-
141732
ᠢᠳᠡᠭᠡᠨ ᠤ ᠸᠢᠲ᠋ᠠᠮᠢᠨ ᠢ ᠠᠯᠳᠠᠭᠳᠠᠭᠤᠯᠳᠠᠭ 5 ᠰᠢᠯᠳᠠᠭᠠᠨ
2018-06-25 09:25
350
0
ᠨᠠᠷᠢᠯᠢᠬ
ᠳᠤᠳᠤᠷᠭ᠎ᠠ᠂ ᠪᠤᠭᠤᠳᠠᠢ ᠵᠡᠷᠭᠡ ᠠᠮᠤ ᠪᠤᠳᠠᠭᠠᠨ ᠤ ᠳᠤᠰ ᠪᠡᠶ᠎ᠡ ᠳᠤ ᠢᠳᠡᠭᠡᠨ ᠤ ᠰᠢᠷᠭᠡᠭᠯᠢᠭ᠂ B ᠳᠦᠷᠦᠯ ᠤᠨ ᠸᠢᠲ᠋ᠠᠮᠢᠨ ᠪᠠ ᠡᠷᠦᠳᠡᠰᠦ ᠡᠯᠪᠡᠭ ᠠᠭᠤᠯᠤᠭᠳᠠᠵᠤ ᠪᠠᠶᠢᠳᠠᠭ᠃ ᠭᠡᠳᠡᠯ᠎ᠠ ᠨᠠᠷᠢᠯᠢᠬ ᠪᠤᠯᠪᠠᠰᠤᠷᠠᠭᠤᠯᠤᠯᠳᠠ ᠶᠢᠨ ᠶᠠᠪᠦᠴᠠ ᠳᠤ ᠳᠤᠳᠤᠷᠭ᠎ᠠ ᠪᠤᠭᠤᠳᠠᠢ ᠶᠢᠨ ᠬᠦᠪᠦᠷᠡᠯ ᠪᠠ ᠬᠠᠯᠢᠰᠦ ᠶᠢ ᠠᠷᠢᠯᠭᠠᠬᠰᠠᠨ ᠢᠶᠠᠷ 70% ᠤᠨ ᠸᠢᠲ᠋ᠠᠮᠢᠨ ᠪᠠ ᠡᠷᠦᠳᠡᠰᠦ ᠨᠢ ᠠᠯᠳᠠᠭᠳᠠᠵᠤ᠂ ᠢᠳᠡᠭᠡᠨ ᠤ ᠰᠢᠷᠭᠡᠭᠯᠢᠭ ᠤᠨ ᠬᠤᠷᠤᠭᠳᠠᠯ ᠨᠢ ᠨᠡᠩ ᠶᠡᠭᠡ ᠪᠠᠶᠢᠳᠠᠭ᠃ ᠰᠠᠨᠠᠭᠤᠯᠭ᠎ᠠ᠄ ᠨᠠᠷᠢᠯᠢᠬ ᠪᠤᠯᠪᠠᠰᠤᠷᠠᠭᠤᠯᠤᠭᠰᠠᠨ ᠢᠳᠡᠭᠡᠨ ᠢᠶᠠᠨ ᠪᠠᠭᠠᠰᠬᠠᠵᠤ᠂ ᠪᠦᠳᠤᠭᠦᠯᠢᠭ ᠠᠮᠤ᠂ ᠪᠤᠷᠴᠠᠭ ᠤᠨ ᠳᠦᠷᠦᠯ ᠤᠨ ᠪᠠ ᠳᠦᠮᠦᠰᠦᠨ ᠤ ᠳᠦᠷᠦᠯ ᠤᠨ ᠢᠳᠡᠭᠡᠨ ᠢᠯᠡᠭᠦᠦ ᠢᠳᠡᠵᠦ᠂ ᠨᠠᠷᠢᠯᠢᠬ ᠪᠤᠯᠪᠠᠰᠤᠷᠠᠭᠤᠯᠤᠭᠰᠠᠨ ᠴᠠᠭᠠᠨ ᠪᠤᠳᠠᠭ᠎ᠠ ᠭᠤᠯᠢᠷ ᠤᠨ ᠠᠯᠳᠠᠭᠳᠠᠭᠰᠠᠨ ᠰᠢᠮ᠎ᠠ ᠳᠡᠵᠢᠭᠡᠯ ᠢ ᠨᠦᠬᠦᠵᠦ ᠠᠪᠴᠢᠷᠠᠪᠠᠯ ᠵᠤᠬᠢᠨ᠎ᠠ᠃
ᠤᠰᠤ
ᠸᠢᠲ᠋ᠠᠮᠢᠨ C᠂ B ᠳᠦᠷᠦᠯ ᠤᠨ ᠸᠢᠲ᠋ᠠᠮᠢᠨ ᠵᠡᠷᠭᠡ ᠤᠰᠤᠨ ᠳᠤ ᠠᠭᠤᠰᠤᠮᠠᠳᠠᠬᠠᠢ ᠸᠢᠲ᠋ᠠᠮᠢᠨ ᠨᠢ ᠠᠭᠤᠰᠤᠮᠠᠯ ᠪᠠᠶᠢᠳᠠᠯ ᠳᠤ ᠪᠠᠶᠢᠬᠤ ᠳᠠᠭᠠᠨ ᠠᠮᠠᠷᠬᠠᠨ ᠠᠯᠳᠠᠭᠳᠠᠳᠠᠭ᠃ ᠨᠤᠭᠤᠭ᠎ᠠ ᠪᠤᠳᠠᠭ᠎ᠠ ᠶᠢ ᠤᠬᠢᠶᠠᠬᠤ ᠳᠤ ᠸᠢᠲ᠋ᠠᠮᠢᠨ C᠂ B ᠳᠦᠷᠦᠯ ᠤᠨ ᠸᠢᠲ᠋ᠠᠮᠢᠨ ᠨᠢ ᠠᠭᠤᠰᠤᠭᠠᠳ ᠪᠠᠶᠢᠬᠤ ᠦᠭᠡᠢ ᠪᠤᠯᠤᠨ᠎ᠠ᠃ ᠰᠠᠨᠠᠭᠤᠯᠭ᠎ᠠ᠄ ᠬᠤᠭᠤᠯᠠ ᠬᠢᠬᠦ ᠳᠡᠭᠡᠨ ᠢᠳᠡᠰᠢᠨ ᠨᠤᠭᠤᠭ᠎ᠠ ᠪᠠᠨ ᠤᠷᠢᠳᠠᠪᠠᠷ ᠤᠭᠢᠶᠠᠵᠤ ᠳᠠᠷᠠᠭ᠎ᠠ ᠨᠢ ᠭᠡᠷᠴᠢᠨᠠ᠂ ᠭᠡᠷᠴᠢᠭᠰᠡᠨ ᠳᠠᠷᠤᠢ ᠳᠠᠭᠠᠨ ᠳᠤᠭᠤᠭᠠᠨ ᠳᠤ ᠤᠷᠤᠭᠤᠯᠤᠨ᠎ᠠ᠃ ᠬᠠᠯᠠᠭᠤᠨ ᠤᠰᠤᠨ ᠳᠤ ᠳᠦᠷᠦᠬᠦ ᠳᠡᠭᠡᠨ ᠴᠦ ᠢᠳᠡᠰᠢᠨ ᠨᠤᠭᠤᠭ᠎ᠠ ᠪᠠᠨ ᠴᠢᠳᠠᠬᠤ ᠶᠢᠨ ᠳᠤᠳᠤᠷ᠎ᠠ ᠪᠦᠲᠦᠨ ᠪᠠᠶᠢᠯᠭᠠᠬᠤ ᠶᠢ ᠠᠩᠬᠠᠷᠪᠠᠯ ᠵᠤᠬᠢᠨ᠎ᠠ᠃ ᠪᠤᠳᠠᠭ᠎ᠠ ᠪᠠᠨ ᠤᠰᠤ ᠭᠤᠭᠤᠵᠢᠭᠤᠯᠵᠤ ᠤᠭᠢᠶᠠᠬᠤ ᠦᠭᠡᠢ᠂ ᠵᠦᠭᠡᠯᠡᠨ ᠬᠤᠳᠬᠤᠵᠤ 1 — 2 ᠤᠳᠠᠭ᠎ᠠ ᠵᠠᠶᠢᠯᠵᠤ ᠬᠤᠮᠠᠭ ᠳᠤᠭᠤᠰᠤ ᠶᠢ ᠨᠢ ᠠᠪᠤᠪᠠᠯ ᠪᠤᠯᠴᠢᠬᠠᠨ᠎ᠠ᠃ ᠬᠤᠵᠢᠷ
ᠬᠤᠵᠢᠷ ᠪᠤᠯ B ᠳᠦᠷᠦᠯ ᠤᠨ ᠸᠢᠲ᠋ᠠᠮᠢᠨ ᠤ ᠬᠠᠮᠤᠭ ᠤᠨ ᠶᠡᠭᠡ ᠳᠠᠶᠢᠰᠤᠨ ᠪᠤᠯᠤᠨ᠎ᠠ᠃ ᠨᠠᠷᠢᠮᠦ ᠶᠢᠨ ᠳᠦᠷᠦᠯ ᠤᠨ ᠢᠳᠡᠭᠡᠨ ᠳᠤ B ᠳᠦᠷᠦᠯ ᠤᠨ ᠸᠢᠲ᠋ᠠᠮᠢᠨ ᠡᠯᠪᠡᠭ ᠠᠭᠤᠯᠤᠭᠳᠠᠳᠠᠭ᠂ ᠰᠢᠩᠭᠡᠨ ᠪᠤᠳᠠᠭ᠎ᠠ ᠪᠤᠴᠠᠯᠭᠠᠬᠤ ᠮᠢᠬ᠎ᠠ ᠶᠢ ᠬᠤᠵᠢᠷ ᠲᠤ ︽ ᠳᠠᠪᠤᠰᠤᠯᠠᠬᠤ︾ ᠳᠤ B ᠳᠦᠷᠦᠯ ᠤᠨ ᠸᠢᠲ᠋ᠠᠮᠢᠨ ᠢ ᠨᠢ ᠶᠡᠬᠡᠪᠡᠷ ᠠᠯᠳᠠᠭᠳᠠᠭᠤᠯᠳᠠᠭ᠃ ᠰᠠᠨᠠᠭᠤᠯᠭ᠎ᠠ᠄ ᠰᠢᠩᠭᠡᠨ ᠪᠤᠳᠠᠭ᠎ᠠ ᠴᠢᠨᠠᠬᠤ ᠳᠠᠭᠠᠨ ᠨᠢᠭᠡ ᠠᠳᠬᠤ ᠰᠢᠯᠦᠭᠡᠢ ᠪᠤᠶᠤ ᠨᠢᠭᠡ ᠬᠠᠯᠪᠠᠭ᠎ᠠ ᠨᠤᠬᠠᠢ ᠶᠢᠨ ᠬᠤᠰᠢᠭᠤ ᠬᠢᠭᠰᠡᠭᠡᠷ᠂ ᠰᠢᠩᠭᠡᠨ ᠪᠤᠳᠠᠭ᠎ᠠ ᠪᠠᠨ ᠦᠳᠭᠡᠷᠡᠭᠦᠯᠵᠦ ᠪᠤᠯᠤᠨ᠎ᠠ᠃ ᠳᠠᠬᠢᠪᠠᠯ ᠠᠯᠢ ᠤᠯᠠᠨ ᠵᠢᠮᠢᠰ ᠤᠨ ᠵᠦᠢᠯ ᠢᠶᠠᠷ ᠮᠢᠬ᠎ᠠ ᠶᠢ ᠵᠦᠭᠡᠯᠡᠷᠡᠭᠦᠯᠬᠦ ᠡᠳ᠋ ᠪᠤᠯᠭᠠᠵᠤ ᠪᠤᠯᠳᠠᠭ᠂ ᠵᠢᠱᠢᠶᠡᠯᠡᠪᠡᠯ ᠭᠠᠳᠢᠷᠡ ᠶᠢᠨ ᠵᠢᠮᠢᠰ᠂ ᠳᠤᠰᠢᠯᠤᠬ᠂ ᠬᠠᠨ ᠪᠤᠷᠭᠤᠴᠠᠢ ᠵᠡᠷᠭᠡ ᠶᠢᠨ ᠰᠢᠭᠦᠰᠦ ᠪᠠᠷ ᠮᠢᠬ᠎ᠠ ᠪᠠᠨ ︽ᠳᠠᠪᠤᠰᠤᠯᠠᠵᠤ︾ ᠪᠤᠯᠤᠨ᠎ᠠ᠃
ᠬᠦᠴᠢᠯᠳᠦ᠋ᠷᠦᠭᠴᠢ
ᠵᠠᠷᠢᠮ ᠸᠢᠲ᠋ᠠᠮᠢᠨ ᠨᠢ ᠬᠦᠴᠢᠯᠳᠦ᠋ᠷᠦᠭᠴᠢ ᠲᠠᠢ ᠤᠴᠠᠷᠠᠭᠰᠠᠭᠠᠷ ᠬᠢᠮᠢ ᠶᠢᠨ ᠤᠷᠪᠠᠯ ᠡᠭᠦᠰᠦᠭᠡᠳ ᠪᠠᠶᠢᠬᠤ ᠦᠭᠡᠢ ᠪᠤᠯᠳᠠᠭ᠃ ᠢᠳᠡᠰᠢᠨ ᠨᠤᠭᠤᠭ᠎ᠠ ᠵᠢᠮᠢᠰ ᠢ ᠭᠡᠷᠴᠢᠬᠦ ᠪᠤᠶᠤ ᠵᠢᠵᠢᠭᠯᠡᠭᠡᠳ ᠤᠳᠠᠭᠠᠨ ᠵᠠᠳᠠᠭᠠᠢ ᠳᠠᠯᠪᠢᠪᠠᠯ ᠸᠢᠲ᠋ᠠᠮᠢᠨ C ᠨᠢ ᠢᠰᠦᠯᠳᠦᠭᠡᠳ ᠪᠠᠶᠢᠬᠤ ᠦᠭᠡᠢ ᠪᠤᠯᠳᠠᠭ᠃ ᠰᠠᠨᠠᠭᠤᠯᠭ᠎ᠠ᠄ ᠢᠳᠡᠰᠢᠨ ᠨᠤᠭᠤᠭ᠎ᠠ ᠵᠢᠮᠢᠰ ᠢ ᠭᠡᠷᠴᠢᠭᠡᠳ ᠤᠳᠠᠭᠠᠨ ᠬᠤᠭᠤᠴᠠᠭ᠎ᠠ ᠪᠠᠷ ᠵᠠᠳᠠᠭᠠᠢ ᠳᠠᠯᠪᠢᠵᠤ ᠪᠤᠯᠬᠤ ᠦᠭᠡᠢ᠃ ᠪᠦᠲᠦᠭᠦᠯᠢᠭ ᠠᠮᠤ ᠬᠤᠳᠠᠯᠳᠤᠨ ᠠᠪᠬᠤ ᠳᠠᠭᠠᠨ ᠠᠭᠠᠷ ᠦᠭᠡᠶᠢᠳᠡᠭᠦᠯᠦᠨ ᠪᠤᠭᠤᠳᠠᠯᠯᠠᠭᠰᠠᠨ ᠢ ᠠᠪᠴᠤ᠂ ᠭᠡᠷᠡᠯ ᠴᠢᠭᠢᠭ ᠦᠭᠡᠢ ᠬᠠᠳᠠᠭᠠᠯᠠᠨ᠎ᠠ᠃
ᠳᠠᠪᠤᠰᠤ
ᠬᠤᠭᠤᠯᠠ ᠬᠢᠬᠦ ᠳᠡᠭᠡᠨ ᠳᠠᠪᠤᠰᠤ ᠬᠢᠬᠦ ᠪᠤᠯ ᠳᠤᠩ ᠡᠩ ᠤᠨ ᠶᠠᠪᠤᠳᠠᠯ᠃ ᠭᠡᠪᠡᠴᠦ ᠳᠠᠪᠤᠰᠤ ᠬᠢᠭᠰᠡᠨ ᠠᠴᠠ ᠪᠤᠯᠵᠤ ᠢᠳᠡᠰᠢᠨ ᠨᠤᠭᠤᠭ᠎ᠠ ᠳᠠᠬᠢ ᠸᠢᠲ᠋ᠠᠮᠢᠨ C ᠶᠢ ᠬᠤᠷᠤᠭᠳᠠᠭᠤᠯᠳᠠᠭ᠂ ᠳᠠᠪᠤᠰᠤ ᠢᠯᠡᠭᠦᠦ ᠬᠢᠪᠡᠯ ᠬᠤᠷᠤᠭᠳᠠᠯ ᠨᠢ ᠢᠯᠡᠭᠦᠦ︔ ᠳᠠᠪᠤᠰᠤ ᠪᠠᠨ ᠡᠷᠳᠡ ᠬᠢᠪᠡᠯ ᠬᠤᠷᠤᠭᠳᠠᠯ ᠨᠢ ᠤᠯᠠᠮ ᠶᠡᠭᠡ ᠭᠡᠳᠡᠭ ᠢ ᠰᠤᠳᠤᠯᠭᠠᠨ ᠢᠶᠠᠷ ᠭᠡᠷᠡᠴᠢᠯᠡᠭᠰᠡᠨ ᠪᠠᠶᠢᠨ᠎ᠠ᠃ ᠰᠠᠨᠠᠭᠤᠯᠭ᠎ᠠ᠄ ᠢᠳᠡᠰᠢᠨ ᠨᠤᠭᠤᠭ᠎ᠠ ᠳᠤ ᠳᠠᠪᠤᠰᠤ ᠪᠠᠭ᠎ᠠ ᠬᠢᠨ᠎ᠠ᠂ ᠪᠤᠯᠭᠤᠭᠰᠠᠨ ᠬᠤᠶᠢᠨ᠎ᠠ ᠪᠠᠨ ᠳᠠᠪᠤᠰᠤ ᠬᠢᠬᠦ ᠶᠢ ᠠᠩᠬᠠᠷᠪᠠᠯ ᠵᠤᠬᠢᠨ᠎ᠠ᠃ ᠬᠠᠮᠤᠭ ᠤᠨ ᠰᠠᠶᠢᠨ ᠨᠢ ᠨᠤᠭᠤᠭ᠎ᠠ ᠠᠶᠠᠭᠠᠯᠠᠬᠤ ᠦᠶ᠎ᠠ ᠳᠡᠭᠡᠨ ᠳᠠᠪᠤᠰᠤ ᠬᠢᠨ᠎ᠠ᠂ ᠳᠡᠭᠡᠪᠡᠯ ᠸᠢᠲ᠋ᠠᠮᠢᠨ C ᠶᠢ ᠬᠠᠮᠠᠭᠠᠯᠠᠵᠤ ᠳᠡᠶᠢᠯᠬᠦ ᠮᠦᠷᠳᠡᠭᠡᠨ ᠳᠠᠪᠤᠰᠤ ᠢᠳᠡᠬᠦ ᠬᠡᠮᠵᠢᠶ᠎ᠠ ᠪᠠᠨ ᠪᠠᠭᠠᠰᠬᠠᠬᠤ ᠳᠤ ᠴᠤ ᠳᠤᠰᠠᠳᠠᠢ᠃