠᠨ ᠳᠠᠷᠣᠵᠣ ᠳᠡᠶᠢᠯᠦᠭᠰᠡᠨ ᠦᠭᠡᠢ ᠭᠡᠳᠡᠰᠦ ᠶᠢ ᠵᠠᠭᠣᠵᠦ ᠡᠭᠦᠷ ᠲᠦ ᠪᠡᠨ ᠪᠣᠴᠠᠪᠠ᠃
ᠮᠠᠶᠢᠮᠠᠶᠢᠴᠢᠨ ᠪᠠᠭ᠎ᠠ ᠠᠮᠠᠷᠠᠵᠣ ᠨᠦᠭᠦᠭᠡᠳᠡᠬᠢ ᠪᠡᠨ ᠵᠠᠯᠭᠠᠵᠣ ᠪᠣᠳᠣᠨ᠎ᠠ᠃︽ ᠦᠨᠦᠳᠦᠷ ᠠ ᠶᠢᠨ ᠬᠢᠨ ᠵᠠᠭᠣᠨ ᠵᠣᠭᠣᠰ ᠤᠨ ᠮᠠᠶᠢᠮᠠᠢ ᠬᠢᠵᠦ᠂ ᠡ ᠶᠢᠨ ᠬᠢᠨ ᠬᠣᠶᠠᠷ ᠵᠠᠭᠣᠨ ᠵᠣᠭᠣᠰ ᠤᠨ ᠪᠠᠷᠠᠭ᠎ᠠ ᠠᠪᠴᠣ᠂ ᠢ ᠶᠢᠨ ᠬᠢᠨ ᠲᠠᠪᠣᠨ ᠵᠠᠭᠣᠨ ᠵᠣᠭᠣᠰ ᠤᠨ ᠡᠳ᠋ ᠣᠷᠣᠭᠣᠯᠵᠣ..... ᠬᠥ᠋᠂ ᠡᠨᠡ ᠡᠳᠦᠷ ᠦᠨ ᠣᠷᠣᠯᠭ᠎ᠠ ᠪᠠᠭ᠎ᠠ ᠪᠤᠰᠤ ᠡ︾ ᠭᠡᠵᠦ ᠦᠷᠴᠢᠯᠡᠭᠡᠰᠦ ᠲᠡᠨᠢᠢᠵᠦ ᠨᠢᠭᠡ ᠶᠡᠬᠡ ᠪᠠᠶᠠᠷᠯᠠᠭᠰᠠᠨ ᠢᠶᠠᠨ︽ ᠰᠢᠷᠭᠠᠯ ᠪᠠᠭᠠᠯ ᠡ᠂ ᠰᠢᠷᠭᠠᠯ ᠪᠠᠭᠠᠯ ᠡ︾ ᠭᠡᠵᠦ ᠬᠠᠰᠭᠢᠷᠬᠣ ᠳᠤ ᠰᠢᠷᠭᠠᠯ ᠪᠠᠭᠠᠯ ᠠᠯᠠᠰᠬᠢᠨ ᠪᠠᠶᠠᠷᠯᠠᠵᠦ︽ ᠬᠠᠪ ᠬᠠᠪ︾ ᠬᠤᠴᠠᠨ ᠢᠷᠡᠪᠡ᠃ ᠮᠠᠶᠢᠮᠠᠶᠢᠴᠢᠨ ᠰᠢᠷᠭᠠᠯ ᠪᠠᠭᠠᠯ ᠳᠤ ᠪᠠᠨ ᠪᠠᠶᠠᠷ ᠤᠨ ᠮᠡᠳᠡᠭᠡ ᠪᠡᠨ ᠳᠠᠮᠵᠢᠭᠣᠯᠣᠨ ᠲᠣᠯᠣᠭᠠᠢ ᠶᠢ ᠨᠢ ᠬᠡᠳᠦ ᠢᠯᠪᠢᠵᠦ ᠠᠪᠣᠭᠠᠳ ᠬᠣᠪᠢᠩ ᠲᠠᠢ ᠳᠠᠷᠠᠰᠣ ᠪᠠᠨ ᠠᠮᠲᠠᠷᠬᠠᠨ ᠵᠣᠭᠣᠭ ᠪᠣᠯᠵᠦ᠂ ᠦᠷᠬᠦᠯᠵᠢ ᠶᠢᠨ ᠶᠠᠷᠢᠳᠠᠭ ᠬᠡᠳᠦᠨ ᠦᠭᠡ ᠪᠡᠨ ᠦᠪᠡᠷ ᠳᠤ ᠲᠤ ᠪᠡᠨ ᠰᠢᠭ ᠰᠢᠷᠭᠠᠯ ᠪᠠᠭᠠᠯ ᠳᠤ ᠪᠠᠨ ᠶᠤᠮᠰᠢᠭ ᠲᠦᠳᠦᠨᠡᠵᠦ ᠡᠬᠢᠯᠡᠪᠡ᠃ ᠰᠢᠷᠭᠠᠯ ᠪᠠᠭᠠᠯ ᠡᠷᠬᠡ ᠦᠭᠡᠢ ᠬᠦᠭᠡᠷᠴᠦ ᠦᠰᠦᠷᠴᠦ ᠳᠡᠭᠳᠡᠨ︽ ᠣᠩ ᠬᠠᠩ︾ ᠭᠡᠵᠦ ᠡᠵᠡᠨ ᠦ ᠪᠠᠨ ᠬᠥᠯ ᠭᠠᠷ ᠢ ᠨᠢ ᠳᠣᠯᠢᠶᠠᠵᠦ᠂ ᠪᠠᠶᠠᠷ ᠳᠡᠭᠡᠷ᠎ᠡ ᠨᠢ ᠬᠥᠷ ᠨᠡᠮᠡᠬᠦ ᠰᠢᠭ ᠡᠵᠡᠨ ᠦ ᠪᠠᠨ ᠪᠠᠶᠠᠷ ᠵᠢᠷᠭᠠᠯ ᠢ ᠬᠣᠪᠢᠶᠠᠯᠴᠠᠨᠠ᠃ ᠮᠠᠶᠢᠮᠠᠶᠢᠴᠢᠨ ᠤᠨᠳᠤᠭᠤ ᠬᠦᠷᠴᠦ ᠴᠠᠨᠠᠭᠰᠢ ᠲᠦᠯᠬᠢᠵᠦ ᠶᠠᠪᠣᠭᠣᠯᠣᠭᠰᠠᠨ ᠳᠤ ᠰᠢᠷᠭᠠᠯ ᠪᠠᠭᠠᠯ ᠪᠠᠭ᠎ᠠ ᠭᠣᠮᠣᠷᠬᠠᠭᠰᠠᠨ ᠰᠢᠭ ᠴᠦ ᠡᠵᠡᠨ ᠦ ᠪᠠᠨ ᠴᠢᠷᠠᠢ ᠪᠠ ᠬᠦᠳᠡᠯᠦᠯ ᠪᠦᠬᠦᠨ ᠢ ᠠᠯᠳᠠᠯ ᠦᠭᠡᠢ ᠰᠢᠷᠳᠡᠨ᠎ᠡ᠃
ᠮᠠᠶᠢᠮᠠᠶᠢᠴᠢᠨ ᠴᠠᠭᠠᠳᠣᠬᠢ ᠪᠠᠨ ᠮᠠᠷᠲᠠᠭᠰᠠᠨ ᠪᠣᠯᠣᠯᠲᠠᠢ ᠦᠪᠡᠷ ᠢ ᠪᠡᠨ ᠶᠠᠷᠢᠵᠦ ᠪᠠᠯᠭᠠᠵᠦ ᠯᠡ ᠰᠠᠭᠣᠨ᠎ᠠ᠃ ᠰᠠᠶ᠋ᠢᠬᠢᠨ ᠵᠢᠯᠢᠭᠡᠳ ᠪᠠᠶᠢᠭᠰᠠᠨ ᠰᠠᠷᠠᠨ ᠬᠡᠵᠢᠶ᠎ᠡ ᠢᠷᠡᠴᠢᠭᠰᠡᠨ ᠢ ᠮᠡᠳᠡᠬᠦ ᠦᠭᠡᠢ᠃ ᠥᠪᠴᠢ ᠳᠡᠯᠡᠬᠡᠢ ᠮᠦᠩᠬᠦᠨ ᠱᠠ ᠨᠦᠮᠦᠷᠢᠴᠢᠭᠰᠡᠨ᠂ ᠰᠦᠨᠢ ᠣᠨᠴᠠ ᠶᠢᠨ ᠨᠠᠮ ᠭᠥᠮ᠃ ᠰᠢᠷᠭᠠᠯ ᠪᠠᠭᠠᠯ ᠲᠡᠨᠳᠡ ᠪᠡᠨ ᠬᠦᠯᠢᠶᠡᠭᠰᠡᠭᠡᠷ ᠶᠠᠳᠠᠷᠠᠭᠰᠠᠨ ᠪᠣᠯᠣᠯᠳᠠᠢ ᠬᠡᠪᠲᠡᠴᠢᠭᠰᠡᠨ ᠡᠮᠦᠨ᠎ᠡ ᠬᠣᠶᠠᠷ ᠬᠠ ᠳᠦ ᠪᠠᠨ ᠡᠷᠡᠭᠦᠦ ᠪᠡᠨ ᠨᠠᠭᠠᠭᠠᠵᠦ᠂ ᠬᠣᠶᠠᠷ ᠨᠢᠳᠣ ᠨᠢ ᠮᠦᠨ ᠴᠠᠪᠴᠢᠯ ᠦᠭᠡᠢ ᠡᠵᠡᠨ ᠦ ᠪᠠᠨ ᠴᠢᠷᠠᠢ ᠪᠠ ᠬᠦᠳᠡᠯᠦᠯ ᠪᠦᠷᠢ ᠶᠢ ᠰᠢᠷᠳᠡᠨ᠎ᠡ᠃ ᠮᠠᠶᠢᠮᠠᠶᠢᠴᠢᠨ ᠨᠡᠯᠢᠶᠡᠳ ᠬᠠᠯᠠᠰᠴᠢᠬᠰᠠᠨ ᠪᠣᠯᠣᠯᠳᠠᠢ ᠬᠡᠯᠡ ᠴᠣᠯᠴᠠᠷᠴᠣ᠂ ᠨᠢᠳᠣ ᠨᠢ ᠤᠯᠠᠭᠠᠨ ᠰᠣᠳᠠᠰᠣ ᠭᠦᠶᠦᠵᠦ᠂ ᠳᠠᠭᠣ ᠨᠢ ᠬᠥᠭ ᠠᠶᠠᠯᠭᠣ ᠨᠡᠮᠡᠭᠳᠡᠵᠦ᠂ ᠨᠢᠭᠡ ᠪᠦᠯᠦᠭ ᠭᠦᠭᠡᠷᠡᠭᠰᠡᠨ ᠢᠶᠡᠨ ᠨᠠᠮ ᠪᠣᠯᠵᠦ ᠶᠠᠭᠣ ᠨᠢᠭᠡ ᠪᠣᠳᠣᠵᠦ ᠤᠯᠤᠭᠰᠠᠨ ᠰᠢᠭ ᠢᠶᠡᠨ ᠴᠠᠭᠠᠳᠣᠬᠢ ᠭᠠᠵᠠᠷ ᠨᠠᠭᠠᠯᠳᠣᠬᠣ ᠪᠠᠭᠠᠯ ᠢᠶᠠᠨ ᠬᠠᠷᠠᠭᠠᠳ︽ᠰᠢᠷᠭᠠᠯ ᠪᠠᠭᠠᠯ ᠡ︾ ᠭᠡᠵᠦ ᠳᠠᠯᠠᠯᠠᠬᠤ ᠳᠤ ᠰᠢᠷᠭᠠᠯ ᠪᠠᠭᠠᠯ ᠤᠨ ᠨᠢᠳᠣ ᠭᠡᠷᠡᠯᠳᠦᠨ ᠭᠣᠳᠭᠢᠨ ᠪᠣᠰᠴᠤ ᠦᠰᠦᠷᠬᠢᠯᠡᠨ ᠪᠠᠶᠢᠵᠦ ᠡᠵᠡᠨ ᠦ ᠪᠠᠨ ᠰᠣᠨᠣᠵᠦ ᠢᠷᠡᠭᠰᠡᠨ ᠭᠠᠷ ᠢ ᠨᠢ ᠳᠣᠯᠢᠶᠠᠨ᠎ᠠ᠃ ᠮᠠᠶᠢᠮᠠᠶᠢᠴᠢᠨ ᠤ ᠭᠠᠷ ᠨᠢᠭᠡ ᠵᠡᠷᠭᠡ ᠠᠮᠠᠷᠠᠭᠯᠠᠭᠠᠳ ᠳᠠᠬᠢᠨ ᠬᠤᠨᠳᠠᠭ᠎ᠠ ᠵᠦᠭ ᠪᠠᠨ ᠶᠠᠪᠣᠬᠣ ᠳᠤ ᠰᠢᠷᠭᠠᠯ ᠪᠠᠭᠠᠯ ᠡᠵᠡᠨ ᠦ ᠪᠠᠨ ᠡᠪᠦᠷ ᠳᠡᠭᠡᠷ᠎ᠡ ᠡᠮᠦᠨ᠎ᠡ ᠬᠣᠶᠠᠷ ᠬᠠ ᠪᠠᠨ ᠲᠠᠯᠪᠢᠵᠦ ᠮᠦᠨ ᠯᠡ ᠲᠣᠯᠣᠭᠠᠢ ᠬᠦᠵᠦᠭᠦᠦ ᠪᠡᠷ ᠢᠶᠡᠨ ᠡᠵᠡᠨ ᠢᠶᠡᠨ ᠱᠦᠷᠭᠦᠭᠡᠵᠦ ᠮᠠᠯᠳᠠᠨ ᠠᠮᠠᠷᠠᠭᠯᠠᠨᠠ᠃
ᠮᠠᠶᠢᠮᠠᠶᠢᠴᠢᠨ ᠤ ᠨᠢᠳᠣ ᠭᠡᠨᠡᠳᠳᠡ ᠤᠯᠠᠶᠢᠰᠭᠢᠵᠦ︽ ᠮᠠᠭᠣ ᠠᠮᠢᠳᠡᠨ᠂ ᠴᠠᠰᠢ ᠪᠠᠨ︾ ᠭᠡᠵᠦ ᠬᠦᠴᠦᠳᠠᠢ ᠢᠰᠭᠦᠯᠬᠦ ᠳᠤ ᠰᠢᠷᠭᠠᠯ ᠪᠠᠭᠠᠯ ᠰᠦᠷᠡᠬᠡᠢ ᠳᠠᠭᠣᠨ ᠢᠶᠠᠷ ᠭᠠᠰᠠᠯᠵᠦ ᠶᠠᠮᠠᠷ ᠨᠢᠭᠡ ᠡᠷᠭᠡᠳᠡᠨ ᠨᠢ ᠰᠦᠷᠡᠬᠡᠢ ᠡᠪᠳᠣᠭ᠍ᠰᠡᠨ ᠪᠠᠶᠢᠵᠦ ᠮᠡᠳᠡᠨ᠎ᠡ ᠬᠡᠯᠪᠡᠩ ᠬᠠᠯᠪᠠᠩ ᠭᠦᠶᠦᠵᠦ ᠡᠭᠦᠷ ᠲᠤ ᠪᠡᠨ ᠰᠢᠷᠭᠣᠪᠠ᠃ ᠲᠡᠷᠡ ᠨᠡᠬᠡᠷᠡᠨ ᠶᠠᠮᠠᠷ ᠪᠣᠷᠣᠭᠣ ᠭᠠᠷᠭᠠᠭᠰᠠᠨ ᠢᠶᠠᠨ ᠮᠡᠳᠡᠬᠦ ᠦᠭᠡᠢ ᠰᠢᠦ᠂ ᠵᠦᠪᠬᠡᠨ ᠡᠵᠡᠨ ᠦ ᠪᠠᠨ ᠴᠢᠷᠠᠢ ᠵᠢᠰᠣ ᠶᠢ ᠰᠠᠶᠢᠬᠠᠨ ᠠᠵᠢᠭᠯᠠᠭᠰᠠᠨ ᠦᠭᠡᠢ ᠳᠤ ᠪᠠᠶᠢᠵᠦ ᠮᠡᠳᠡᠨ᠎ᠡ᠃
ᠦᠷᠦᠭᠡ ᠶᠢᠨ ᠭᠠᠳᠠᠨ᠎ᠠ ᠪᠠᠰᠠ ᠯᠡ ᠰᠢᠭᠣᠷᠭ᠎ᠠ ᠲᠡᠭᠳᠡᠭᠰᠡᠨ ᠪᠠᠶᠢᠵᠦ ᠮᠡᠳᠡᠨ᠎ᠡ᠃ ᠨᠢᠭᠡ ᠯᠡ ᠬᠠᠣᠬᠢᠬᠣ ᠳᠠᠭᠣᠨ ᠳᠤ ᠡᠯᠡᠰᠦ ᠪᠣᠰᠴᠤ ᠴᠣᠩᠬᠣᠨ ᠰᠢᠯ ᠢ︽ ᠰᠢᠷ ᠰᠢᠷ︾ ᠴᠣᠬᠢᠨ᠎ᠠ᠃ ᠮᠠᠶᠢᠮᠠᠶᠢᠴᠢᠨ ᠦᠨᠳᠦᠷ ᠳᠠᠭᠣᠨ ᠢᠶᠠᠷ ᠳᠠᠭᠣᠯᠠᠵᠦ ᠣᠭᠣᠭᠢᠯᠠᠭᠰᠠᠭᠠᠷ ᠠᠭᠠᠵᠢᠮ ᠢᠶᠠᠷ ᠴᠢᠮᠡᠭᠡ ᠦᠭᠡᠢ ᠪᠣᠯᠪᠠ᠃ᠡᠯᠡᠰᠣᠨ ᠰᠢᠭᠣᠷᠭ᠎ᠠ ᠨᠠᠮ ᠭᠡᠵᠦ ᠡᠭᠦᠯᠡᠨ ᠴᠠᠭᠠᠨ᠎ᠠ ᠠᠴᠠ ᠲᠡᠷᠭᠡᠯ ᠰᠠᠷᠠᠨ ᠪᠣᠯᠲᠡᠶᠢᠵᠦ ᠰᠠᠷᠠᠨ ᠤ ᠭᠡᠷᠡᠯ ᠴᠣᠩᠬᠣᠨ ᠰᠢᠯ ᠢ ᠨᠡᠪᠳᠡᠯᠣᠨ ᠵᠣᠣᠬᠠᠨ ᠭᠡᠷ ᠦᠨ ᠪᠣᠯᠣᠩ ᠳᠠᠬᠢ ᠰᠢᠷᠭᠠᠯ ᠪᠠᠭᠠᠯ ᠤᠨ ᠮᠣᠳᠣᠨ ᠡᠭᠦᠷ ᠳᠡᠭᠡᠷ᠎ᠡ ᠰᠡᠪ ᠰᠡᠮᠡᠷᠬᠡᠨ ᠠᠰᠬᠠᠨ᠎ᠠ᠃