-
2134659
60 ᠨᠠᠰᠤᠨ ᠠᠴᠠ ᠳᠡᠭᠡᠭᠰᠢᠬᠢ ᠨᠠᠰᠤᠳᠠᠨ ᠡᠪᠡᠳᠴᠢᠨ ᠦᠵᠡᠬᠦᠯᠪᠡᠯ ᠡᠩ ᠤᠨᠳ᠋ᠤᠭᠠᠷᠯᠠᠬᠤ ᠰᠦᠢᠳᠬᠡᠯ
2019-10-09 16:08
440
0
ᠰᠤᠷᠪᠤᠯᠵᠢᠯᠠᠭᠴᠢ ᠦᠪᠡᠷᠳᠡᠭᠡᠨ ᠵᠠᠰᠠᠬᠤ ᠤᠷᠤᠨ ᠤ ᠤᠷᠳᠤᠰ ᠬᠤᠳᠠ ᠶᠢᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠠᠴᠠ ᠤᠢᠢᠯᠠᠭᠠᠭᠰᠠᠨ ᠢᠶᠠᠷ᠂ 9 ᠰᠠᠷ᠎ᠠ ᠶᠢᠨ 17 ᠤ ᠡᠳᠦᠷ ᠠᠴᠠ ᠡᠬᠢᠯᠡᠵᠦ ᠲᠤᠰ ᠬᠤᠳᠠ ᠶᠢᠨ ᠪᠦᠬᠦᠯᠢ 60 ᠨᠠᠰᠤᠨ ᠠᠴᠠ ᠳᠡᠭᠡᠭᠰᠢᠬᠢ ︵ᠪᠦᠬᠦᠯᠢ 60 ᠨᠠᠰᠤ ᠶᠢ ᠪᠠᠭᠳᠠᠭᠠᠨ᠎ᠠ︶ ᠨᠠᠰᠤᠳᠠᠨ ᠪᠦᠬᠦ ᠬᠤᠳᠠ ᠶᠢᠨ ᠡᠯ᠎ᠡ ᠶᠡᠭᠡ ᠡᠮᠨᠡᠯᠭᠡ ᠶᠢᠨ ᠬᠤᠷᠢᠶ᠎ᠠ ᠳᠤ ᠡᠪᠡᠳᠴᠢᠨ ᠦᠵᠡᠬᠦᠯᠬᠦ ᠳᠤ ᠡᠩ ᠤᠨ ᠳ᠋ᠤᠭᠠᠷᠯᠠᠬᠤ ᠰᠦᠢᠳᠬᠡᠯ ᠬᠤᠷᠢᠶᠠᠬᠤ ᠦᠭᠡᠢ ᠪᠤᠯᠪᠠ᠃
ᠤᠷᠳᠤᠰ ᠬᠤᠳᠠ ᠶᠢᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠡᠮᠦᠨᠡᠭᠡᠨ ︽ᠪᠦᠬᠦ ᠬᠤᠳᠠ ᠶᠢᠨ 60 ᠨᠠᠰᠤᠨ ᠠᠴᠠ ᠳᠡᠭᠡᠭᠰᠢᠬᠢ ᠨᠠᠰᠤᠳᠠᠨ ᠠᠴᠠ ᠡᠩ ᠤᠨ ᠳ᠋ᠤᠭᠠᠷᠯᠠᠬᠤ ᠰᠦᠢᠳᠬᠡᠯ ᠬᠤᠷᠢᠶᠠᠬᠤ ᠦᠭᠡᠢ︾ ᠬᠡᠬᠦ ᠮᠡᠳᠡᠭᠳᠡᠯ ᠪᠠᠭᠤᠯᠭᠠᠵᠦ᠂ ᠲᠤᠰ ᠬᠤᠳᠠ ᠶᠢᠨ ᠪᠦᠬᠦᠯᠢ 60 ᠨᠠᠰᠤᠨ ᠠᠴᠠ ᠳᠡᠭᠡᠭᠰᠢᠬᠢ ︵ᠪᠦᠬᠦᠯᠢ 60 ᠨᠠᠰᠤ ᠶᠢ ᠪᠠᠭᠳᠠᠭᠠᠨ᠎ᠠ︶ ᠨᠠᠰᠤᠳᠠᠨ ᠪᠦᠬᠦ ᠬᠤᠳᠠ ᠶᠢᠨ ᠡᠯ᠎ᠡ ᠶᠡᠭᠡ ᠡᠮᠨᠡᠯᠭᠡ ᠶᠢᠨ ᠬᠤᠷᠢᠶ᠎ᠠ ᠳᠤ ᠬᠦᠷᠴᠦ ᠡᠪᠡᠳᠴᠢᠨ ᠦᠵᠡᠬᠦᠯᠬᠦ ᠳᠤ ᠡᠩ ᠤᠨ ᠳ᠋ᠤᠭᠠᠷᠯᠠᠬᠤ ᠰᠦᠢᠳᠬᠡᠯ ᠬᠤᠷᠢᠶᠠᠬᠤ ᠦᠭᠡᠢ᠂ ᠡᠭᠦᠨ ᠤ ᠵᠡᠷᠭᠡ ᠪᠠᠷ ᠤᠷᠢᠳ ᠢᠶᠠᠷ ᠳ᠋ᠤᠭᠠᠷᠯᠠᠭᠤᠯᠵᠦ ᠡᠪᠡᠳᠴᠢᠨ ᠦᠵᠡᠬᠦᠯᠵᠤ ᠪᠤᠯᠤᠨ᠎ᠡ ᠭᠡᠪᠡ᠃
ᠤᠳᠤᠬᠠᠨ ᠳᠤ ᠤᠷᠳᠤᠰ ᠬᠤᠳᠠ ᠶᠢᠨ 70% ᠠᠴᠠ ᠳᠡᠭᠡᠭᠰᠢᠬᠢ ᠬᠤᠶᠠᠳᠤᠭᠠᠷ ᠳᠡᠰ ︵ᠪᠠᠭᠳᠠᠭᠠᠨ᠎ᠠ︶ ᠠᠴᠠ ᠳᠡᠭᠡᠭᠰᠢᠬᠢ ᠡᠮᠴᠢᠯᠡᠭᠡᠨ ᠤ ᠪᠠᠶᠢᠭᠤᠯᠤᠮᠵᠢ ᠳᠤ ᠨᠠᠰᠤᠳᠠᠶᠢᠴᠤᠤᠯ ᠤᠨ ᠠᠨᠠᠭᠠᠬᠤ ᠤᠬᠠᠭᠠᠨ ᠤ ᠰᠠᠯᠠᠭ᠎ᠠ ᠳᠤᠬᠢᠷᠠᠭᠤᠯᠵᠦ᠂ ᠨᠠᠰᠤᠳᠠᠶᠢᠴᠤᠳ ᠡᠪᠡᠳᠴᠢᠨ ᠦᠵᠡᠬᠦᠯᠬᠦ ᠰᠠᠭᠠᠳ ᠦᠭᠡᠢ ᠨᠡᠪᠳᠡᠷᠡᠬᠦ ᠵᠠᠮ ᠭᠠᠷᠭᠠᠵᠦ᠂ ᠪᠦᠬᠦ ᠬᠤᠳᠠ ᠶᠢᠨ ᠡᠯ᠎ᠡ ᠱᠠᠳᠤᠨ ᠤ ᠡᠯ᠎ᠡ ᠲᠦᠷᠦᠯ ᠤᠨ ᠡᠮᠴᠢᠯᠡᠭᠡᠨ ᠤ ᠪᠠᠶᠢᠭᠤᠯᠤᠮᠵᠢ 65 ᠨᠠᠰᠤᠨ ᠠᠴᠠ ᠳᠡᠭᠡᠭᠰᠢᠬᠢ ᠨᠠᠰᠤᠳᠠᠨ ᠡᠪᠡᠳᠴᠢᠨ ᠦᠵᠡᠬᠦᠯᠬᠦ ᠳᠤ ᠤᠷᠢᠳ ᠢᠶᠠᠷ ᠬᠠᠷᠠᠭᠠᠯᠵᠠᠵᠦ᠂ ᠤᠨᠴᠠᠭᠠᠢᠢᠯᠠᠨ ᠦᠨᠳᠦᠷ ᠨᠠᠰᠤᠳᠠᠢ᠂ ᠬᠦᠨᠳᠦ ᠡᠪᠡᠳᠴᠢᠨ ᠲᠠᠢ ᠨᠠᠰᠤᠳᠠᠨ ᠳᠤ ᠡᠪᠡᠳᠴᠢᠨ ᠦᠵᠡᠬᠦᠯᠬᠦ ᠳᠤ ᠳᠦᠬᠦᠮ ᠦᠵᠡᠬᠦᠯᠬᠦ ᠦᠢᠯᠡᠴᠢᠯᠡᠭᠡᠨ ᠬᠠᠩᠭᠠᠵᠦ᠂ ᠳ᠋ᠤᠭᠠᠷᠯᠠᠬᠤ᠂ ᠡᠪᠡᠳᠴᠢᠨ ᠦᠵᠡᠬᠦᠯᠬᠦ᠂ ᠰᠦᠢᠳᠬᠡᠯ ᠬᠤᠷᠢᠶᠠᠬᠤ᠂ ᠡᠮ ᠠᠪᠬᠤ᠂ ᠡᠮᠨᠡᠯᠭᠡ ᠳᠤ ᠰᠠᠭᠤᠬᠤ ᠵᠡᠷᠭᠡ ᠴᠤᠩᠬᠤᠪᠴᠢ ᠶᠢᠨ ᠢᠯᠡ ᠭᠠᠵᠠᠷ ︽ᠨᠠᠰᠤᠳᠠᠶᠢᠴᠤᠳ ᠢ ᠤᠷᠢᠳ ᠢᠶᠠᠷ ᠡᠮᠨᠡᠬᠦ︾ ᠳᠡᠮᠳᠡᠭ ᠳᠤᠬᠢᠷᠠᠭᠤᠯᠵᠠᠢ᠃ ᠵᠣᠬᠢᠶᠠᠭᠴᠢ᠄ ᠤᠷᠭᠤᠮᠠᠯ