

ᠪᠠᠷᠢᠮᠵᠢᠶ᠎ᠠ ᠺᠣᠳ᠋ ᠪᠠᠷ ᠠᠭᠤᠯᠭ᠎ᠠ ᠨᠡᠢᠲᠡᠯᠡᠵᠦ ᠦᠵᠡᠶ᠎ᠡ

2015-02-07 21:36
  863
  1
《ᠺᠣᠮᠫᠢᠦ᠋ᠲ᠋ᠧᠷ ᠮᠣᠩᠭᠣᠯ ᠦᠰᠦᠭ ᠲᠦ ᠥᠭᠬᠦ ᠵᠥᠪᠯᠡᠮᠵᠢ》
                                ᠥᠯᠵᠡᠶᠢᠳᠠᠯᠠᠢ
    ᠮᠤᠩᠭᠤᠯ ᠦᠨᠳ᠋ᠦᠰᠦᠳ᠋ᠠᠨ ‍ᠤ ᠦᠭᠡ ᠭᠡᠯᠡ᠂ ᠦᠰᠦᠭ ᠪᠢᠴᠢᠭ ‍ᠦᠨ ᠭᠦᠭᠵᠢᠯᠳ᠋ᠡ ᠨᠢ ᠠᠬ᠎ᠠ ᠳᠡᠭᠦᠦ ᠦᠨᠳ᠋ᠦᠰᠦᠳ᠋ᠠᠨ ‍ᠤ ᠳᠤᠳ᠋ᠤᠷ᠎ᠠ ᠪᠠᠨ ᠬᠢᠯᠠᠷᠠᠵᠤ ᠶᠠᠪᠤᠭ᠎ᠠ ᠨᠢᠭᠡ ᠨᠢ ᠶᠤᠮ᠃ ᠬᠤᠷᠢᠨ ᠨᠢᠭᠡᠳ᠋ᠦᠭᠡᠷ ᠵᠠᠭᠤᠨ ‍ᠤ ᠰᠦᠯᠵᠢᠶᠡᠨ ‍ᠤ ᠴᠠᠭ ᠦᠶ᠎ᠡ ᠳ᠋ᠥ ᠭᠦᠷᠴᠦ ᠢᠷᠡᠭᠰᠡᠨ ᠦᠨᠦᠳ᠋ᠦᠷ᠂ ᠨᠢᠭᠡᠨ ᠦᠨᠳ᠋ᠦᠰᠦᠳ᠋ᠠᠨ ‍ᠤ ᠦᠰᠦᠭ ᠪᠢᠴᠢᠭ ᠨᠢ ᠺᠤᠮᠫᠢᠦ᠋ᠲ᠋ᠧᠷ ᠳᠡᠭᠡᠷ᠎ᠡ ᠬᠢᠷᠢ ᠵᠡᠷᠭᠡ ᠳᠦᠭᠡᠮᠡᠯᠵᠢᠭᠰᠡᠨ ᠨᠢ ᠰᠢᠭᠤᠳ ᠳᠤᠰ ᠦᠨᠳ᠋ᠦᠰᠦᠳ᠋ᠠᠨ ‍ᠤ ᠪᠠᠶᠢᠷᠢ ᠰᠠᠭᠤᠷᠢ ᠳᠠᠢ ᠬᠤᠯᠪᠤᠭᠳ᠋ᠠᠬᠤ ᠶᠠᠪᠤᠳ᠋ᠠᠯ ᠪᠤᠯᠤᠨ᠎ᠠ᠃ ᠡᠶᠢᠮᠥ ᠡᠴᠠ ᠪᠢᠳ᠋ᠠ ᠺᠤᠮᠫᠢᠦ᠋ᠲ᠋ᠧᠷ ᠳᠡᠭᠡᠷᠡᠬᠢ ᠮᠤᠩᠭᠤᠯ ᠦᠰᠦᠭ ᠪᠢᠴᠢᠭ ‍ᠢᠢᠠᠨ ᠤᠯᠠᠮ ᠳᠡᠭᠦᠯᠳ᠋ᠡᠷᠵᠢᠭᠦᠯᠭᠦ ᠠᠵᠢᠯ ‍ᠢᠢᠠᠨ ᠵᠤᠭᠰᠤᠯ ᠦᠭᠡᠢ ᠦᠷᠭᠦᠯᠵᠢᠯᠡᠭᠦᠯᠭᠦ ᠭᠡᠷᠡᠭᠳ᠋ᠡᠢ᠃
    《ᠮᠦᠩᠭᠡ ᠭᠠᠯ》᠂ 《ᠰᠠᠶᠢᠨᠪᠢᠯᠢᠭ᠌》᠂ 《ᠤᠶᠤᠳ᠋ᠤ》᠂ 《ᠪᠦᠷᠭᠦᠳ》᠂ 《ᠬᠠᠰ》᠂ 《ᠮᠢᠩᠭᠠᠳ᠋ᠤ》 ᠵᠡᠷᠭᠡ ᠳᠠᠪᠰᠢᠭᠰᠠᠨ ᠮᠤᠩᠭᠤᠯ ᠦᠰᠦᠭ ᠴᠤᠬᠢᠬᠤ ᠰᠤᠹᠲ ᠨᠢ ᠺᠤᠮᠫᠢᠦ᠋ᠲ᠋ᠧᠷ ᠮᠤᠩᠭᠤᠯ ᠦᠰᠦᠭ ‍ᠦᠨ ᠭᠦᠭᠵᠢᠯᠳ᠋ᠡ ᠳ᠋ᠥ ᠠᠬᠢᠭᠤᠯᠬᠤ ᠦᠢᠯᠡᠳ᠋ᠦᠯ ‍ᠢ ᠦᠵᠡᠭᠦᠯᠵᠥ᠂ ᠰᠦᠯᠵᠢᠶᠡᠨ ᠳᠡᠭᠡᠷ᠎ᠡ ᠦᠪᠡᠷ ᠦᠪᠡᠷ ‍ᠦᠨ ᠵᠤᠬᠢᠬᠤ ᠪᠠᠶᠢᠷᠢ ᠰᠠᠭᠤᠷᠢ ᠳᠠᠢ ᠪᠤᠯᠤᠭᠰᠠᠨ ᠪᠠᠶᠢᠨ᠎ᠠ᠃ ᠳᠡᠳ᠋ᠡᠨ ‍ᠤ ᠭᠠᠪᠢᠶ᠎ᠠ ᠵᠢᠳᠭᠦᠯ ᠪᠠᠯᠠᠷᠠᠰᠢ ᠦᠭᠡᠢ ᠶᠤᠮ᠃ ᠨᠡᠩ ᠴᠦ 2010 ᠣᠨ ᠳ᠋ᠥ Microsoft ᠳᠡᠯᠡᠬᠡᠢ ᠨᠡᠶᠢᠲᠡ ‍ᠶᠢᠨ ᠪᠠᠷᠢᠮᠵᠢᠶ᠎ᠠ ᠮᠤᠩᠭᠤᠯ ᠦᠰᠦᠭ ‍ᠢ ᠨᠡᠶᠢᠲᠡᠯᠡᠭᠰᠡᠨ ᠨᠢ ᠤᠳ᠋ᠤ ‍ᠢᠢᠨ ᠤᠯᠠᠨ ᠵᠦᠢᠯ ‍ᠦᠨ ᠺᠣᠳ᠋ ᠳᠠᠢ ᠮᠤᠩᠭᠤᠯ ᠦᠰᠦᠭ ‍ᠢ ᠨᠢᠭᠡᠳ᠋ᠦᠭᠦᠯᠭᠦ ᠳ᠋ᠥ ᠳᠦᠯᠬᠢᠴᠡ ᠭᠦᠴᠦᠨ ‍ᠢ ᠦᠵᠡᠭᠦᠯᠵᠥ ᠴᠢᠳ᠋ᠠᠨ᠎ᠠ ᠭᠡᠵᠥ ᠪᠢ ᠦᠵᠡᠵᠥ ᠪᠠᠶᠢᠨ᠎ᠠ᠃ ᠡᠩ ᠳᠡᠷᠢᠭᠦᠨ ᠳ᠋ᠥ 《ᠮᠦᠩᠭᠡ ᠭᠠᠯ》 ‍ᠦᠨ ᠰᠢᠨ᠎ᠠ ᠭᠠᠷᠤᠭᠰᠠᠨ 《2012》 ᠨᠢ ᠮᠤᠩᠭᠤᠯ ᠦᠰᠦᠭ ‍ᠦᠨ ᠳᠡᠯᠡᠭᠡᠢ ᠨᠡᠶᠢᠳ᠋ᠡ ‍ᠢᠢᠨ ᠪᠠᠷᠢᠮᠵᠢᠶ᠎ᠡ ᠺᠣᠳ᠋ ᠳᠠᠢ ᠠᠮᠠ ᠰᠡᠭᠡᠷ ᠵᠤᠯᠭᠠᠭᠤᠯᠤᠭᠰᠠᠨ ᠨᠢ ᠪᠤᠰᠤᠳ ᠮᠤᠩᠭᠤᠯ ᠦᠰᠦᠭ ‍ᠦᠳ ᠲᠦ ᠵᠢᠱᠢᠶ᠎ᠡ ᠦᠵᠡᠭᠦᠯᠵᠥ ᠴᠢᠳ᠋ᠠᠵᠠᠢ᠃
    ᠨᠢᠳ᠋ᠤᠨ ᠡᠮᠦᠨ᠎ᠡ Microsoft ‍ᠦᠨ ᠮᠤᠩᠭᠤᠯ ᠦᠰᠦᠭ ᠪᠠ 《ᠮᠦᠩᠭᠡ ᠭᠠᠯ》 ‍ᠦᠨ ᠮᠤᠩᠭᠤᠯ ᠦᠰᠦᠭ ᠨᠢ ᠢᠵᠢᠯ ᠳᠦᠷᠰᠦ ᠳᠠᠢ ᠠᠪᠢᠶᠠᠨ ‍ᠤ ᠦᠰᠦᠭ ︵ᠲ ᠳ᠋᠂ ᠣ ᠤ᠂ ᠦ ᠥ᠂ ᠬᠡ [h,g]᠂ ᠬᠦ [h,g]︶ ‍ᠢ ᠳᠤᠰ ᠳᠤᠰ ‍ᠦᠨ ᠠᠳ᠋ᠠᠯᠢ ᠪᠤᠰᠤ ᠺᠣᠳ᠋ᠯᠠᠭᠰᠠᠨ ᠪᠠᠶᠢᠨ᠎ᠠ᠃ ᠢᠩᠬᠢᠵᠤ ᠬᠢᠭᠦ ᠨᠢ ᠵᠥᠪ ᠤᠩᠰᠢᠯᠭ᠎ᠠ᠂ ᠪᠠᠷᠢᠮᠵᠢᠶ᠎ᠠ ᠠᠪᠢᠶ᠎ᠡ ‍ᠢᠢ ᠲᠦᠭᠡᠮᠡᠯᠵᠢᠭᠦᠯᠬᠦ ᠳ᠋ᠥ ᠶᠡᠭᠡᠭᠡᠨ ᠠᠴᠢ ᠬᠤᠯᠪᠤᠭᠳ᠋ᠠᠯ ᠳᠠᠢ᠂ ᠬᠣᠯᠠ ‍ᠢᠢᠨ ᠤᠳᠬ᠎ᠠ ᠴᠢᠨᠠᠷ ᠲᠠᠢ ᠭᠡᠵᠤ ᠪᠢ ᠪᠠᠲᠤ ᠢᠲᠡᠭᠡᠵᠦ ᠪᠠᠶᠢᠯ᠎ᠠ᠃ ᠭᠡᠪᠡᠴᠦ ᠬᠡᠷᠡᠭᠯᠡᠭᠡᠨ ‍ᠤ ᠶᠠᠪᠤᠴᠠ ᠳᠤᠮᠳ᠋ᠠ ᠭᠦᠮᠦᠨ ᠪᠤᠯᠤᠨ ᠺᠤᠮᠫᠢᠦ᠋ᠲ᠋ᠧᠷ ‍ᠦᠨ ᠬᠤᠭᠤᠷᠤᠨᠳ᠋ᠤᠬᠢ ᠰᠤᠯᠢᠯᠴᠠᠭᠠᠨ ‍ᠤ ᠬᠠᠷᠰᠢᠯᠠᠯ ᠡᠭᠦᠰᠦᠭᠡᠳ ᠪᠠᠶᠢᠬᠤ ᠨᠢ ᠲᠤᠩ ᠰᠡᠳᠬᠢᠭᠦᠰᠢᠲᠡᠢ ᠪᠠᠶᠢᠨ᠎ᠠ᠃
    Word᠂ ᠪᠢᠴᠢᠭᠡᠴᠢ ᠳᠡᠭᠡᠷ᠎ᠡ ᠪᠤᠶᠤ ᠰᠦᠯᠵᠢᠶᠡᠨ ᠳᠡᠭᠡᠷ᠎ᠡ ᠡᠴᠠ ᠮᠤᠩᠭᠤᠯ ᠦᠰᠦᠭ ‍ᠦᠨ ᠬᠠᠶᠢᠯᠳ᠋ᠠ ᠬᠢᠭᠦ ᠶᠠᠪᠤᠳ᠋ᠠᠯ ᠳᠡᠭᠡᠷ᠎ᠡ ᠦᠪᠡᠷ ‍ᠦᠨ ᠡᠷᠭᠡ ᠦᠭᠡᠢ ᠭᠠᠴᠢᠭᠳ᠋ᠠᠬᠤ ᠪᠤᠶᠤ ᠭᠦᠢᠳ᠋ᠡᠨ ᠢᠨᠢᠶᠡᠳ᠋ᠦ ᠭᠦᠷᠳ᠋ᠡᠭ᠃ 《ᠡᠶᠡᠷᠭᠦ》᠂ 《ᠭᠦᠴᠢᠯᠳ᠋ᠦ᠋ᠷᠦᠭᠴᠢ》 ᠭᠡᠭᠦ ᠦᠰᠦᠭ ‍ᠦᠨ ᠵᠦᠪ ᠤᠩᠰᠢᠯᠭ᠎ᠠ ᠨᠢ [eyergu]᠂ [huqiltorogqi] ᠶᠤᠮ᠃ ᠣᠯᠠᠩᠬᠢ ᠭᠦᠮᠦᠰ ‍ᠦᠨ ᠰᠤᠷᠤᠭᠰᠠᠨ ᠰᠢᠭ᠋ ‍ᠶᠢᠡᠷ [eyerhu]᠂ [huqilturugqi] ᠭᠡᠵᠥ ᠪᠢᠴᠢᠪᠡᠯ ᠪᠤᠷᠤᠭᠤ ᠶᠤᠮ᠃ ᠮᠡᠳ᠋ᠡᠭᠡᠵᠢ ᠪᠠᠷ ᠣᠳ᠋ᠣ ‍ᠶᠢᠨ ᠪᠠᠶᠢᠳ᠋ᠠᠯ ᠨᠢ ᠪᠤᠷᠤᠭᠤ ᠤᠩᠰᠢᠯᠭ᠎ᠠ ᠪᠠᠷ ᠵᠦᠪ ᠪᠢᠴᠢᠯᠭᠡ ‍ᠢᠢ ᠡᠷᠢᠵᠥ ᠤᠯᠳ᠋ᠠᠬᠤ ᠦᠭᠡᠢ᠂ ᠵᠦᠪ ᠤᠩᠰᠢᠯᠭ᠎ᠠ ᠪᠠᠷ ᠵᠤᠷᠰᠢᠮᠠᠯ ᠪᠤᠷᠤᠭᠤ ᠪᠢᠴᠢᠯᠭᠡ ‍ᠢᠢ ᠡᠷᠢᠵᠤ ᠤᠯᠳ᠋ᠠᠬᠤ ᠦᠭᠡᠢ᠃ ᠡᠨᠡ ᠪᠣᠯ ᠳᠦᠷᠰᠦ ᠢᠵᠢᠯ ᠠᠪᠢᠶᠠᠨ ‍ᠤ ᠲᠡᠮᠳ᠋ᠡᠭ ‍ᠢ ᠢᠯᠭᠠᠵᠤ ᠺᠣᠳ᠋ᠯᠠᠭᠰᠠᠨ ‍ᠤ ᠤᠷᠰᠢᠭ᠃ 《ᠰᠢᠳ᠋ᠡᠵᠥ》 ᠭᠡᠭᠦ ᠮᠡᠳ᠋ᠦ ‍ᠢᠢᠨ ᠪᠣᠢ ᠪᠦᠬᠦᠢ ᠣᠯᠠᠨ ᠳᠠᠭᠤᠳ᠋ᠠᠯᠭ᠎ᠠ ᠲᠠᠢ ᠦᠰᠦᠭ ᠪᠠ 《ᠺᠣᠮᠫᠢᠦ᠋ᠲ᠋ᠧᠷ》 ᠭᠡᠭᠦ ᠮᠡᠳ᠋ᠦ ᠤᠯᠠᠩᠬᠢ ᠬᠠᠷᠢ ᠭᠡᠯᠡᠨ ‍ᠤ ᠦᠭᠡ ᠨᠥᠭᠥᠳ ᠨᠢ ᠪᠦᠷ ᠵᠢᠱᠢᠶ᠎ᠡ ᠮᠥᠨ᠃
    ᠦᠭᠡᠨ ‍ᠤ ᠡᠭᠦᠰᠪᠦᠷᠢ ᠡᠨᠳ᠋ᠡ ᠡᠴᠡ ᠡᠬᠢᠯᠡᠨ᠎ᠡ᠃ 《ᠮᠦᠩᠭᠡ ᠭᠠᠯ》 ‍ᠦᠨ 《g》 ᠳᠠᠷᠤᠭᠤᠯ ᠳᠡᠭᠡᠷᠡᠬᠢ ᠥᠨᠳ᠋ᠥᠷ ᠳᠠᠪᠲᠠᠮᠵᠢᠲᠤ ᠦᠰᠦᠭ 《ᠭᠡᠵᠤ》 ‍ᠢᠢ ᠴᠤᠬᠢᠭᠠᠳ᠂ ᠳᠠᠬᠢᠭᠠᠳ ᠪᠦᠭᠦᠯᠢ ᠤᠩᠰᠢᠯᠭ᠎ᠠ [geju] ‍ᠢᠢᠠᠷ ᠴᠤᠬᠢᠭᠠᠳ ᠡᠷᠢᠵᠥ ᠤᠯᠬᠤ ᠦᠭᠡᠢ᠃ ᠤᠯᠠᠨ ᠵᠦᠢᠯ ‍ᠦᠨ ᠠᠪᠢᠶᠠᠯᠠᠪᠦᠷᠢ ᠪᠠᠷ ᠳᠤᠷᠰᠢᠵᠥ ᠦᠵᠡᠭᠡᠳ ᠲᠡᠷᠡ ᠨᠢ [gejv] ᠭᠡᠰᠡᠨ ᠦᠰᠦᠭ ᠪᠠᠶᠢᠵᠠᠢ᠃ ᠡᠨᠡ ᠦᠰᠦᠭ ᠶᠠᠭᠠᠬᠢᠵᠥ ᠭᠡᠯᠡᠭᠰᠡᠨ ᠴᠦ ᠭᠦᠨᠳ᠋ᠠᠢ ᠦᠰᠦᠭ ᠶᠤᠮ ᠴᠢᠨᠢ 《geju》 ᠭᠡᠪᠡᠯ ᠳᠠᠭᠠᠷᠠᠬᠤ ᠶᠤᠮ᠃ ᠡᠭᠦᠨ ᠡᠴᠡ ᠭᠠᠳ᠋ᠠᠨ᠎ᠠ 《d》 ᠳᠠᠷᠤᠭᠤᠯ ᠳᠡᠭᠡᠷ᠎ᠡ ᠪᠠᠶᠢᠬᠤ 《ᠳ᠋ᠥ》 ᠳᠠᠭᠠᠪᠤᠷᠢ ᠨᠢ [d6] ᠭᠡᠰᠡᠨ ᠦᠰᠦᠭ ᠪᠠᠶᠢᠨ᠎ᠠ᠃
    ᠡᠨᠡ ᠶᠠᠪᠤᠳ᠋ᠠᠯ ᠡᠴᠠ ᠦᠵᠡᠪᠡᠯ ᠮᠠᠰᠢ ᠤᠯᠠᠨ ᠭᠦᠮᠦᠰ ᠪᠠ ᠳᠤᠰᠬᠠᠢ ᠮᠡᠷᠭᠡᠵᠢᠯᠳ᠋ᠡᠳ 《ᠤ᠂ ᠤ》᠂ 《ᠦ᠂ ᠦ》 ‍ᠢᠢ ᠤᠮᠳ᠋ᠠᠭᠠᠶᠢᠯᠠᠭᠠᠳ ᠪᠤᠯᠵᠤ ᠪᠠᠶᠢᠬᠤ ᠳ᠋ᠤ᠂ ᠮᠦᠨᠴᠦ ᠡᠴᠢᠨᠡᠭᠡᠨ ᠵᠢᠯ ‍ᠦᠨ ᠳᠤᠷᠰᠢ ᠬᠡᠷᠡᠭᠯᠡᠯᠲᠡ ᠳ᠋ᠤ ᠤᠷᠤᠭᠠᠳ ᠦ ᠰᠡᠪ ᠭᠠᠷᠤᠭᠰᠠᠨ ᠦᠭᠡᠢ ᠪᠠᠶᠢᠬᠤ ᠳ᠋ᠤ᠂ ᠠᠩᠬᠠᠨ ᠡᠴᠠ ᠪᠠᠨ ᠳᠦᠷᠰᠦ ᠢᠵᠢᠯ ᠠᠪᠢᠶᠠᠨ ‍ᠤ ᠲᠡᠮᠳ᠋ᠡᠭ ‍ᠦᠨ ᠺᠣᠳ᠋ ‍ᠢᠢ ᠨᠢᠭᠡᠳ᠋ᠦᠭᠦᠯᠵᠥ ᠪᠤᠯᠬᠤ ᠯᠠ ᠪᠠᠶᠢᠭᠰᠠᠨ ᠶᠤᠮ᠃ ᠣᠳ᠋ᠣ ᠪᠣᠯ ᠺᠣᠮᠫᠢᠦ᠋ᠲ᠋ᠧᠷ ᠳᠡᠭᠡᠷᠡᠬᠢ ᠦᠰᠦᠭ ᠨᠢ ᠴᠣᠬᠣᠮ ᠶᠠᠮᠠᠷ ᠤᠩᠰᠢᠯᠭ᠎ᠠ ᠪᠠᠷ ᠪᠢᠴᠢᠭᠳ᠋ᠡᠭᠰᠡᠨ ‍ᠢ ᠺᠣᠮᠫᠢᠦ᠋ᠲ᠋ᠧᠷ ᠯᠠ ᠮᠡᠳ᠋ᠡᠨ᠎ᠡ᠂ ᠭᠠᠳ᠋ᠠᠨ᠎ᠠ ᠡᠴᠡ ᠬᠠᠷᠠᠭᠠᠳ ᠮᠡᠳ᠋ᠡᠬᠦ ‍ᠶᠢᠨ ᠠᠷᠭ᠎ᠠ ᠦᠭᠡᠢ᠂ ᠲᠡᠭᠡᠭᠡᠳ ᠯᠠ ᠪᠢᠳ᠋ᠠᠨ ᠲᠠᠢ ᠨᠢᠭᠤᠯᠴᠠᠭ᠎ᠠ ᠬᠢᠵᠦ ᠨᠠᠳ᠋ᠠ ‍ᠢᠢ ᠪᠠᠨ ᠴᠢᠳ᠋ᠠᠭᠠᠳ ᠪᠠᠶᠢᠬᠤ ᠶᠤᠮ᠃ ᠮᠢᠨᠥ ᠡᠷᠢᠶ᠎ᠡ ᠭᠡᠰᠡᠨ ᠦᠰᠦᠭ ᠺᠣᠮᠫᠢᠦ᠋ᠲ᠋ᠧᠷ ᠳᠡᠭᠡᠷ᠎ᠡ ᠦᠵᠡᠭᠳ᠋ᠡᠵᠦ ᠪᠠᠶᠢᠲᠠᠯ᠎ᠠ 《ᠪᠢᠰᠢ》 ᠭᠡᠵᠤ ᠺᠣᠮᠫᠢᠦ᠋ᠲ᠋ᠧᠷ ᠲᠦ ᠨᠢᠴᠤᠭᠠᠭᠳ᠋ᠠᠬᠤ ᠰᠢᠭ᠋ ᠬᠦᠨᠳ᠋ᠦ ᠨᠣᠴᠢᠳ᠋ᠠᠢ ᠴᠣᠬᠢᠯᠲᠠ ᠥᠭᠡᠷ᠎ᠡ ᠪᠠᠶᠢᠬᠤ ᠦᠭᠡᠢ᠃
    《ᠦᠢᠯᠡ》 ᠭᠡᠬᠦ ᠦᠰᠦᠭ ‍ᠢ ᠨᠠᠢᠮᠠᠨ ᠵᠤᠶᠢᠯ ‍ᠶᠢᠡᠷ ᠴᠣᠬᠢᠵᠤ ᠭᠠᠷᠤᠨ᠎ᠠ᠃ ᠤᠳ᠋ᠤ ‍ᠢᠢᠨ ᠮᠤᠩᠭᠤᠯ ᠰᠦᠯᠵᠢᠶᠡᠨ ᠳᠡᠭᠡᠷ᠎ᠡ ᠬᠠᠶᠢᠯᠳ᠋ᠠ ᠬᠢᠬᠦ ᠳ᠋ᠥ ᠦᠰᠦᠭ ‍ᠦᠨ ᠵᠢᠰᠦ ᠨᠢ ᠵᠦᠪ ᠪᠤᠯ ᠪᠦᠷ ᠡᠷᠢᠭᠡᠳ ᠤᠯᠳ᠋ᠠᠴᠢᠬᠠᠳ᠋ᠠᠭ ᠨᠢ ᠰᠦᠯᠵᠢᠶᠡᠨ ‍ᠤ ᠮᠡᠷᠭᠡᠵᠢᠯᠳ᠋ᠡᠳ ᠡᠨᠡᠭᠦ ᠬᠠᠷᠰᠢᠯᠠᠯ ᠳ᠋ᠥ ᠴᠢᠭᠯᠡᠭᠦᠯᠦᠨ ᠮᠡᠷᠭᠡᠵᠢᠯ ‍ᠦᠨ ᠵᠠᠰᠠᠪᠤᠷᠢ ᠤᠷᠤᠭᠤᠯᠤᠭᠰᠠᠨ ᠪᠠᠶᠢᠬ᠎ᠠ᠃ ᠡᠨᠡ ᠨᠢ ᠶᠠᠭ᠄ 《ᠵᠠᠷᠴᠢᠮ ᠳᠡᠭᠡᠷ᠎ᠡ ᠪᠠᠨ ᠵᠥᠪ ᠠᠪᠢᠶᠠᠯᠠᠵᠤ ᠴᠣᠬᠢᠬᠤ ᠶᠤᠰᠤᠲᠠᠢ᠂ ᠭᠡᠪᠡᠴᠦ ᠬᠡᠷᠡᠭᠯᠡᠭᠴᠢᠳ ᠪᠤᠷᠤᠭᠤ ᠪᠠᠷ ᠠᠪᠢᠶᠠᠯᠠᠭᠰᠠᠨ ᠴᠤ ᠬᠠᠮᠢᠶ᠎ᠠ ᠦᠭᠡᠢ᠂ ᠰᠦᠯᠵᠢᠶᠡᠨ ‍ᠤ ᠬᠢᠨ ᠳᠤᠮᠳ᠋ᠠ ᠨᠢ ᠡᠪ ᠵᠠᠰᠠᠵᠤ ᠦᠭᠭᠦᠶ᠎ᠡ》 ᠭᠡᠭᠦ ᠰᠢᠭ᠃ ᠡᠨᠡ ᠵᠦᠷᠢᠴᠡᠯ ᠲᠠᠢ ᠪᠠᠶᠢᠬᠤ ᠪᠢᠰᠢᠦ᠃ ᠪᠢᠳ᠋ᠠᠨ ‍ᠤ ᠠᠩᠬᠠᠨ ᠡᠴᠠ ᠪᠠᠨ ᠢᠯᠭᠠᠵᠤ ᠺᠣᠳ᠋ᠯᠠᠭᠰᠠᠨ ᠲᠣᠭᠲᠠᠭᠠᠯ ᠨᠢ ᠢᠩᠬᠢᠭᠡᠳ ᠤᠳᠬ᠎ᠠ ᠴᠢᠨᠠᠷ ‍ᠢᠢᠠᠨ ᠠᠯᠳ᠋ᠠᠭᠰᠠᠨ ᠪᠠᠶᠢᠨ᠎ᠠ᠃
    ᠳᠠᠬᠢᠪᠠᠯ ᠬᠢᠨᠠᠯᠲᠠ ᠬᠠᠮᠢᠶᠠᠷᠤᠯᠲᠠ ‍ᠶᠢᠨ ᠠᠵᠢᠯ ᠳ᠋ᠥ ᠨᠡᠩ ᠠᠰᠢᠭ ᠦᠭᠡᠢ᠃ ᠵᠢᠱᠢᠶᠡᠯᠡᠪᠡᠯ 《ᠵᠣᠳ᠋ᠣᠭᠠᠨ ᠬᠢᠬᠦ》 ᠭᠡᠬᠦ ᠦᠭᠡ ᠨᠢ ᠴᠠᠭᠠᠵᠠᠯᠠᠭᠳ᠋ᠠᠭᠰᠠᠨ ᠲᠡᠷᠰᠯᠡᠭᠦᠦ ᠠᠭᠤᠯᠭ᠎ᠠ᠂ ᠵᠥᠪ ‍ᠢᠢᠡᠷ ᠪᠢᠴᠢᠪᠡᠯ ᠬᠢᠨᠠᠯᠲᠠ ‍ᠢᠢᠨ ᠪᠣᠭᠣᠮᠲᠠ ‍ᠢᠢ ᠭᠡᠲᠦᠯᠵᠦ ᠳᠡᠶᠢᠯᠬᠦ ᠦᠭᠡᠢ ᠪᠠᠨ ᠮᠡᠳ᠋ᠡᠵᠦ᠂ ᠪᠤᠷᠤᠭᠤ ᠪᠠᠷ ᠠᠪᠢᠶᠠᠯᠠᠵᠤ ᠪᠢᠴᠢᠭᠡᠳ ᠨᠡᠶᠢᠲᠡᠯᠡᠵᠦ ᠳᠡᠶᠢᠯᠬᠦ ᠶᠤᠮ᠃ ᠶᠠᠷᠢᠶᠠᠨ ᠦᠭᠡᠢ ᠡᠭᠦᠨ ᠳ᠋ᠥ ᠴᠢᠭᠯᠡᠭᠦᠯᠦᠭᠰᠡᠨ ᠪᠣᠯᠣᠮᠵᠢ ᠪᠦᠬᠦᠢ ᠲᠣᠭᠠᠨ ‍ᠤ ᠪᠣᠭᠣᠮᠲᠠ ‍ᠢᠢ ᠨᠡᠮᠡᠵᠤ ᠬᠢᠬᠦ ᠴᠢᠬᠤᠯᠠᠳ᠋ᠠᠢ ᠪᠣᠯᠣᠨ᠎ᠠ᠃
    ᠬᠡᠯᠡ ᠪᠢᠴᠢᠭ ‍ᠦᠨ ᠪᠠᠭᠰᠢ ᠰᠠᠮᠪᠠᠷ᠎ᠠ ᠳᠡᠭᠡᠷ᠎ᠡ 《ᠳᠠᠷᠬᠠᠨ》᠂ 《ᠪᠦᠭᠡ》᠂ 《ᠬᠠᠳ᠋ᠠᠵᠤ》᠂ 《ᠳᠠᠭᠠᠬᠤ》 ᠭᠡᠰᠡᠨ ᠦᠰᠦᠭ ᠪᠢᠴᠢᠪᠡ᠃ ᠰᠤᠷᠤᠭᠴᠢᠳ ᠦᠰᠦᠭ ‍ᠦᠨ ᠬᠣᠶᠠᠷ ᠤᠩᠰᠢᠯᠭ᠎ᠠ ‍ᠢᠢ ᠪᠦᠷ ᠬᠡᠯᠡᠵᠤ ᠭᠠᠷᠭᠠᠵᠠᠢ᠃ ᠪᠠᠭᠰᠢ 《ᠵᠥᠪ ᠪᠠᠶᠢᠨ᠎ᠠ》 ᠭᠡᠵᠤ ᠮᠠᠭᠲᠠᠪᠠ᠃ ᠶᠣᠰᠣ ᠡᠶᠢᠮᠦ ᠪᠤᠯᠬᠤᠷ᠂ ᠡᠳ᠋ᠡᠭᠡᠷ ᠦᠰᠦᠭ ᠨᠢ ᠺᠣᠮᠫᠢᠦ᠋ᠲ᠋ᠧᠷ ᠳᠡᠭᠡᠷ᠎ᠡ ᠪᠢᠴᠢᠭᠳ᠋ᠡᠯ᠎ᠡ ᠭᠡᠭᠰᠡᠭᠡᠷ ᠶᠠᠭᠤᠨ ᠳ᠋ᠥ ᠴᠣᠷ ‍ᠦᠨ ᠭᠠᠭᠴᠠ ᠪᠠᠷ ᠲᠠᠨᠢᠭᠳ᠋ᠠᠳ᠋ᠠᠭ ᠶᠤᠰᠤ ᠲᠠᠢ ᠶᠤᠮ︖ ᠵᠠᠷᠢᠮ ᠭᠦᠮᠦᠨ ‍ᠤ ᠬᠡᠯᠡᠬᠦ ᠪᠠᠷ ᠢᠩᠬᠢᠵᠤ ᠢᠯᠭᠠᠵᠤ ᠺᠣᠳ᠋ᠯᠠᠬᠤ ᠨᠢ ᠬᠣᠵᠢᠮ ‍ᠦᠨ ᠮᠠᠰᠢᠨ ᠤᠩᠰᠢᠯᠭ᠎ᠠ ᠳ᠋ᠥ ᠦᠢᠯᠡᠴᠢᠯᠡᠬᠦ ᠪᠠᠷ ᠵᠣᠷᠢᠯᠭ᠎ᠠ ᠪᠠᠨ ᠪᠣᠯᠭᠠᠵᠤ ᠪᠠᠶᠢᠨ᠎ᠠ᠃ ᠮᠠᠰᠢᠨ ‍ᠢᠢᠠᠷ ᠤᠩᠰᠢᠭᠤᠯᠤᠶ᠎ᠡ ᠭᠡᠰᠡᠨ ᠴᠦ ᠺᠣᠳ᠋ ‍ᠶᠢᠡᠷ ᠨᠢ ᠵᠥᠪᠬᠡᠨ ᠨᠢᠭᠡ ᠯᠠ ᠤᠩᠰᠢᠯᠭ᠎ᠠ ‍ᠢᠢ ᠵᠥᠪ ᠤᠩᠰᠢᠵᠤ ᠴᠢᠳ᠋ᠠᠨ᠎ᠠ᠂ ᠨᠥᠭᠥᠭᠡ ᠤᠩᠰᠢᠯᠭ᠎ᠠ ‍ᠢᠢ︖ ᠦᠰᠦᠭ ᠶᠠᠭᠠᠬᠢᠵᠤ ᠤᠩᠰᠢᠭᠳ᠋ᠠᠬᠤ ᠨᠢ ᠭᠦᠮᠦᠨ ᠪᠠ ᠬᠡᠯᠡᠨ ‍ᠤ ᠣᠷᠴᠢᠨ ‍ᠢᠢᠠᠷ ᠰᠢᠢᠳᠪᠦᠷᠢᠯᠡᠭᠳ᠋ᠡᠨ᠎ᠡ᠃ ᠬᠠᠷᠢᠨ ᠺᠣᠳ᠋ ᠪᠠᠷ ᠡᠨᠡ ᠦᠰᠦᠭ ‍ᠢ ᠶᠠᠭᠠᠬᠢᠵᠤ ᠤᠩᠰᠢᠬᠤ ‍ᠢᠢ ᠦᠬᠦᠮᠡᠯ ᠲᠣᠭᠲᠠᠭᠠᠬᠤ ᠨᠢ ᠶᠡᠬᠡ ᠡᠮᠵᠢᠭ ᠪᠢᠯᠡ᠃
    ᠠᠩᠭᠯᠢ ᠦᠰᠦᠭ ‍ᠦᠨ ᠮᠠᠰᠢᠨ ᠤᠩᠰᠢᠯᠭ᠎ᠠ ᠨᠢ ᠬᠥᠭᠵᠢᠭᠰᠡᠨ ᠳ᠋ᠡᠬᠡᠨ ᠣᠷᠣᠨ᠎ᠠ ᠪᠠᠶᠢᠬ᠎ᠠ᠃ a ᠨᠢ ᠶᠠᠮᠠᠷ ᠦᠶ᠎ᠡ ᠳ᠋ᠥ [æ] ᠪᠠᠷ ᠤᠩᠰᠢᠵᠤ᠂ ᠶᠠᠮᠠᠷ ᠦᠶ᠎ᠡ ᠳ᠋ᠥ [ei] ᠪᠠᠷ ᠤᠩᠰᠢᠬᠤ ᠨᠢ ᠪᠦᠬᠦᠯᠢ ᠦᠰᠦᠭ ‍ᠢᠢᠡᠨ ᠦᠵᠡᠵᠥ ᠰᠢᠢᠳᠪᠦᠷᠢᠯᠡᠵᠥ ᠪᠠᠶᠢᠬᠤ ᠪᠢᠰᠢᠦ︖ ︵ᠵᠢᠱᠢᠶᠡᠯᠡᠪᠡᠯ map ᠪᠣᠯᠣᠨ tape᠃︶ ᠡᠭᠦᠪᠡᠷ ᠦᠵᠡᠬᠦ ᠳ᠋ᠥ ᠪᠢᠳ᠋ᠠᠨ ‍ᠤ ᠢᠯᠭᠠᠵᠤ ᠺᠣᠳ᠋ᠯᠠᠭᠰᠠᠨ ᠨᠢ ᠮᠠᠰᠢᠨ ᠤᠩᠰᠢᠯᠭ᠎ᠠ ᠳ᠋ᠥ ᠴᠤ ᠲᠤᠰᠠ ᠪᠣᠯᠵᠤ ᠴᠢᠳ᠋ᠠᠬᠤ ᠦᠭᠡᠢ ᠶᠤᠮ ᠪᠠᠶᠢᠨ᠎ᠠ᠃ ᠮᠤᠩᠭᠤᠯ ᠦᠰᠦᠭ ‍ᠦᠨ ᠭᠡᠳ᠋ᠡᠰᠦ 《‍᠊ᠣ᠊》 ‍ᠢᠢ ᠨᠢᠭᠡ ᠯᠠ ᠺᠣᠳ᠋ᠯᠠᠭᠠᠳ 4 ᠵᠦᠢᠯ ‍ᠦᠨ ᠤᠩᠰᠢᠯᠭ᠎ᠠ ᠲᠠᠢ ᠪᠠᠶᠢᠵᠤ ᠪᠣᠯᠣᠨ᠎ᠠ ᠰᠢᠳ᠋ᠡ᠃
    ᠰᠤᠨᠢᠨ ‍ᠤ ᠬᠤᠷᠢᠶᠠᠨ ‍ᠤ ᠨᠠᠶᠢᠷᠠᠭᠤᠯᠤᠭᠴᠢ ᠬᠢᠨᠠᠭᠴᠢ ᠡᠯᠰᠡᠵᠥ ᠢᠷᠡᠭᠰᠡᠨ ᠡᠭᠡ ᠪᠢᠴᠢᠭ ‍ᠢᠢᠠᠨ᠄ 《ᠦᠰᠦᠭ ᠨᠢ ᠴᠦ ᠳᠠᠭᠠᠷᠠᠵᠤ ᠪᠠᠶᠢᠨ᠎ᠠ᠂ ᠭᠡᠪᠡᠴᠦ ᠺᠣᠳ᠋ ᠨᠢ ᠪᠤᠷᠤᠭᠤ ᠪᠠᠶᠢᠨ᠎ᠠ》 ᠭᠡᠵᠥ ᠰᠢᠯᠭᠠᠬᠤ ᠪᠠᠷ ᠦᠭᠡᠢ ᠶᠤᠮ ᠳ᠋ᠠ᠃
    ᠲᠡᠶᠢᠨ ᠢᠯᠭᠠᠯ ‍ᠦᠨ ᠦᠢᠯᠡᠳᠬᠦ ‍ᠶᠢᠨ ᠲᠠᠭᠠᠪᠤᠷᠢ ‍ᠢᠢ ᠴᠢᠩᠭ᠎ᠠ ᠦᠭᠡᠨ ‍ᠤ ᠳᠣᠣᠷ᠎ᠠ 《ᠪᠠᠷ》᠂ ᠬᠥᠨᠳ᠋ᠡᠢ ᠦᠭᠡᠨ ‍ᠤ ᠳᠣᠣᠷ᠎ᠠ 《ᠪᠡᠷ》 ᠭᠡᠵᠤ ᠮᠥᠩᠬᠡ ᠭᠠᠯ ᠴᠢᠩᠭ᠎ᠠ ᠵᠢᠷᠤᠮᠯᠠᠬᠤ ‍ᠢᠢ ᠵᠣᠷᠢᠭᠰᠠᠨ ᠪᠠᠶᠢᠨ᠎ᠠ᠃ ᠡᠨᠡ ᠨᠢ ᠬᠡᠯᠡᠨ ᠵᠦᠢ ᠳ᠋ᠥ ᠨᠡᠶᠢᠴᠡᠬᠦ ᠪᠣᠯᠪᠠᠴᠤ ᠳᠠᠯᠠᠢ ᠶᠡᠬᠡ ᠬᠡᠮᠵᠢᠶᠡᠨ ‍ᠤ ᠴᠢᠮᠡᠭᠡ ᠵᠠᠩᠭᠢ ‍ᠢᠢᠨ ᠬᠠᠮᠢᠶᠠᠷᠤᠯᠲᠠ ‍ᠢᠢᠨ ᠠᠵᠢᠯ ᠳ᠋ᠥ ᠺᠣᠮᠫᠢᠦ᠋ᠲ᠋ᠧᠷ ‍ᠶᠢᠡᠷ ᠬᠠᠮᠠᠷ ‍ᠶᠢᠡᠨ ᠬᠥᠲᠥᠯᠥᠭᠦᠯᠦᠨ᠎ᠡ ᠰᠢᠦ᠃
    ᠵᠠ᠂ ᠺᠣᠳ᠋ ‍ᠦᠨ ᠵᠥᠷᠢᠶ᠎ᠡ ᠡᠴᠡ ᠪᠤᠯᠤᠭᠰᠠᠨ ᠡᠭᠡᠳ᠋ᠡᠷᠡᠭᠡᠨ ᠵᠢᠭᠤᠷᠤᠭᠠᠨ ‍ᠤ ᠲᠤᠬᠠᠢ ᠡᠳ᠋ᠦᠢ ᠲᠡᠳ᠋ᠦᠢ ᠵᠢᠱᠢᠶ᠎ᠡ ᠶᠠᠷᠢᠯ᠎ᠠ᠃ ᠳᠡᠭᠡᠭᠡᠳ ᠺᠣᠮᠫᠢᠦ᠋ᠲ᠋ᠧᠷ ᠳᠡᠭᠡᠷᠡᠬᠢ ᠦᠰᠦᠭ ᠨᠢ ᠭᠡᠵᠢᠶ᠎ᠡ ᠴᠠᠭᠠᠰᠤᠨ ᠳᠡᠭᠡᠷ᠎ᠡ ᠴᠤᠭᠢᠵᠤ ᠭᠠᠷᠭᠠᠬᠤ ᠦᠶᠡᠰ ᠰᠠᠶᠢ ᠵᠢᠭᠤᠷᠤᠭᠠᠨ ᠲᠡᠭᠦᠰᠬᠦ ᠪᠤᠯᠤᠨ᠎ᠠ᠃
    ᠬᠢᠲᠠᠳ ᠬᠡᠯᠡ᠂ ᠠᠩᠭᠯᠢ ᠬᠡᠯᠡᠨ ‍ᠤ ᠪᠢᠷ ᠪᠢᠴᠢᠯᠭᠡ ᠪᠠᠷ ᠦᠰᠦᠭ ᠰᠢᠪᠡᠬᠦ ᠮᠡᠷᠭᠡᠵᠢᠯ ᠪᠦᠷ ᠶᠡᠬᠡ ᠬᠥᠭᠵᠢᠭᠰᠡᠨ ᠪᠠᠶᠢᠳ᠋ᠠᠭ᠃ ᠮᠠᠨ ‍ᠤ ᠮᠣᠩᠭᠣᠯ ᠦᠰᠦᠭ ᠴᠦ ᠢᠷᠡᠭᠡᠳ᠋ᠦᠢ ᠳ᠋ᠥ ᠡᠶᠢᠮᠦ ᠬᠠᠨᠳ᠋ᠤᠰᠢ ᠲᠠᠢ ᠪᠠᠶᠢᠪᠠᠯ ᠲᠠᠭᠠᠷᠠᠨ᠎ᠠ᠃ ᠪᠢᠳ᠋ᠠ ᠪᠢᠷ ‍ᠢᠢᠡᠷ 《ᠠᠯᠲᠠ》 ᠭᠡᠵᠦ ᠪᠢᠴᠢᠬᠦ ᠳ᠋ᠥ᠄ 《ᠲᠠᠨ ‍ᠤ ᠡᠨᠡ ᠴᠢᠨᠢ alta] ‍ᠦᠦ alda] ‍ᠦᠦ》 ᠭᠡᠵᠤ ᠺᠣᠮᠫᠢᠦ᠋ᠲ᠋ᠧᠷ ᠡᠷᠭᠢᠵᠦ ᠪᠢᠳ᠋ᠠᠨ ᠡᠴᠠ ᠠᠰᠠᠭᠤᠬᠤ ‍ᠦᠦ︖ 《ᠲᠠᠳ᠋ᠠ》 ᠭᠡᠵᠦ ᠪᠢᠴᠢᠬᠦ ᠳ᠋ᠥ tata ‍ᠦᠦ tede ‍ᠦᠦ︖ 《ᠤᠷᠢ》 ᠨᠢ cri ‍ᠦᠦ vri ‍ᠦᠦ︖ 《ᠢᠳ᠋ᠡᠭᠡ》 ᠨᠢ itege ‍ᠦᠦ idege ‍ᠦᠦ︖ 《ᠰᠠᠷᠠᠯ》 ᠨᠢ serel ‍ᠦᠦ saral ‍ᠦᠦ︖ ᠁
    ᠦᠨᠡᠨ ᠳᠡᠭᠡᠷ᠎ᠡ ᠪᠠᠨ ᠢᠩᠬᠢᠵᠤ ᠢᠯᠭᠠᠵᠤ ᠺᠣᠳ᠋ᠯᠠᠭᠠᠳ ᠭᠦᠮᠦᠨ ᠪᠤᠯᠤᠨ ᠺᠤᠮᠫᠢᠦ᠋ᠲ᠋ᠧᠷ ‍ᠦᠨ ᠬᠤᠭᠤᠷᠤᠨᠳ᠋ᠤ ᠬᠢᠮᠤᠷᠠᠯ ᠡᠭᠦᠰᠭᠡᠬᠦ ᠨᠢ ᠶᠠᠮᠠᠷ ᠴᠦ ᠠᠰᠢᠭ ᠦᠭᠡᠢ᠂ ᠦᠪᠡᠷ ‍ᠦᠨ ᠡᠮᠵᠢᠭ ‍ᠢᠢᠠᠷ ᠪᠡᠶ᠎ᠡ ᠪᠠᠨ ᠤᠷᠢᠶᠠᠵᠤ ᠪᠠᠶᠢᠬᠤ ᠶᠠᠪᠤᠳ᠋ᠠᠯ ᠪᠢᠰᠢᠤ᠃ ᠦᠨᠦᠳ᠋ᠦᠷ ‍ᠦᠨ ᠭᠦᠭᠵᠢᠯᠳ᠋ᠡ ‍ᠢᠢᠨ ᠳᠦᠷᠭᠡᠨ ᠴᠠᠭ ᠲᠦ᠂ ᠰᠢᠨ᠎ᠠ ᠨᠡᠷᠡᠰ ᠦᠭᠡ ᠳᠠᠰᠤᠷᠠᠯᠳ᠋ᠠ ᠦᠭᠡᠢ ᠨᠡᠮᠡᠭᠳ᠋ᠡᠭᠦ ᠶᠤᠮ᠂ ᠳᠡᠷᠡ ᠦᠶ᠎ᠡ ᠳ᠋ᠥ ᠦᠰᠦᠭ ‍ᠢᠢᠠᠨ ᠶᠠᠭᠠᠬᠢᠵᠥ ᠴᠤᠬᠢᠬᠤ ᠪᠠᠨ ᠴᠦ ᠮᠡᠳ᠋ᠡᠭᠦ ᠪᠠᠨ ᠪᠤᠯᠢᠨ᠎ᠠ ᠳ᠋ᠠ᠃
    ᠳᠡᠭᠡᠪᠡᠯ ᠺᠤᠳ᠋ ‍ᠢ ᠨᠢᠭᠡᠳ᠋ᠦᠭᠦᠯᠴᠢᠭᠡᠪᠡᠯ ᠵᠥᠪ ᠤᠩᠰᠢᠯᠭ᠎ᠠ᠂ ᠪᠠᠷᠢᠮᠵᠢᠶ᠎ᠡ ᠠᠪᠢᠶ᠎ᠠ ᠳᠦᠭᠡᠮᠡᠯᠵᠢᠭᠦᠯᠭᠦ ‍ᠢᠢ ᠬᠠᠷᠰᠢᠯᠠᠬᠤ ‍ᠦᠣ︖ ᠲᠡᠶᠢᠮᠦ ᠪᠢᠰᠢ ᠶᠤᠮ᠃ ᠪᠠᠷᠢᠮᠵᠢᠶ᠎ᠡ ᠠᠪᠢᠶᠡᠨ ‍ᠤ ᠭᠦᠳ᠋ᠦᠯᠦᠮᠵᠢ ‍ᠢᠢᠨ ᠡᠭᠦᠷᠭᠡ ‍ᠢᠢ ᠺᠤᠮᠫᠢᠦ᠋ᠲ᠋ᠧᠷ ᠪᠡᠶᠡᠯᠡᠭᠦᠯᠵᠦ ᠴᠢᠳ᠋ᠠᠨ᠎ᠠ᠃ ᠶᠠᠭ 《ᠮᠦᠩᠭᠡ ᠭᠠᠯ 2012》 ᠰᠢᠭ᠋ ‍ᠢᠢᠠᠷ᠂ ᠪᠤᠷᠤᠭᠤ ᠠᠪᠢᠶᠠᠯᠠᠭᠰᠠᠨ ᠦᠰᠦᠭ ᠨᠢ 《ᠠᠪᠢᠶ᠎ᠠ ᠪᠤᠷᠤᠭᠤᠳ᠋ᠠᠵᠠᠢ》 ᠭᠡᠵᠥ ᠤᠯᠠᠭᠠᠨ ᠦᠩᠭᠡ ᠪᠠᠷ ᠢᠯᠡᠷᠡᠭᠦ ᠨᠢ ᠳᠦᠢᠯ ‍ᠦᠨ ᠭᠦᠮᠦᠨᠴᠢ ᠴᠢᠨᠠᠷ ‍ᠢ ᠳᠤᠪᠤᠶᠢᠯᠭᠠᠵᠠᠢ᠃ ᠪᠢ ᠣᠳ᠋ᠣ 《ᠮᠦᠩᠭᠡ ᠭᠠᠯ 2012》 ‍ᠢᠢ ᠬᠡᠷᠡᠭᠯᠡᠭᠰᠡᠭᠡᠷ ᠪᠠᠶᠢᠳ᠋ᠠᠯ᠎ᠠ ᠣ ᠤ ᠦ ᠦ᠂ ᠲᠠ ᠳ᠋ᠠ᠂ ᠬᠠ (ᠬᠡ ᠬᠢ ᠬᠥ᠋ ᠬᠥ᠋᠂ ᠭᠠ (ᠬᠡ ᠬᠢ ᠬᠥ᠋ ᠬᠥ᠋ ) ‍ᠢᠢ ᠰᠦᠷᠡᠭᠡᠢ ᠬᠢᠴᠢᠶᠡᠵᠥ ᠢᠯᠭᠠᠵᠤ ᠴᠤᠬᠢᠳ᠋ᠠᠭ ᠪᠤᠯᠤᠭᠰᠠᠨ᠂ ᠣᠯᠠᠨ ᠦᠰᠦᠭ ‍ᠦᠨ ᠵᠦᠪ ᠳᠠᠭᠤᠳ᠋ᠠᠯᠭ᠎ᠠ ‍ᠢᠢ ᠴᠤ ᠮᠡᠳ᠋ᠡᠭᠦ ᠪᠤᠯᠤᠭᠰᠠᠨ᠃ ᠡᠨᠡ ᠪᠤᠯ ᠵᠢᠩᠬᠢᠨᠢ ᠤᠯᠠᠨ ᠲᠦᠮᠡᠨ ‍ᠢ ᠪᠠᠷᠢᠮᠵᠢᠶ᠎ᠠ ᠠᠪᠢᠶ᠎ᠠ ᠵᠦᠭ ᠳᠠᠶᠢᠴᠢᠯᠠᠬᠤ ᠵᠤᠷᠢᠯᠳ᠋ᠠ ᠳ᠋ᠠᠭᠠᠨ ᠭᠦᠷᠴᠦ᠂ ᠢᠯᠭᠠᠵᠤ ᠺᠣᠳ᠋ᠯᠠᠬᠤ ᠪᠠᠷ ᠪᠠᠷᠢᠮᠵᠢᠶ᠎ᠠ ᠤᠩᠰᠢᠯᠭ᠎ᠠ ‍ᠢᠢ ᠵᠣᠷᠢᠭᠰᠠᠨ ᠡᠴᠠ ᠬᠤᠯᠠ ᠳᠠᠪᠠᠭᠰᠠᠨ ᠪᠠᠶᠢᠨ᠎ᠠ᠃
    ᠡᠷᠬᠢᠭᠡᠳ ᠪᠢᠳ᠋ᠡ ᠬᠢᠳ᠋ᠡᠳ ᠦᠰᠦᠭ ‍ᠢ ᠦᠵᠡᠶ᠎ᠡ᠂ ︵地︶ ᠭᠡᠭᠦ ᠦᠰᠦᠭ ‍ᠢ ︵di︶ ᠪᠠᠷ ᠡᠷᠢᠭᠰᠡᠨ ᠴᠦ ᠤᠯᠤᠨ᠎ᠠ᠂ ︵de︶ ᠪᠠᠷ ᠡᠷᠢᠭᠰᠡᠨ ᠴᠦ ᠤᠯᠤᠨ᠎ᠠ᠃ ︵乐乐︶ ᠭᠡᠭᠦ ᠦᠰᠦᠭ ‍ᠢ [yue le] ᠭᠡᠵᠥ ᠡᠷᠢᠭᠰᠡᠨ ᠴᠦ ᠤᠯᠤᠨ᠎ᠠ᠂ [le yue] ᠭᠡᠵᠥ ᠡᠷᠢᠭᠰᠡᠨ ᠴᠦ ᠤᠯᠤᠨ᠎ᠠ᠃ ᠬᠢᠳ᠋ᠡᠳ ᠭᠡᠯᠡᠡ ᠳ᠋ᠥ ᠤᠯᠠᠨ ᠤᠩᠰᠢᠯᠭ᠎ᠠ ᠲᠠᠢ ᠦᠰᠦᠭ ‍ᠦᠳ ‍ᠢ ᠴᠣᠷᠢ ‍ᠶᠢᠨ ᠭᠠᠭᠴᠠ ᠪᠠᠷ ᠺᠣᠳ᠋ᠯᠠᠵᠤ ᠪᠠᠶᠢᠨ᠎ᠠ᠃
    ᠠᠩᠭᠯᠢ ᠦᠰᠦᠭ ‍ᠢ ᠦᠵᠡᠶ᠎ᠡ᠂ ︵Good︶ ᠭᠡᠭᠦ ᠦᠰᠦᠭ ‍ᠢᠢᠠᠷ ︵Good︶ ᠪᠤᠯᠤᠨ ︵good︶ ᠬᠤᠶᠠᠭᠤᠯᠠ ‍ᠢᠢ ᠨᠢ ᠪᠦᠷ ᠡᠷᠢᠭᠡᠳ ᠤᠯᠴᠢᠬᠠᠨ᠎ᠠ᠃ 《G》 ᠪᠤᠯᠤᠨ 《g》 ᠨᠢ 2 ᠳᠠᠷᠤᠪᠴᠢ ‍ᠢᠢᠨ ᠺᠣᠳ᠋ ‍ᠦᠨ ᠳᠤᠤᠷᠠᠬᠢ 1 ᠳᠤᠳ᠋ᠤᠭᠠᠳ᠋ᠤ ᠺᠣᠳ᠋ ᠶᠤᠮ᠃
    ᠪᠢᠳ᠋ᠠ ᠬᠢᠲᠠᠳ ᠦᠰᠦᠭ ‍ᠢ ᠳᠠᠭᠤᠷᠢᠶᠠᠵᠤ᠂ ᠢᠵᠢᠯ ᠳᠦᠷᠰᠦ ᠳᠠᠢ ᠠᠪᠢᠶᠠᠨ ‍ᠤ ᠲᠡᠮᠳ᠋ᠡᠭ ‍ᠦᠳ ‍ᠦᠨ ᠺᠤᠳ᠋ ‍ᠢᠢ ᠨᠢᠭᠡᠳᠭᠡᠵᠥ ᠪᠤᠯᠬᠤ ᠳ᠋ᠥ ᠭᠦᠷᠪᠠᠯ ᠦᠰᠦᠭ ‍ᠢᠢᠠᠨ ᠠᠮᠠᠷᠠᠬᠠᠨ ᠡᠷᠢᠭᠡᠳ ᠤᠯᠴᠢᠬᠠᠨ᠎ᠠ᠃ ᠪᠢᠳ᠋ᠡ ᠠᠩᠭᠯᠢ ᠦᠰᠦᠭ ᠡᠴᠠ ᠰᠤᠷᠤᠯᠴᠠᠵᠤ ᠨᠡᠷ᠎ᠡ ‍ᠢᠢᠨ ᠺᠤᠳ᠋ ‍ᠢᠢ ᠨᠢᠭᠡᠳᠭᠡᠵᠥ ᠪᠤᠯᠬᠤ ᠳ᠋ᠥ ᠭᠦᠷᠪᠡᠯ 《ᠭᠡᠶᠢᠮᠤᠷᠢ》 ᠭᠡᠭᠦ ᠦᠰᠦᠭ ‍ᠢᠢᠠᠷ 《ᠭᠡᠢ ᠮᠤᠷᠢ》 ‍ᠢᠢ ᠡᠷᠢᠭᠡᠳ ᠤᠯᠵᠤ᠂ 《ᠶᠡᠷᠦ ᠳ᠋ᠡᠬᠡᠨ》 ᠭᠡᠭᠦ ᠦᠰᠦᠭ ‍ᠢᠢᠠᠷ 《ᠶᠡᠷᠦᠳ᠋ᠡᠭᠡᠨ》 ‍ᠢ ᠡᠷᠢᠭᠡᠳ ᠤᠯᠴᠢᠬᠠᠪᠠᠯ ᠭᠡᠳ᠋ᠦᠢ ᠰᠠᠶᠢᠨ ᠪᠤᠢ︕
    ᠮᠣᠩᠭᠣᠯ ᠦᠰᠦᠭ ᠰᠢᠭ ᠢᠵᠢᠯ ᠦᠰᠦᠭ ‍ᠢᠢᠡᠷ ᠣᠯᠠᠨ ᠠᠪᠢᠶ᠎ᠠ ‍ᠢᠢ ᠲᠡᠮᠳ᠋ᠡᠭᠯᠡᠳ᠋ᠡᠭ ᠥᠭᠡᠷ᠎ᠡ ᠲᠥᠷᠥᠯ ‍ᠦᠨ ᠭᠡᠯᠡ ᠪᠠᠶᠢᠳ᠋ᠠᠭ ᠪᠣᠯ ᠪᠢᠳ᠋ᠠᠨ ᠲᠡᠳ᠋ᠡᠨ ‍ᠤ ᠺᠣᠮᠫᠢᠦ᠋ᠲ᠋ᠧᠷ ᠳᠡᠭᠡᠷᠡᠬᠢ ᠦᠰᠦᠭ ᠢᠯᠡᠷᠡᠭᠦᠯᠬᠦ ᠮᠡᠷᠭᠡᠵᠢᠯ ‍ᠢ ᠰᠤᠷᠤᠯᠴᠠᠵᠤ ᠪᠣᠯᠣᠨ᠎ᠠ᠄
    ᠠᠩᠭᠯᠢ —— ᠪᠠᠶᠢᠬᠤ ᠦᠭᠡᠢ ︔
    ᠶᠠᠫᠤᠨ —— ᠪᠠᠶᠢᠬᠤ ᠦᠭᠡᠢ ︔
    ᠲᠦᠪᠡᠳ —— ᠪᠠᠶᠢᠬᠤ ᠦᠭᠡᠢ ︔
    ᠰᠤᠯᠤᠩᠭᠤᠰ —— ᠪᠠᠶᠢᠬᠤ ᠦᠭᠡᠢ ︔
    ᠤᠷᠤᠰ —— ᠮᠡᠳ᠋ᠡᠭᠦ ᠦᠭᠡᠢ ︔
    ᠹᠷᠠᠨᠼᠢ —— ᠮᠡᠳ᠋ᠡᠭᠦ ᠦᠭᠡᠢ ︔
    ᠭᠧᠷᠮᠠᠨ —— ᠮᠡᠳ᠋ᠡᠭᠦ ᠦᠭᠡᠢ ︔
    ᠬᠢᠳ᠋ᠡᠳ —— ᠪᠠᠶᠢᠨ᠎ᠠ᠂ ᠴᠣᠷᠢ ‍ᠶᠢᠨ ᠭᠠᠭᠴᠠ ᠺᠣᠳ᠋ ᠲᠠᠢ᠃
    
    ᠮᠥᠨ ᠡᠨᠡᠭᠦ ᠰᠠᠨᠠᠭ᠎ᠠ ᠡᠴᠠ ᠡᠭᠦᠰᠴᠤ ᠶᠠᠷᠢᠪᠠᠯ᠂ ᠺᠤᠮᠫᠢᠦ᠋ᠲ᠋ᠧᠷ ‍ᠦᠨ ᠳᠠᠷᠤᠪᠴᠢ ‍ᠢᠢᠨ o ᠳᠡᠭᠡᠷ᠎ᠡ ︵ᠤ ᠤ︶᠂ u ᠳᠡᠭᠡᠷ᠎ᠡ ︵ᠦ ᠦ︶ ᠭᠡᠵᠤ ᠳᠤᠬᠢᠷᠠᠭᠤᠯᠤᠭᠠᠳ᠂ ᠤᠳ᠋ᠤ ‍ᠢᠢᠨ ᠪᠠᠶᠢᠬᠤ c ᠪᠤᠯᠤᠨ v ᠳᠠᠷᠤᠪᠴᠢ ‍ᠢᠢ ᠴᠢᠯᠦᠭᠡᠯᠡᠵᠤ᠂ ᠡᠨᠡ ᠬᠤᠶᠠᠷ ᠳᠠᠷᠤᠪᠴᠢ ᠳ᠋ᠠᠭᠠᠨ ᠤᠨᠴᠠᠭᠠᠢ ᠴᠢᠳ᠋ᠠᠮᠵᠢ ᠳᠠᠢ ᠪᠣᠯᠭᠠᠵᠤ ᠪᠤᠯᠤᠨ᠎ᠠ᠃ ᠵᠢᠱᠢᠶᠡᠯᠡᠪᠡᠯ ᠬᠤᠯᠪᠤᠭ᠎ᠠ ᠦᠭᠡ ᠴᠤᠬᠢᠬᠤ᠂ ᠡᠰᠡᠭᠦᠯ᠎ᠡ ᠤᠨᠴᠠᠭᠠᠢ ᠳᠡᠮᠳ᠋ᠡᠭ ᠴᠤᠬᠢᠬᠤ᠂ ᠡᠰᠡᠭᠦᠯ᠎ᠡ ᠪᠠᠷᠢᠮᠵᠢᠶ᠎ᠡ ᠠᠪᠢᠶᠠᠨ ‍ᠤ ᠰᠤᠷᠤᠯᠴᠠᠯᠭ᠎ᠠ ᠬᠢᠭᠦ᠂ ᠡᠰᠡᠭᠦᠯ᠎ᠡ ᠮᠣᠩᠭᠣᠯ ᠵᠠᠶᠢᠴᠢᠯᠠᠭᠤᠷ ᠪᠣᠯᠭᠠᠬᠤ ︵蒙文空格︶᠂ ᠡᠰᠡᠬᠦᠯ᠎ᠡ ᠁
    ᠳᠡᠭᠡᠷᠡᠬᠢ ᠦᠵᠡᠯᠳ᠋ᠡ ᠨᠢ ᠮᠡᠷᠭᠡᠵᠢᠯᠳ᠋ᠡᠳ ‍ᠦᠨ ᠳᠠᠭᠠᠷᠢᠯᠳ᠋ᠠ ᠳ᠋ᠤ ᠤᠴᠠᠷᠠᠬᠤ ᠴᠤ ᠪᠠᠶᠢᠯᠭᠦᠢ᠃ ᠭᠡᠪᠡᠴᠦ ᠤᠷᠤᠰᠢᠵᠥ ᠪᠠᠶᠢᠭ᠎ᠠ ᠠᠰᠠᠭᠤᠳ᠋ᠠᠯ ‍ᠢ ᠰᠢᠶᠢᠳᠪᠦᠷᠢᠯᠡᠭᠦ ᠴᠢᠬᠤᠯᠠᠳ᠋ᠠᠢ ᠨᠢ ᠯᠠᠪᠳ᠋ᠠᠢ᠃
    
     ᠲᠤᠰ ᠡᠬᠡ ᠪᠢᠴᠢᠭ ‍ᠢ ᠪᠦᠷᠢᠮᠤᠰᠤᠨ ᠪᠠᠷᠢᠮᠵᠢᠶ᠎ᠡ ᠤᠩᠰᠢᠯᠭ᠎ᠠ ᠪᠠᠷ ᠴᠤᠬᠢᠵᠤ ᠭᠠᠷᠭᠠᠯ᠎ᠠ ᠭᠡᠵᠥ ᠪᠤᠤ ᠢᠳ᠋ᠡᠭᠡ︕
    2013.2.20  



  
     
     