-
31721
2022-06-06 10:46
31
0
ᠪᠢ ᠮᠣᠩᠭᠣᠯ ᠬᠦᠮᠦᠨ
ᠴ ᠂ ᠴᠢᠮᠡᠳ
ᠠᠷᠭᠠᠯ ᠤᠨ ᠤᠲᠤᠭ᠎ᠠ ᠪᠤᠷᠭᠢᠯᠤᠭᠰᠠᠨ
ᠮᠠᠯᠴᠢᠨ ᠤ ᠭᠡᠷ ᠲᠦ ᠲᠥᠷᠦᠭᠰᠡᠨ ᠪᠢ
ᠠᠲᠠᠷ ᠬᠡᠭᠡᠷ᠎ᠡ ᠨᠤᠲᠤᠭ ᠢᠶᠠᠨ
ᠦᠯᠦᠭᠡᠢ ᠮᠢᠨᠢ ᠭᠡᠵᠦ ᠪᠣᠳᠤᠳᠠᠭ᠃
ᠡᠨ᠋ᠨ ᠬᠦᠮᠦᠨ ᠮᠣᠩᠭᠤᠯ ᠬᠦᠮᠦᠨ
ᠡᠬᠡ ᠣᠷᠤᠨ ᠳᠤ ᠪᠠᠨ ᠬᠠᠶᠢᠷᠠᠲᠠᠢ ᠯᠠ ᠬᠦᠮᠦᠨ᠃
ᠤᠨᠠᠭᠰᠠᠨ ᠡᠨ᠋ᠨ ᠨᠤᠲᠤᠭ ᠢᠶᠠᠨ
ᠥᠪᠡᠷ ᠦᠨ ᠪᠡᠶ᠎ᠡ ᠰᠢᠭ ᠬᠠᠶᠢᠷᠠᠯᠠᠵᠤ
ᠤᠬᠢᠶᠠᠭᠰᠠᠨ ᠲᠤᠩᠭᠠᠯᠠᠭ ᠮᠦᠷᠡᠨ ᠢᠶᠡᠨ
ᠡᠬᠡ ᠶᠢᠨ ᠰᠦ ᠰᠢᠭ ᠰᠠᠨᠠᠳᠠᠭ
ᠡᠨ᠋ᠨ ᠬᠦᠮᠦᠨ ᠮᠣᠩᠭᠤᠯ ᠬᠦᠮᠦᠨ
ᠡᠬᠡ ᠣᠷᠤᠨ ᠳᠤ ᠪᠠᠨ ᠬᠠᠶᠢᠷᠠᠲᠠᠢ ᠯᠠ ᠬᠦᠮᠦᠨ᠃