-
77991
ᠬᠠᠮᠲᠤ ᠶᠢᠨ ᠬᠠᠷᠢᠭᠤᠴᠠᠯᠭ᠎ᠠ
2016-03-10 08:58
301
1
ᠬᠠᠮᠲᠤ ᠶᠢᠨ ᠬᠠᠷᠢᠭᠤᠴᠠᠯᠭ᠎ᠠ
ᠨᠢᠭᠡ
ᠠᠯᠢᠶ᠎ᠠ ᠪᠠᠭ᠎ᠠ ᠶᠢᠨ ᠮᠢᠨᠢ ᠲᠡᠷᠡ ᠴᠠᠭ ᠲᠤ
ᠠᠶᠢᠯ ᠵᠡᠷᠭᠡᠯᠡᠳᠡᠭᠡ ᠠᠬᠢᠮᠠᠭ ᠨᠠᠰᠤᠲᠠᠳ
ᠠᠯᠢ ᠨᠢ ᠪᠤᠯᠪᠠᠴᠤ ᠰᠤᠷᠭᠠᠳᠠᠭ ᠪᠠᠶᠢᠭᠰᠠᠨ
ᠠᠶᠤᠵᠤ ᠪᠢᠳᠡ ᠦᠭᠡ ᠰᠤᠨᠤᠰᠳᠠᠭ ᠪᠠᠶᠢᠭᠰᠠᠨ
ᠬᠡᠷᠡᠮ ᠬᠠᠰᠢᠶ᠎ᠠ ᠦᠰᠦᠷᠦᠨ ᠬᠠᠷᠠᠶᠢᠵᠤ
ᠬᠡᠷᠡᠭᠦᠯ ᠦᠢᠮᠡᠭᠡᠨ ᠲᠠᠲᠠᠳᠠᠭ ᠨᠢᠭᠡᠨ ᠢ
ᠬᠦᠭᠰᠢᠳ ᠨᠠᠰᠤᠲᠠᠳ ᠬᠡᠨ ᠨᠢ ᠴᠤ ᠭᠡᠰᠡᠨ
ᠬᠡᠯᠡᠵᠦ ᠰᠤᠷᠭᠠᠳᠠᠭ ᠨᠢ ᠦᠨᠡᠨ ᠪᠠᠶᠢᠭᠰᠠᠨ
ᠨᠤᠬᠠᠢ ᠭᠠᠬᠠᠢ ᠦᠢᠮᠡᠭᠦᠯᠦᠨ ᠬᠦᠭᠡᠭᠡᠵᠦ
ᠨᠤᠴᠤᠯᠳᠤᠨ ᠬᠠᠷᠢᠶᠠᠯᠴᠠᠵᠤ ᠠᠭᠠᠰᠢᠯᠠᠳᠠᠭ ᠨᠢᠭᠡᠨ ᠢ
ᠠᠶᠢᠯ ᠠᠶᠢᠮᠠᠭ ᠤᠨ ᠠᠬᠠᠮᠠᠳ ᠦᠵᠡᠪᠡᠯ
ᠠᠶᠤᠯᠭᠠᠵᠤ ᠵᠠᠩᠨᠠᠵᠤ ᠵᠠᠬᠢᠳᠠᠭ ᠪᠠᠶᠢᠭᠰᠠᠨ
ᠡᠷᠡᠭᠡ ᠦᠭᠡᠢ ᠵᠢᠭᠠᠭᠰᠠᠨ ᠦᠭᠡᠰ ᠢ ᠨᠢ
ᠡᠷᠬᠡ ᠦᠭᠡᠢ ᠪᠢᠳᠡ ᠠᠪᠳᠠᠭ ᠪᠠᠶᠢᠭᠰᠠᠨ
ᠡᠵᠢ ᠠᠪᠤ ᠶᠢᠨ ᠰᠤᠷᠭᠠᠯ ᠰᠢᠭ᠋ ᠢᠶᠡᠨ
ᠡᠷᠬᠢᠮᠨᠡᠨ ᠦᠵᠡᠵᠦ ᠲᠤᠭᠲᠠᠭᠠᠳᠠᠭ ᠪᠠᠶᠢᠭᠰᠠᠨ
ᠬᠤᠶᠠᠷ
ᠬᠡᠦᠬᠡᠳ ᠨᠤᠬᠠᠢ ᠪᠠᠨ ᠦᠮᠦᠭᠡᠷᠡᠳᠡᠭ ᠨᠢᠭᠡᠨ ᠢ
ᠬᠡᠨ ᠨᠢ ᠴᠤ ᠭᠡᠰᠡᠨ ᠵᠢᠭ᠌ᠰᠢᠳᠡᠭ ᠪᠠᠶᠢᠭᠰᠠᠨ
ᠬᠦᠮᠦᠨ ᠬᠦᠮᠦᠨ ᠲᠠᠢ ᠲᠠᠭᠠᠷᠠᠬᠤ ᠦᠭᠡᠢ ᠠᠮᠢᠲᠠᠨ ᠭᠡᠵᠦ
ᠬᠡᠴᠡᠭᠦᠦ ᠳᠤᠩᠭᠤᠳᠴᠤ ᠵᠢᠮᠡᠯᠡᠳᠡᠭ ᠪᠠᠶᠢᠭᠰᠠᠨ
ᠠᠮᠠᠨ ᠲᠠᠪᠠ ᠪᠠᠷ ᠢᠶᠠᠨ ᠬᠠᠷᠢᠶᠠᠯᠴᠠᠳᠠᠭ ᠬᠡᠦᠬᠡᠳ ᠢ
ᠠᠬᠠᠮᠠᠳ ᠤᠨ ᠶᠤᠰᠤ ᠪᠠᠷ ᠵᠠᠩᠨᠠᠳᠠᠭ ᠪᠠᠶᠢᠭᠰᠠᠨ
ᠠᠮᠠᠨ ᠳᠤ ᠪᠠᠨ ᠳᠠᠪᠠᠭ᠎ᠠ ᠦᠭᠡᠢ ᠬᠡᠦᠬᠡᠳ ᠭᠡᠵᠦ
ᠠᠭᠰᠤᠷᠴᠤ ᠪᠤᠷᠤᠭᠤᠳᠬᠠᠵᠤ ᠬᠦᠮᠦᠵᠢᠭᠦᠯᠳᠡᠭ ᠪᠠᠶᠢᠭᠰᠠᠨ
ᠰᠤᠷᠲᠠᠯ ᠦᠭᠡᠢ ᠬᠡᠦᠬᠡᠳ ᠢ ᠦᠵᠡ ᠭᠡᠵᠦ
ᠰᠤᠷ ᠲᠠᠰᠢᠭᠤᠷ ᠴᠤ ᠦᠵᠡᠭᠦᠯᠳᠡᠭ ᠪᠠᠶᠢᠭᠰᠠᠨ
ᠳᠠᠷᠤᠩᠭᠤᠢ ᠦᠭᠡᠢ ᠬᠡᠦᠬᠡᠳ ᠢ ᠵᠦᠭᠡᠷ ᠭᠡᠵᠦ
ᠳᠠᠷᠤᠶᠢᠬᠠᠨ ᠬᠡᠯᠡᠵᠦ ᠰᠡᠷᠡᠮᠵᠢᠯᠡᠭᠦᠯᠳᠡᠭ ᠪᠠᠶᠢᠭᠰᠠᠨ
ᠪᠦᠭᠦᠳᠡ ᠪᠦᠭᠦᠳᠡᠭᠡᠷ ᠬᠠᠰᠢᠵᠤ ᠬᠤᠮᠢᠳᠠᠭ ᠠᠴᠠ
ᠪᠦᠲᠦᠨ ᠤᠬᠠᠭ᠎ᠠ ᠲᠠᠢ ᠬᠡᠦᠬᠡᠳ ᠪᠤᠯᠳᠠᠭ
ᠰᠠᠭᠠᠬᠠᠯᠲᠠ ᠬᠦᠷᠰᠢ ᠪᠡᠷ ᠢᠶᠡᠨ ᠰᠠᠨᠠᠭ᠎ᠠ ᠪᠤᠯᠳᠠᠭ ᠠᠴᠠ
ᠰᠠᠬᠢᠯᠭ᠎ᠠ ᠵᠢᠷᠤᠮ ᠲᠠᠢ ᠬᠦᠮᠦᠨ ᠪᠤᠯᠳᠠᠭ
ᠭᠤᠷᠪᠠ
ᠨᠢᠭᠡ ᠬᠡᠦᠬᠡᠳ ᠢ ᠬᠦᠮᠦᠨ ᠪᠤᠯᠭᠠᠬᠤ ᠳᠤ
ᠨᠡᠶᠢᠭᠡᠮ ᠨᠡᠶᠢᠲᠡ ᠪᠡᠷ ᠢᠶᠡᠨ ᠬᠠᠷᠢᠭᠤᠴᠠᠳᠠᠭ ᠪᠠᠶᠢᠵᠠᠢ
ᠢᠩᠭᠢᠵᠦ ᠬᠦᠮᠦᠵᠢᠭᠦᠯᠦᠭᠰᠡᠨ ᠬᠡᠦᠬᠡᠳ ᠬᠤᠶᠢᠴᠢᠰ
ᠡᠪᠦᠭᠡᠨ ᠪᠤᠭᠤᠷᠤᠯᠴᠤᠳ ᠢᠶᠠᠨ ᠬᠦᠨᠳᠦᠳᠭᠡᠳᠡᠭ ᠪᠠᠶᠢᠵᠠᠢ
ᠬᠠᠮᠤᠭ ᠨᠠᠰᠤᠲᠠᠳ ᠤᠨ ᠰᠤᠷᠭᠠᠯ ᠰᠢᠭᠦᠮᠵᠢᠯᠡᠯ
ᠬᠠᠶᠢᠷ᠎ᠠ ᠬᠦᠮᠦᠵᠢᠯ ᠦᠨ ᠦᠨᠳᠦᠰᠦ ᠪᠠᠶᠢᠵᠠᠢ
ᠬᠠᠷᠢᠨ ᠤᠳᠤ ᠲᠤᠩᠭᠠᠵᠤ ᠦᠵᠡᠪᠡᠯ
ᠬᠠᠮᠲᠤ ᠤᠯᠠᠨ ᠤ ᠬᠠᠷᠢᠭᠤᠴᠠᠯᠭ᠎ᠠ ᠪᠠᠶᠢᠵᠠᠢ ᠁