-
21747
ᠪᠠᠭ᠎ᠠ ᠣᠣᠭᠤᠪᠠᠯ ᠪᠠᠯ ᠪᠠᠯᠠᠷᠠᠲᠠᠯ᠎ᠠ ᠣᠣᠭᠤᠪᠠᠯ ᠮᠠᠯ
2017-05-05 15:54
222
0
ᠠᠷᠢᠬᠢ ᠰᠠᠶᠢᠨ ᠤᠤᠭᠤᠵᠤ᠂ ᠠᠶᠢᠬᠤᠪᠳᠤᠷ ᠶᠡᠭᠡ ᠠᠭᠰᠤᠮ ᠳᠠᠯᠪᠢᠪᠠᠯ ᠰᠠᠶᠢ ᠵᠢᠩᠬᠢᠨᠢ ᠮᠤᠩᠭᠤᠯ ᠬᠦᠮᠦᠨ ᠬᠡᠮᠡᠨ ᠠᠷᠢᠬᠢ ᠶᠢ ᠬᠡᠳᠦᠷᠡᠳᠡᠯ᠎ᠡ ᠡᠳ᠋ᠯᠡᠵᠤ ᠪᠠᠶᠢᠬᠤ ᠮᠤᠩᠭᠤᠯᠴᠤᠳ ᠤᠳᠤ ᠤᠯᠠᠨ ᠬᠠᠷᠠᠭᠳᠠᠬᠤ ᠪᠤᠯᠵᠠᠢ᠃ ᠵᠠᠷᠢᠮ ᠮᠤᠩᠭᠤᠯᠴᠤᠳ ᠤᠨ ᠠᠷᠢᠬᠢᠨ ᠰᠤᠶᠤᠯ ᠦᠭᠡᠷ᠎ᠡ ᠳᠡᠰᠢ ᠪᠤᠯᠵᠤ᠂ ᠦᠪᠦᠷ ᠮᠤᠩᠭᠤᠯ ᠠᠴᠠ ᠳᠡᠯᠡᠬᠡᠢ ᠳᠤ ᠬᠦᠷᠳᠡᠯ᠎ᠡ ᠮᠤᠩᠭᠤᠯᠴᠤᠳ ᠠᠷᠢᠬᠢ ᠯᠡ ᠰᠠᠶᠢᠨ ᠡᠳ᠋ᠯᠡᠨ᠎ᠡ ᠭᠡᠵᠤ ᠳᠠᠨᠢᠳᠠᠭ᠃ ︽ᠮᠦᠩᠬᠦᠨ ᠬᠤᠨᠳᠠᠭ᠎ᠠ︾᠂ ︽ᠲᠤᠭᠰᠢᠨ ᠬᠠᠷ᠎ᠠ︾ ᠵᠡᠷᠭᠡ ᠠᠷᠢᠬᠢᠨ ᠳᠠᠭᠤᠤ ᠬᠦᠳᠡᠭᠡ ᠶᠢᠨ ᠪᠤᠷᠤ ᠭᠡᠷ ᠠᠴᠠ ᠬᠤᠳᠠ ᠶᠢᠨ ᠵᠡᠭᠡᠯᠢ ᠭᠤᠳᠤᠮᠵᠢ ᠳᠤ ᠬᠦᠷᠳᠡᠯ᠎ᠡ ᠬᠠᠩᠬᠢᠨᠠᠨ ᠪᠤᠰᠤᠳ ᠤᠨ ᠨᠢᠳᠤᠨ ᠳᠠᠬᠢ ᠳᠠᠭᠤᠴᠢᠨ ᠦᠨᠳᠦᠰᠦᠳᠡᠨ ᠢᠩᠬᠢᠵᠤ ᠨᠡᠷ᠎ᠡ ᠨᠢᠳᠡᠷ ᠲᠡᠭᠡᠨ ᠳᠡᠩᠴᠡᠬᠦ ᠪᠤᠯᠤᠯ᠎ᠠ᠃
ᠤᠶᠤᠳᠠᠨ ᠵᠠᠯᠠᠭᠤᠴᠤᠳ ᠠᠩᠬ᠎ᠠ ᠶᠡᠭᠡ ᠰᠤᠷᠭᠠᠭᠤᠯᠢ ᠳᠤ ᠤᠷᠤᠮᠠᠭᠴᠠ ᠠᠷᠢᠬᠢ ᠶᠢ ᠰᠠᠶᠢᠨ ᠪᠠᠷᠢᠵᠤ᠂ ᠠᠷᠢᠬᠢ ᠪᠠᠷ ᠨᠠᠶᠢᠵᠢ ᠳᠠᠨᠢᠵᠤ᠂ ᠠᠷᠢᠬᠢ ᠪᠠᠷ ᠬᠤᠭᠤᠯᠠᠨ ᠭᠡᠷ ᠬᠡᠰᠦᠳᠡᠭ ᠦᠵᠡᠭᠳᠡᠯ ᠤᠯᠠᠨ ᠪᠤᠯᠵᠠᠢ᠃ ᠡᠭᠦᠪᠡᠷ ᠵᠤᠭᠰᠤᠬᠤ ᠦᠭᠡᠢ ᠰᠤᠭᠳᠤᠭᠤ ᠬᠦᠯᠴᠦᠭᠦᠦ ᠪᠠᠷ ᠵᠤᠳᠤᠭᠠᠨ ᠨᠦᠳᠦᠭᠡᠨ ᠬᠢᠵᠤ᠂ ᠬᠦᠩᠭᠡᠨ ᠳᠡᠭᠡᠨ ᠠᠪᠤ ᠶᠢᠨ ᠬᠡᠳᠦᠨ ᠵᠤᠭᠤᠰ ᠮᠦᠩᠬᠦ ᠪᠠᠷ ᠶᠠᠪᠤᠳᠠᠯ ᠰᠢᠢᠳᠪᠦᠷᠢᠯᠡᠵᠤ᠂ ᠬᠦᠨᠳᠦ ᠳᠡᠭᠡᠨ ᠰᠤᠷᠭᠠᠭᠤᠯᠢ ᠠᠴᠠ ᠪᠠᠨ ᠬᠦᠭᠡᠭᠡᠭᠳᠡᠵᠤ᠂ ᠬᠠᠷ᠎ᠠ ᠠᠷᠢᠬᠢᠨ ᠤ ᠶᠠᠪᠤᠳᠠᠯ ᠠᠴᠠ ᠬᠠᠷ᠎ᠠ ᠭᠡᠷ ᠲᠤ ᠰᠠᠭᠤᠵᠤ᠂ ᠢᠷᠡᠭᠡᠳᠦᠢ ᠪᠠᠨ ᠬᠠᠷᠠᠯᠠᠭᠤᠯᠳᠠᠭ ᠵᠢᠱᠢᠶ᠎ᠡ ᠮᠤᠩ ᠦᠬᠡᠢ ᠤᠯᠠᠨ ᠪᠤᠯᠵᠤ᠂ ︽ᠤᠨᠴᠠ ᠵᠠᠷᠢᠮ ᠮᠤᠩᠭᠤᠯ ᠰᠤᠷᠤᠭᠴᠢ ᠲᠦᠭᠦᠭᠡ ᠦᠭᠡᠢ᠂ ᠤᠨᠴᠠᠭᠠᠢᠢᠯᠠᠨ ᠬᠦᠳᠡᠭᠡ ᠠᠴᠠ ᠢᠷᠡᠭᠰᠡᠨ ᠵᠠᠷᠢᠮ ᠬᠡᠦᠬᠡᠳ ᠵᠦᠭ ᠵᠢᠯᠤᠭᠤ ᠦᠭᠡᠢ︾ ᠭᠡᠳᠡᠭ ᠦᠭᠡ ᠤᠯᠠᠨ ᠪᠠᠭᠰᠢ ᠨᠠᠷ ᠤᠨ ᠳᠤᠮᠳᠠ ᠳᠠᠷᠬᠠᠵᠤ᠂ ᠠᠩᠬᠢ ᠶᠢᠨ ᠡᠷᠬᠢᠯᠡᠭᠴᠢ ᠶᠢᠨ ᠵᠢᠷᠤᠬᠡ ᠶᠢ ᠳᠤᠭᠰᠢᠨ᠎ᠠ᠃ ᠬᠡᠦᠬᠡᠳ ᠬᠦᠮᠦᠨ ᠭᠡᠷ ᠪᠦᠯᠢ᠂ ᠨᠡᠶᠢᠭᠡᠮ ᠤᠷᠴᠢᠨ ᠤ ᠨᠦᠯᠦᠭᠡ ᠶᠢ ᠶᠡᠭᠡ ᠬᠦᠷᠳᠡᠳᠡᠭ ᠭᠡᠳᠡᠭ᠃ ᠲᠡᠬᠡᠬᠦ ᠪᠠᠷ ᠮᠤᠩᠭᠤᠯ ᠤᠶᠤᠳᠠᠳ ᠤᠨ ᠳᠤᠮᠳᠠᠬᠢ ᠡᠶᠢᠮᠦᠷᠬᠦ ᠬᠡᠴᠡᠬᠦᠦ ᠪᠠᠶᠢᠳᠠᠯ ᠳᠤ ᠬᠠᠵᠠᠭᠤ ᠪᠠᠷ ᠨᠢ ᠪᠠᠶᠢᠬᠤ ᠬᠡᠷᠰᠡᠦ ᠲᠤᠮᠤᠭᠠᠳᠠᠳ ᠨᠢ ᠵᠠᠶᠢᠯᠠᠭᠤᠯᠵᠤ ᠪᠤᠯᠤᠰᠢ ᠦᠭᠡᠢ ᠬᠠᠷᠢᠭᠤᠴᠠᠯᠭ᠎ᠠ ᠲᠠᠢ ᠪᠠᠶᠢᠳᠠᠭ᠃ ︽ᠪᠠᠭ᠎ᠠ ᠤᠤᠭᠤᠪᠠᠯ ᠪᠠᠯ᠂ ᠪᠠᠯᠠᠷᠠᠳᠠᠯ᠎ᠠ ᠤᠤᠭᠤᠪᠠᠯ ᠮᠠᠯ︾ ᠭᠡᠳᠡᠭ ᠮᠤᠩᠭᠤᠯ ᠤᠨ ᠰᠠᠶᠢᠬᠠᠨ ᠰᠤᠷᠭᠠᠯ ᠨᠢ ︽ᠰᠡᠳᠬᠢᠯ ᠨᠢ ᠢᠷᠤᠭᠠᠷ ᠲᠤᠨᠢ ᠪᠠᠶᠢᠨ᠎ᠠ︾ ᠭᠡᠬᠦ ᠦᠭᠡ ᠪᠠᠷ ᠨᠢᠴᠤᠭᠠᠭᠳᠠᠵᠤ᠂ ᠮᠤᠩᠭᠤᠯᠴᠤᠳ ᠠᠰᠪᠤᠷᠢ ᠰᠢᠯᠤᠭᠤᠨ ᠨᠡᠷ᠎ᠡ ᠪᠠᠷ ᠬᠤᠭᠤᠯᠠᠨ ᠭᠡᠷ᠂ ᠬᠤᠷᠢᠮ ᠨᠠᠶᠢᠷ ᠳᠡᠭᠡᠷ᠎ᠡ ᠠᠷᠭ᠎ᠠ ᠦᠭᠡᠢ ᠶᠡᠭᠡ ᠵᠢᠷᠤᠮ ᠢ ᠪᠠᠷᠢᠳᠠᠭ ᠰᠠᠶᠢᠨ ᠬᠦᠮᠦᠨ ᠪᠤᠯᠵᠤ ᠶᠠᠪᠤᠭ᠎ᠠ ᠨᠢ ᠤᠯᠠᠨᠳᠠᠢ ᠨᠢ ᠬᠠᠷᠠᠮᠰᠠᠯᠳᠠᠢ ᠪᠢᠯᠡ᠃
ᠪᠠᠭ᠎ᠠ ᠠᠴᠠ ᠪᠠᠨ ᠰᠤᠭᠳᠤᠭᠤ ᠠᠪᠤ ᠪᠠ ᠠᠷᠢᠬᠢᠨ ᠰᠢᠷᠡᠭᠡᠨ ᠤ ᠬᠠᠵᠠᠭᠤ ᠳᠤ ᠦᠰᠦᠭᠰᠡᠨ ᠬᠦᠬᠡᠷᠦᠭᠦᠢ ᠵᠠᠷᠢᠮ ᠮᠤᠩᠭᠤᠯ ᠬᠡᠦᠬᠡᠳ ᠨᠢᠭᠡ ᠪᠤᠯ ᠠᠷᠢᠬᠢᠨ ᠠᠴᠠ ᠬᠠᠯᠠᠰᠢᠷᠠᠵᠤ᠂ ᠠᠷᠢᠬᠢ ᠠᠮᠢᠳᠤᠷᠠᠯ ᠢ ᠬᠡᠷᠬᠢᠨ ᠬᠠᠷᠠᠯᠠᠭᠤᠯᠵᠤ ᠪᠠᠶᠢᠬᠤ ᠶᠢ ᠤᠨᠳᠤᠤ ᠬᠦᠮᠦᠨ ᠠᠴᠠ᠂ ᠤᠨᠴᠠᠭᠠᠢ ᠦᠳᠡᠯᠦᠭᠰᠡᠨ ᠠᠪᠤ ᠶᠢᠨ ᠢᠶᠠᠨ ᠴᠢᠷᠠᠢ ᠠᠴᠠ ᠨᠢ ᠬᠠᠷᠠᠨ᠎ᠠ᠃ ᠨᠢᠭᠡ ᠪᠤᠯ᠂ ᠠᠪᠤ ᠡᠵᠢ᠂ ᠠᠬᠠᠰ ᠵᠠᠬᠠᠰ ᠤᠨ ᠠᠵᠢᠯ ᠶᠠᠪᠤᠳᠠᠯ ᠪᠦᠲᠦᠭᠡᠬᠦ ᠳᠤ ᠠᠷᠢᠬᠢ ᠶᠢ ᠰᠠᠶᠢᠬᠠᠨ ᠤᠤᠭᠤᠵᠤ ᠰᠤᠷᠬᠤ ᠬᠡᠷᠡᠭᠳᠡᠢ ᠭᠡᠳᠡᠭ ᠠᠯᠳᠠᠨ ᠰᠤᠷᠭᠠᠯ ᠢᠶᠠᠷ ᠠᠷᠢᠬᠢᠨ ᠤ ᠵᠢᠯᠤᠭᠤ ᠰᠤᠩᠭᠠᠵᠤ ᠶᠠᠪᠤᠨ᠎ᠠ᠃ ᠠᠷᠢᠬᠢ ᠶᠢ ᠬᠤᠤᠰ ᠢᠷᠳᠦ ᠰᠡᠯᠡᠮ᠎ᠡ ᠭᠡᠳᠡᠭ᠃ ᠠᠷᠢᠬᠢ ᠶᠢ ᠤᠨᠴᠠ ᠡᠳ᠋ᠯᠡᠬᠦ ᠤᠷᠤᠰᠬᠠᠯ ᠤᠯᠠᠨ ᠰᠤᠳᠤᠨ ᠮᠤᠩᠭᠤᠯ ᠬᠦᠮᠦᠨ ᠤ ᠤᠬᠠᠭᠠᠨ ᠰᠠᠨᠠᠭ᠎ᠠ ᠶᠢ ᠲᠦᠭᠡᠷᠢᠭᠳᠡᠭᠦᠯᠵᠤ ᠪᠠᠶᠢᠨ᠎ᠠ᠃ ᠢᠯᠠᠩᠭᠤᠶ᠎ᠡ ᠮᠤᠩᠭᠤᠯ ᠦᠨᠳᠦᠰᠦᠳᠡᠨ ᠤ ᠢᠷᠡᠭᠡᠳᠦᠢ ᠪᠤᠯᠤᠭᠰᠠᠨ ᠵᠠᠯᠠᠭᠤᠴᠤᠳ ᠤᠨ ᠠᠮᠢᠳᠤᠷᠠᠬᠤᠢ ᠶᠢᠨ ᠦᠵᠡᠯᠳᠡ ᠳᠤ ᠠᠷᠢᠬᠢᠨ ᠤ ᠲᠤᠬᠠᠢ ᠵᠦᠪ ᠪᠤᠰᠤ ᠦᠵᠡᠯᠳᠡ ᠶᠢ ᠦᠯᠡᠳᠡᠭᠡᠵᠤ᠂ ᠠᠵᠢᠯ ᠰᠤᠷᠤᠯᠭ᠎ᠠ᠂ ᠠᠮᠢᠳᠤᠷᠠᠯ ᠠᠬᠤᠢ ᠶᠢ ᠨᠢ ᠶᠠᠭᠠᠬᠢᠬᠤ ᠶᠢᠨ ᠠᠷᠭ᠎ᠠ ᠦᠭᠡᠢ ᠨᠦᠯᠦᠭᠡᠯᠡᠵᠤ ᠪᠠᠶᠢᠨ᠎ᠠ᠃ ᠠᠬᠠᠮᠠᠳ ᠲᠤᠮᠤᠭᠠᠳᠠᠳ ᠮᠢᠨᠢ᠂ ᠬᠡᠦᠬᠡᠳ ᠵᠠᠯᠠᠭᠤᠴᠤᠳ ᠲᠠᠭᠠᠨ ᠠᠷᠢᠬᠢ ᠶᠢ ᠡᠳᠡᠯᠡᠬᠦ ᠳᠤᠬᠠᠢ ᠢᠳᠡᠪᠬᠢᠳᠡᠢ ᠵᠦᠪ ᠰᠤᠷᠭᠠᠯ ᠬᠠᠶᠢᠷᠠᠯᠠᠵᠤ ᠪᠠᠶᠢᠭᠠᠷᠠᠢ︕ ᠬᠡᠦᠬᠡᠳ ᠤᠨ ᠬᠦᠮᠦᠵᠢᠯ ᠳᠤ ᠲᠠᠨᠠᠷ ᠵᠠᠶᠢᠯᠠᠭᠤᠯᠵᠤ ᠪᠤᠯᠤᠰᠢ ᠬᠠᠷᠢᠭᠤᠴᠠᠯᠭ᠎ᠠ ᠲᠠᠢ ᠰᠢᠦ︕ ᠤᠶᠤᠳᠠᠳ ᠮᠢᠨᠢ᠂ ᠠᠷᠢᠬᠢᠨ ᠯᠤᠩᠬᠤ ᠳᠡᠪᠡᠷᠢᠬᠦ ᠪᠠᠷ ᠠᠯᠢ ᠨᠢᠭᠡ ᠨᠤᠮ ᠢ ᠨᠢ ᠳᠡᠪᠡᠷᠢᠵᠤ ᠰᠠᠭᠤᠭᠠᠷᠠᠢ︕ ᠨᠠᠶᠢᠵᠢ ᠨᠦᠬᠦᠳ ᠲᠠᠢ ᠪᠠᠨ ᠠᠭᠤᠯᠵᠠᠵᠤ ᠤᠴᠠᠷᠠᠬᠤ ᠳᠤ ᠠᠷᠢᠬᠢ ᠪᠠᠷ ᠰᠡᠳᠬᠢᠯ ᠢᠶᠠᠨ ᠰᠤᠯᠢᠯᠴᠠᠬᠤ ᠪᠠᠷ ᠨᠤᠮ ᠪᠢᠴᠢᠭ ᠢᠶᠠᠷ ᠡᠷᠳᠡᠮ ᠤᠬᠠᠭᠠᠨ ᠢᠶᠠᠨ ᠰᠦᠢᠭᠠᠷᠠᠢ︕ ᠠᠷᠢᠬᠢ ᠪᠠᠷ ᠱᠠᠯᠠᠵᠤ᠂ ᠳᠠᠷᠠᠰᠤ ᠪᠠᠷ ᠳᠠᠶᠢᠯᠠᠬᠤ ᠶᠢ ᠳᠡᠪᠴᠢᠵᠤ ᠶᠠᠪᠤᠭᠠᠷᠠᠢ︕ ᠠᠷᠢᠬᠢ ᠰᠠᠶᠢᠨ ᠤᠭᠤᠤᠬᠤ ᠪᠠᠷ ᠪᠠᠭᠰᠢ ᠨᠠᠷ ᠴᠢᠨᠢ ᠱᠠᠩᠨᠠᠬᠤ ᠦᠭᠡᠢ᠂ ᠨᠡᠶᠢᠭᠡᠮ ᠨᠡᠶᠢᠳᠡ ᠠᠴᠠ ᠱᠠᠭᠱᠢᠬᠤ ᠦᠭᠡᠢ᠂ ᠬᠤᠭᠤᠯᠠᠨ ᠭᠡᠷ ᠤᠨ ᠡᠵᠡᠨ᠂ ᠠᠷᠢᠬᠢᠨ ᠮᠠᠶᠢᠮᠠᠶᠢᠴᠢᠨ ᠳᠤ ᠯᠡ ᠮᠦᠩᠬᠦ ᠬᠠᠨᠳᠢᠪᠯᠠᠬᠤ ᠠᠴᠠ ᠦᠭᠡᠷ᠎ᠡ ᠶᠠᠮᠠᠷ ᠰᠠᠶᠢᠨ ᠪᠠᠶᠢᠨ᠎ᠠ ᠪᠤᠢ︖ ᠠᠷᠢᠬᠢᠨ ᠤ ᠲᠤᠬᠠᠢ ᠵᠦᠪ ᠦᠵᠡᠯᠳᠡ ᠲᠠᠢ ᠪᠤᠯᠵᠤ᠂ ᠤᠶᠤᠳᠠᠨ ᠠᠮᠢᠳᠤᠷᠠᠯ ᠢᠶᠠᠨ ᠨᠡᠩ ᠤᠳᠬ᠎ᠠ ᠠᠭᠤᠯᠭ᠎ᠠ ᠲᠠᠢ ᠦᠩᠭᠡᠷᠡᠭᠦᠯᠬᠦ ᠶᠢ ᠪᠤᠳᠤᠭᠠᠷᠠᠢ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ