- >
125333
2020-03-23 15:37
636
0
ᠰᠣᠨᠢᠨ ᠲᠣᠷᠠᠰᠬᠠᠯᠳᠣ ᠵᠢᠯ
ᠪᠦ᠂ ᠣᠳᠬᠣᠨ︵ ᠲᠦᠷᠪᠡᠳ ᠬᠣᠰᠢᠭᠣᠨ ᠤ ᠠᠵᠢᠯᠴᠢᠨ ᠤ ᠡᠪᠯᠡᠯ︶
2020 ᠣᠨ ᠤ 1ᠰᠠᠷ᠎ᠠ ᠶᠢᠨ25 ᠦ ᠡᠳᠦᠷ ᠪᠣᠯ ᠲᠣᠰ ᠵᠢᠯ ᠦᠨ ᠴᠠᠭᠠᠨ ᠰᠠᠷ᠎ᠠ ᠪᠣᠯᠣᠨ᠎ᠠ᠂ ᠮᠦᠨ ᠴᠣ᠋ ᠴᠠᠭᠠᠨ ᠬᠣᠯᠣᠭᠠᠨ᠎ᠠ ᠵᠢᠯ ᠦᠨ ᠴᠠᠭᠠᠨ ᠰᠠᠷ᠎ᠠ᠂᠂ ᠵᠢᠯ ᠵᠢᠯ ᠤᠨ ᠴᠠᠭᠠᠨ ᠰᠠᠷ᠎ᠠ ᠪᠣᠯᠪᠠᠯ ᠮᠠᠨ ᠤ ᠮᠣᠩᠭᠣᠯᠴᠣᠳ᠂ ᠦᠠᠳᠦᠰᠦᠳᠡᠨ ᠤ ᠬᠢᠨ ᠬᠣᠪᠴᠠᠰᠣ ᠪᠠᠷ ᠭᠣᠶᠣᠯᠠᠵᠣ ᠰᠢᠨᠡᠯᠡᠬᠦ ᠪᠡᠷ ᠶᠠᠭᠠᠷᠠᠯᠳᠣᠵᠣ ᠡᠬᠢᠯᠡᠳᠡᠭ᠂᠂ ᠮᠠᠯᠵᠢᠬᠣ ᠣᠷᠣᠨ ᠤ ᠬᠢᠨᠢ ᠪᠢᠳᠡᠬᠦᠨ ᠦ ᠦᠷᠯᠦᠬᠡ ᠡᠴᠡ ᠡᠬᠢᠯᠡᠵᠣ ᠠᠵᠢᠯ ᠢᠶᠠᠨ ᠬᠣᠪᠢᠶᠠᠷᠯᠠᠵᠣ ᠵᠠᠷᠢᠮ ᠨᠢ ᠬᠣᠳᠠ ᠬᠦᠷᠢᠶ᠎ᠡ ᠪᠠᠨ ᠴᠡᠪᠡᠷᠯᠡᠵᠣ᠂ ᠵᠠᠷᠢᠮ ᠨᠢ ᠬᠡᠷ ᠪᠠᠢᠰᠢᠩ ᠢᠶᠠᠨ ᠴᠠᠭᠠᠯᠠᠵᠣ᠂ ᠢᠰᠡᠬᠡᠢ ᠪᠡᠨ ᠬᠦᠪᠢᠨ ᠂ ᠬᠣᠣᠰ ᠣᠶᠠᠩᠭ᠎ᠠ ᠪᠠᠨ ᠨᠠᠭᠠᠵᠣ᠂ ᠵᠠᠷᠢᠮ ᠨᠢ ᠭᠠᠯ ᠲᠣᠭᠣᠭ᠎ᠠ ᠪᠠᠨ ᠡᠪᠯᠡᠬᠦᠯᠵᠣ ᠭᠠᠯ ᠤᠨ ᠲᠠᠬᠢᠯᠭ᠎ᠠ ᠤᠨ ᠵᠣᠢᠯ ᠢᠶᠠᠨ ᠪᠡᠯᠡᠳᠬᠡᠵᠦ᠂ ᠪᠠᠩᠰᠠᠢ ᠪᠣᠣᠵᠢ ᠪᠠᠨ ᠪᠠᠷᠢᠵᠣ᠂ ᠬᠣᠨᠢ ᠮᠠᠯ ᠢᠶᠠᠨ ᠬᠣᠳᠠᠯᠠᠭᠣᠯᠣᠭᠰᠠᠨ ᠤ ᠲᠠᠷᠠᠭ᠎ᠠ ᠨᠠᠷᠠ ᠰᠢᠩᠬᠡᠭᠰᠡᠨ ᠦ ᠬᠣᠢᠨ᠎ᠠ ᠪᠢᠳᠡᠬᠦᠯᠵᠣ ᠡᠬᠢᠯᠡᠳᠡᠭ᠂᠂ ᠬᠡᠪᠡᠴᠣ ᠵᠡᠬᠡᠯᠢ ᠶᠢᠨ ᠮᠣᠩᠭᠣᠯᠴᠣᠳ ᠪᠢᠳᠡᠬᠦᠨ ᠳᠦ ᠪᠣᠯ ᠬᠡᠷ ᠢᠶᠡᠨ ᠴᠡᠪᠡᠷᠯᠡᠬᠦ ᠰᠢᠭ ᠪᠣᠯᠵᠣ ᠴᠠᠭᠠᠨ ᠰᠠᠷ᠎ᠠ ᠶᠢᠨ ᠶᠠᠭᠣᠮ᠎ᠠ ᠪᠠᠨ ᠪᠡᠯᠡᠳᠬᠡᠵᠣ᠂ ᠲᠧᠯᠸᠢᠰ ᠢᠶᠡᠨ ᠦᠵᠡᠵᠦ ᠪᠢᠳᠡᠬᠦᠯᠬᠦ ᠪᠡᠨ ᠬᠦᠯᠢᠶᠡᠨ ᠰᠠᠭᠣᠪᠠᠴᠣ ᠴᠢᠬᠢ ᠨᠢ ᠣᠢᠯᠠ ᠪᠠᠨ ᠦᠵᠡᠳᠡᠭ᠂᠂ ᠣᠴᠠᠷ ᠨᠢ ᠵᠡᠬᠡᠯᠢ ᠭᠠᠵᠠᠷ ᠢᠷᠬᠡᠴᠣᠳ ᠨᠢ ᠣᠯᠠᠨ ᠪᠣᠯᠬᠣᠷ ᠫᠣᠣᠵᠢᠩ ᠬᠡᠳᠡᠭ ᠢ ᠲᠣᠣᠭᠠᠷᠭᠠᠵᠣ ᠬᠦᠮᠦᠰ ᠢ ᠰᠣᠴᠠᠭᠠᠵᠣ ᠲᠡᠷᠡ ᠨᠢ ᠦᠷᠬᠦᠯᠵᠢᠯᠡᠵᠦ ᠰᠦᠨᠢ ᠶᠢᠨ ᠠᠷᠪᠠᠨ ᠨᠢᠬᠡᠨ ᠴᠠᠭ ᠠᠴᠠ ᠣᠯᠠᠮ ᠰᠢᠷᠦᠬᠦᠰᠴᠦ ᠴᠢᠬᠢ ᠲᠦᠯᠡᠢᠷᠡᠳᠡᠯᠠ ᠵᠢᠷᠦᠬᠡ ᠪᠠᠴᠢᠮᠳᠠᠯᠠᠳᠠᠯᠠ ᠰᠦᠨᠢᠨ ᠨᠢᠬᠡ ᠬᠣᠶᠠᠷ ᠴᠠᠭ ᠬᠦᠷᠦᠨ᠎ᠡ᠂᠂ ᠪᠠᠶᠠᠷ ᠪᠣᠯᠭᠠᠨ ᠪᠦᠷ ᠯᠠ ᠢᠢ᠌ᠮᠦ ᠲᠡᠪᠵᠢᠶᠡᠨ ᠲᠡᠢ᠂ ᠡᠨᠡ ᠦᠠᠳᠦᠰᠦᠳᠠᠨ ᠤ ᠡᠨᠡᠬᠦ ᠵᠠᠩ ᠨᠢ ᠶᠡᠬᠡ ᠮᠠᠭᠣᠬᠠᠢ᠂ ᠣᠷᠴᠢᠨ ᠲᠣᠭᠣᠷᠢᠨ ᠢ ᠬᠠᠮᠠᠭᠠᠯᠠᠬᠣ ᠬᠠᠣᠯᠢ ᠳᠤ ᠴᠣ᠋ ᠨᠠᠢᠴᠡᠬᠦ ᠦᠬᠡᠢ᠂ ᠣᠯᠠᠨ ᠨᠠᠢᠳᠠ ᠶᠢᠨ ᠣᠷᠴᠢᠨ ᠲᠣᠭᠣᠷᠢᠨ ᠳᠤ ᠣᠯᠠᠨ ᠢᠶᠠᠨ ᠪᠣᠳᠣᠬᠣ ᠨᠢ ᠨᠢᠬᠡ ᠦᠠᠳᠦᠰᠦᠳᠡᠨ ᠤ ᠬᠡᠪ ᠰᠣᠷᠳᠠᠯ ᠤᠨ ᠬᠡᠷᠢ ᠬᠡᠮ ᠤᠨ ᠲᠦᠪᠰᠢᠨ ᠢ ᠦᠵᠡᠵᠦ ᠭᠠᠷᠣᠨ᠎ᠠ᠂᠂ ᠡᠨᠡᠬᠦ ᠵᠠᠩ ᠢᠶᠠᠨ ᠰᠠᠢᠨ ᠢᠶᠠᠷ ᠦᠬᠡᠷᠡᠴᠢᠯᠡᠬᠦ ᠨᠢ ᠣᠯᠣᠰ ᠨᠠᠢᠳᠠ ᠳᠤ ᠪᠦᠷ ᠠᠰᠢᠭᠳᠠᠢ᠂᠂
ᠲᠣᠰ ᠵᠢᠯ ᠦᠨ ᠰᠢᠨ᠎ᠠ ᠶᠢᠨ ᠨᠢᠬᠡᠨ ᠴᠣ᠋ ᠲᠣᠩᠭᠠᠯᠠᠭ ᠮᠦᠷᠳᠡᠬᠡᠨ ᠲᠣᠯᠠᠭᠠᠨ ᠰᠠᠢᠬᠠᠨ ᠡᠳᠦᠷ ᠪᠠᠢᠯ᠎ᠠ᠂᠂ ᠪᠢᠳᠠ ᠴᠣ᠋ ᠠᠬ᠎ᠠ ᠲᠡᠬᠦᠣ ᠰᠠᠳᠣᠨ ᠤ ᠬᠢᠨ ᠢᠶᠡᠷ ᠰᠢᠨᠠᠯᠠᠵᠣ ᠠᠢᠯ ᠢᠶᠠᠨ ᠬᠡᠰᠦᠯᠡ᠂᠂ ᠡᠨᠡᠬᠦ ᠪᠠᠶᠠᠷ ᠬᠦᠬᠡᠷᠳᠦ ᠴᠠᠭ ᠲᠦᠩᠬᠡᠵᠦ ᠰᠢᠨ᠎ᠠ ᠶᠢᠨ ᠵᠢᠷᠭᠣᠭᠠᠨ ᠬᠦᠷᠳᠡᠯ᠎ᠡ ᠬᠡᠨᠡᠳᠳᠡ ᠬᠣᠰᠢᠭᠣ ᠱᠠᠳᠣᠨ ᠤ ᠵᠠᠰᠠᠭ ᠤᠨ ᠣᠷᠳᠣᠨ ᠠᠴᠠ ᠪᠦᠬᠦ ᠣᠯᠣᠰ ᠤᠨ ᠪᠠᠴᠢᠮ ᠮᠡᠳᠡᠭᠳᠡᠯ ᠢ ᠮᠠᠯᠵᠢᠬᠣ ᠲᠠᠷᠢᠶᠠᠯᠠᠬᠣ ᠣᠷᠣᠨ᠂ ᠵᠡᠬᠡᠯᠢ ᠭᠣᠳᠣᠮᠵᠢ ᠶᠢᠨ ᠨᠠᠢᠬᠡᠮ ᠲᠣᠭᠣᠷᠢᠭ ᠬᠦᠷᠳᠡᠯ᠎ᠠ ᠮᠡᠳᠡᠭᠳᠡᠪᠡ᠂᠂ ᠲᠡᠷᠡ ᠨᠢ ᠬᠣᠪᠧᠢ ᠮᠣᠵᠢ ᠶᠢᠨ ᠦᠬᠠᠨ ᠬᠣᠳᠠ ᠳᠤ ᠰᠢᠨ᠎ᠠ ᠬᠡᠯᠪᠡᠷᠢ ᠶᠢᠨ ᠲᠢᠳᠡᠮᠯᠢᠭ ᠠᠭᠣᠰᠬᠢᠨ ᠤ ᠡᠪᠡᠳᠴᠢᠨ ᠲᠡᠯᠬᠡᠷᠡᠭᠰᠡᠨ ᠡᠴᠡ ᠪᠣᠯᠪᠠ᠂ ᠡᠨᠡᠬᠦ ᠡᠪᠡᠳᠴᠢᠨ ᠨᠢ ᠬᠠᠯᠳᠠᠪᠤᠷᠢᠯᠠᠬᠤ ᠨᠢ ᠲᠦᠷᠬᠡᠨ᠂ ᠦᠬᠦᠯ ᠦᠨ ᠨᠣᠷᠮ᠎ᠠ ᠨᠢ ᠦᠠᠳᠦᠷ ︵3 ᠰᠠᠷ᠎ᠠ ᠶᠢᠨ2 ᠬᠦᠷᠳᠡᠯ᠎ᠠ2 ᠮᠢᠩᠭ᠎ᠠ ᠶᠢᠰᠦᠨ ᠵᠠᠭᠣ ᠭᠠᠷᠣᠢ ᠬᠦᠮᠦᠨ ᠪᠣᠷᠬᠠᠨ ᠪᠣᠯᠵᠣ᠂ ᠡᠪᠡᠳᠴᠢᠨ ᠨᠢ ᠡᠳᠡᠬᠡᠷᠡᠭᠰᠡᠨ ᠨᠢ ᠭᠣᠷᠪᠡᠨ ᠲᠦᠮᠡ ᠭᠠᠷᠣᠢ ᠬᠡᠵᠣ ᠲᠧᠯᠸᠢᠰ ᠲᠡᠬᠡᠷ᠎ᠡ ᠮᠡᠳᠡᠬᠡᠯᠡᠪᠡ︶ ᠬᠢᠵᠢᠭ ᠪᠣᠯᠣᠭᠰᠠᠨ ᠲᠣᠯᠠ ᠪᠦᠬᠦ ᠣᠯᠣᠰ ᠢ ᠰᠣᠴᠢᠬᠠᠵᠣ᠂ ᠣᠯᠣᠰ ᠤᠨ ᠲᠡᠷᠢᠬᠦᠯᠡᠭᠴᠢ ᠰᠢ ᠵᠢᠨ ᠫᠢᠩ ᠴᠢᠬᠣᠯᠠ ᠬᠣᠷᠠᠯ ᠢ ᠬᠣᠷᠠᠯᠳᠣᠵᠣ ᠬᠢᠵᠢᠭ ᠢ ᠠᠷᠢᠯᠭᠠᠬᠣ᠂ ᠬᠢᠵᠢᠭ ᠢ ᠰᠡᠷᠬᠡᠢᠯᠡᠬᠦ ᠵᠠᠷᠯᠢᠭ ᠪᠠᠭᠣᠯᠭᠠᠭᠰᠠᠨ ᠮᠦᠷᠳᠡᠬᠡᠨ ᠲᠣᠰᠬᠠᠢ ᠣᠳᠣᠷᠢᠳᠣᠯᠭ᠎ᠠ ᠲᠣᠭᠣᠢᠯᠠᠩ ᠵᠣᠬᠢᠶᠠᠨ ᠪᠠᠢᠭᠣᠯᠵᠣ᠂᠂ ᠶᠠᠷᠦᠩᠬᠢ ᠰᠠᠢᠳ ᠯᠢ ᠺᠧ ᠴᠣᠸᠠᠩ ᠢᠶᠠᠷ ᠲᠠᠷᠣᠭ᠎ᠠ ᠪᠣᠯᠭᠠᠵᠣ᠂ ᠲᠧ ᠶᠡᠷᠦᠩᠬᠡᠢ ᠰᠠᠢᠳ ᠰᠦᠨ ᠴᠦᠨ ᠯᠠᠨ ᠲᠣᠰᠬᠠᠢ ᠦᠬᠠᠨ ᠳᠠᠬᠢ ᠵᠢᠯᠣᠭᠣᠳᠣᠯᠭ᠎ᠠ ᠶᠢᠨ ᠪᠦᠯᠬᠦᠮ ᠪᠣᠯᠭᠠᠨ ᠲᠣᠬᠢᠷᠠᠭᠣᠯᠪᠠ᠂᠂᠂᠂ ᠡᠯ᠎ᠡ ᠭᠠᠵᠠᠷ ᠤᠨ ᠬᠢᠨ ᠴᠢᠬᠣᠯᠠ ᠵᠢᠭᠠᠪᠣᠷᠢ ᠶᠢᠨ ᠵᠣᠷᠢᠭ ᠰᠠᠨᠠᠭ᠎ᠠ ᠶᠢ ᠨᠠᠷᠢᠨ ᠨᠢᠮᠪᠡᠢ ᠲᠣᠣᠱᠯᠠᠭᠣᠯᠵᠣ ᠂ ᠭᠠᠴᠠᠭ᠎ᠠ ᠲᠣᠰᠬᠣᠨ᠂ ᠨᠠᠢᠬᠡᠮ ᠲᠣᠭᠣᠷᠢᠭ ᠢᠶᠠᠷ ᠨᠢᠬᠡᠴᠡ ᠪᠣᠯᠭᠠᠵᠣ ᠣᠷᠣᠵᠣ ᠭᠠᠷᠬᠣ ᠬᠦᠮᠦᠨ ᠢ ᠲᠡᠮᠳᠡᠭᠯᠡᠵᠦ ᠂ ᠪᠠᠶ᠎ᠡ ᠶᠢᠨ ᠬᠢᠨ ᠬᠠᠯᠠᠭᠣᠨ ᠢ ᠬᠡᠮᠵᠢᠬᠦ ᠣᠠᠴᠠᠭᠣᠢᠯᠠᠨ ᠦᠬᠠᠨ ᠬᠣᠳᠠ ᠠᠴᠠ ᠢᠷᠡᠭᠰᠡᠨ ᠬᠦᠮᠦᠨ ᠢ ᠲᠣᠰᠬᠠᠢᠯᠠᠨ ᠲᠣᠰᠬᠠᠷᠯᠠᠵᠣ ᠬᠠᠭᠠᠰ ᠰᠠᠷ᠎ᠠ ᠪᠠᠷ ᠬᠢᠨᠠᠵᠣ ᠦᠵᠡᠬᠦ ᠪᠡᠷ ᠪᠣᠯᠵᠣ ᠲᠠᠬᠢᠨ ᠡᠳᠡᠬᠡᠷ ᠬᠦᠮᠦᠰ ᠲᠠᠢ ᠣᠢᠷᠠᠳᠠᠭᠰᠠᠨ ᠬᠦᠮᠦᠰ ᠢ ᠲᠣᠰᠬᠠᠷᠯᠠᠬᠣ ᠵᠡᠷᠬᠡ ᠠᠷᠭ᠎ᠠ ᠬᠡᠷᠡᠭᠵᠢᠬᠦᠯᠪᠡ᠂᠂ ᠪᠠᠰᠠ ᠵᠣᠴᠢᠳ ᠤᠨ ᠪᠠᠭᠣᠳᠠᠯ᠂ ᠵᠠᠮ ᠨᠡᠪᠳᠡᠷᠡᠬᠦᠯᠬᠡ᠂ ᠬᠣᠭᠣᠯᠠᠨ ᠬᠡᠷ᠂ ᠣᠯᠠᠨ ᠨᠠᠢᠳᠠ ᠶᠢᠨ ᠴᠣᠭᠯᠠᠭᠠᠨ ᠭᠠᠵᠠᠷ᠂ ᠠᠢᠯ ᠲᠣᠭᠣᠷᠢᠬᠣ᠂ ᠣᠯᠠᠭᠣᠯᠠ ᠨᠠᠭᠠᠳᠬᠣ ᠵᠡᠷᠬᠡ ᠶᠢ ᠵᠣᠭᠰᠣᠭᠠᠵᠣ᠂ ᠨᠠᠢᠬᠡᠮ ᠲᠣᠭᠣᠷᠢᠭ ᠤᠨ ᠬᠢᠨ ᠨᠢᠬᠡ ᠡᠷᠦᠬᠡ ᠡᠴᠡ ᠨᠢᠬᠡ ᠯᠠ ᠬᠦᠮᠦᠨ ᠭᠠᠷᠴᠣ ᠠᠮᠢᠳᠣᠷᠠᠯ ᠤᠨ ᠬᠡᠷᠡᠭᠴᠡᠬᠡ ᠪᠠᠨ ᠪᠠᠯᠡᠳᠬᠡᠵᠣ ᠂ ᠪᠣᠰᠣᠳ ᠬᠦᠮᠦᠰ ᠨᠢ ᠬᠡᠷ ᠲᠡᠬᠡᠨ ᠪᠠᠢᠬᠣ ᠶᠢ ᠱᠠᠭᠠᠷᠳᠠᠪᠠ᠂᠂ ᠣᠯᠣᠰ ᠤᠨ ᠪᠠᠢᠭᠣᠯᠣᠯᠭ᠎ᠠ ᠶᠢᠨ ᠠᠵᠢᠯᠴᠢᠨ ᠨᠢ ᠡᠯ᠎ᠡ ᠨᠠᠢᠬᠡᠮ ᠲᠣᠭᠣᠷᠢᠭ ᠤᠨ ᠬᠦᠮᠦᠰ ᠦᠨ ᠣᠷᠣᠵᠣ ᠭᠠᠷᠬᠣ ᠶᠢ ᠬᠠᠮᠢᠶᠠᠷᠴᠣ ᠡᠬᠢᠯᠡᠪᠡ᠂᠂ ᠭᠠᠴᠠᠭ᠎ᠠ ᠲᠣᠰᠬᠣᠨ ᠴᠣ᠋ ᠣᠷᠣᠵᠣ ᠭᠠᠷᠬᠣ ᠬᠦᠮᠦᠰ ᠢ ᠮᠡᠳᠡᠭᠳᠡᠯ ᠶᠣᠰᠣᠭᠠᠷ ᠠᠵᠢᠯ ᠢᠶᠠᠨ ᠡᠬᠢᠯᠡᠬᠦᠯᠪᠡ᠂᠂
ᠦᠬᠠᠨ ᠬᠣᠳᠠ ᠶᠢᠨ ᠬᠢᠨ ᠡᠨᠡᠬᠦ ᠬᠢᠵᠢᠭ ᠢ ᠮᠡᠳᠡᠭᠰᠡᠨ ᠦ ᠬᠣᠢᠨ᠎ᠠ᠂ ᠬᠡᠳᠦ ᠬᠡᠳᠣᠨ ᠤ ᠡᠳᠦᠷ ᠡᠴᠡ ᠡᠬᠢᠯᠡᠵᠣ ᠦᠬᠠᠨ ᠬᠣᠳᠠ ᠶᠢᠨ ᠬᠦᠮᠦᠰ ᠢ ᠣᠷᠣᠵᠣ
ᠭᠠᠷᠬᠣ ᠶᠢ ᠬᠢᠵᠢᠭᠠᠷᠯᠠᠨᠠ ᠬᠡᠰᠡᠨ ᠮᠡᠳᠡᠭᠳᠡᠯ ᠭᠠᠷᠭᠠᠭᠰᠠᠨ ᠴᠢᠨᠢ᠂ ᠦᠬᠠᠨ ᠬᠣᠳᠠᠨ ᠳᠤ ᠠᠵᠢᠯ ᠬᠢᠵᠣ ᠪᠠᠢᠭᠰᠠᠨ ᠬᠦᠮᠦᠰ ᠪᠣᠯᠣᠨ ᠰᠣᠷᠣᠯᠴᠠᠵᠣ ᠪᠠᠢᠭᠰᠠᠨ ᠰᠣᠷᠣᠭᠴᠢ ᠵᠢᠴᠢ ᠪᠣᠰᠣᠳ ᠲᠡᠯ ᠰᠣᠯᠠ ᠬᠦᠮᠦᠰ ᠨᠢ ᠬᠣᠷᠢᠭᠳᠠᠬᠣ ᠠᠴᠠ ᠠᠶᠣᠵᠣ ᠨᠢᠭᠣᠴᠠ ᠪᠠᠷ ᠬᠣᠯᠭᠣᠨ ᠭᠠᠷᠴᠣ ᠴᠠᠭᠠᠨ ᠰᠠᠷ᠎ᠠ ᠪᠠᠨ ᠦᠩᠬᠡᠷᠡᠬᠦᠯᠬᠦ ᠪᠡᠷ ᠨᠣᠳᠣᠭ ᠨᠣᠳᠣᠭ ᠲᠠᠭᠠᠨ ᠪᠣᠴᠠᠭᠰᠠᠨ ᠲᠣᠯᠠ ᠡᠨᠡᠬᠦ ᠬᠢᠵᠢᠭ ᠢ ᠨᠠᠢᠳᠠᠮ ᠲᠠᠷᠬᠠᠬᠣ ᠲᠣᠬᠢᠶᠠᠯ ᠢ ᠣᠯᠭᠣᠪᠠ᠂᠂ ᠪᠦᠬᠦ ᠣᠯᠣᠰ ᠤᠨ ᠭᠣᠴᠢᠨ ᠨᠢᠬᠡᠨ ᠮᠣᠵᠢ ᠣᠷᠣᠨ ᠳᠤ ᠪᠦᠷ ᠡᠨᠡᠬᠦ ᠡᠪᠡᠳᠴᠢᠨ ᠦ ᠢᠯᠡᠷᠡᠯ ᠭᠠᠷᠴᠣ᠂ ᠲᠡᠯᠡᠬᠡᠢ ᠶᠢ ᠰᠣᠴᠢᠬᠠᠪᠠ᠂ ᠣᠯᠣᠰ ᠤᠨ ᠡᠮ ᠡᠮᠨᠡᠯᠬᠡ ᠶᠢᠨ ᠬᠡᠯᠳᠡᠰ ᠡᠴᠡ ᠪᠠᠴᠢᠮ ᠮᠡᠳᠡᠭᠳᠡᠯ ᠭᠠᠷᠭᠠᠵᠣ᠂ ᠪᠦᠬᠦ ᠣᠯᠣᠰ ᠤᠨ ᠮᠣᠵᠢ ᠣᠷᠣᠨ ᠤ ᠡᠮᠨᠡᠯᠬᠡ ᠶᠢᠨ ᠬᠣᠷᠢᠶ᠎ᠠ ᠴᠣ᠋ ᠡᠮᠴᠢ ᠰᠣᠪᠢᠯᠠᠭᠴᠢ ᠪᠡᠨ ᠲᠣᠬᠢᠷᠠᠭᠣᠯᠵᠣ ᠦᠬᠠᠨ ᠬᠣᠳᠠ ᠳᠤ ᠣᠴᠢᠭᠣᠯᠵᠣ ᠡᠨᠡᠬᠦ ᠬᠢᠵᠢᠭ ᠢ ᠠᠷᠢᠯᠭᠠᠬᠣ ᠪᠠᠷ ᠶᠠᠪᠣᠭᠣᠯᠪᠠ᠂᠂ ᠶᠠᠪᠣᠭᠰᠠᠨ ᠡᠮᠴᠢ ᠰᠣᠪᠢᠯᠠᠭᠴᠢ ᠦᠬᠠᠨ ᠳᠤ ᠣᠴᠢᠭᠰᠠᠨ ᠬᠣᠢᠨ᠎ᠠ ᠲᠣᠰᠬᠠᠢ ᠬᠢᠵᠢᠭ ᠢ ᠰᠡᠷᠬᠡᠢᠯᠡᠬᠦ ᠬᠠᠯᠬᠣᠪᠴᠢ ᠬᠣᠪᠴᠠᠰᠣ ᠶᠢ ᠡᠮᠦᠰᠬᠦ ᠪᠣᠯᠪᠠᠰᠣᠷᠠᠯ ᠢ ᠬᠢᠭᠰᠡᠨ ᠪᠣᠯᠪᠠᠴᠣ ᠨᠠᠷᠢᠨ ᠨᠢᠮᠪᠠᠢ ᠴᠠᠭ ᠭᠠᠷᠣᠢ ᠡᠮᠦᠰᠦᠭᠰᠡᠨ ᠴᠣ᠋ ᠵᠠᠷᠢᠮ ᠲᠣᠷᠰᠢᠯᠭ᠎ᠠ ᠲᠠᠢ ᠡᠮᠴᠢ ᠴᠣ᠋ ᠪᠠᠰᠠ ᠬᠢᠵᠢᠭ ᠲᠦ ᠬᠠᠯᠳᠠᠪᠣᠷᠢᠯᠡᠵᠣ ᠪᠣᠷᠬᠠᠨ ᠪᠣᠯᠣᠭᠰᠠᠨ ᠢ ᠲᠧᠯᠸᠢᠰ ᠡᠴᠡ ᠮᠡᠳᠡᠬᠡᠯᠡᠵᠦ ᠪᠠᠢᠪᠠ᠂᠂ ᠦᠬᠠᠨ ᠳᠤ ᠣᠴᠢᠭᠰᠠᠨ ᠡᠮᠴᠢ ᠰᠣᠪᠢᠯᠠᠭᠴᠢ ᠲᠣᠳᠣᠷ᠎ᠠ ᠨᠢᠯᠬ᠎ᠠ ᠦᠷ᠎ᠠ ᠪᠡᠨ ᠠᠪᠣ ᠡᠵᠢ ᠳᠡᠬᠡᠨ ᠣᠷᠬᠢᠭᠰᠠ ᠪᠣᠢ᠂ ᠢᠨᠠᠭ ᠤᠨ ᠬᠠᠯᠠᠭᠣᠨ ᠳᠤ ᠰᠣᠭᠳᠣᠷᠠᠵᠣ ᠬᠣᠷᠢᠮ ᠪᠡᠨ ᠬᠢᠬᠦ ᠪᠡᠷ ᠲᠣᠭᠳᠠᠭᠰᠠᠨ ᠴᠣ᠋ ᠪᠣᠢ᠂ ᠬᠠᠭᠣᠴᠢᠨ ᠡᠪᠡᠳᠴᠢᠨ ᠡᠮᠬᠡᠭ ᠲᠠᠢ ᠠᠪᠣ ᠡᠵᠢ ᠪᠡᠨ ᠣᠷᠬᠢᠭᠰᠠᠨ ᠴᠣ᠋ ᠪᠣᠢ᠂ ᠵᠠᠷᠢᠮ ᠨᠢ ᠬᠢᠵᠢᠭ ᠲᠦ ᠬᠠᠯᠳᠠᠪᠣᠷᠢᠯᠡᠵᠦ ᠠᠮᠢ ᠪᠡᠨ ᠴᠣ᠋ ᠦᠷᠡᠭᠳᠡᠬᠦᠯᠦᠭᠰᠡᠨ ᠴᠣ᠋ ᠪᠣᠢ᠂᠂ ᠡᠮᠴᠢ ᠬᠦᠮᠦᠨ ᠦ ᠠᠭᠣᠣ ᠶᠡᠬᠡ ᠡᠨᠡᠷᠡᠯ ᠬᠠᠢᠷ᠎ᠠ ᠶᠢ ᠰᠣᠷᠣᠯᠴᠠᠬᠣ ᠬᠡᠷᠡᠭᠳᠡᠢ᠂ ᠲᠡᠷᠡᠬᠦ ᠬᠣᠪᠢ ᠪᠡᠶ᠎ᠡ ᠪᠡᠨ ᠪᠣᠳᠣᠬᠣ ᠦᠬᠡᠢ ᠡᠷᠬᠡᠮ ᠴᠢᠨᠠᠷ ᠢ ᠣᠯᠣᠰ ᠲᠠᠶᠠᠭᠠᠷ ᠬᠦᠠᠳᠦᠳᠬᠦ ᠬᠡᠷᠡᠭᠳᠡᠢ ᠮᠦᠷᠳᠡᠬᠡᠨ ᠬᠦᠠᠳᠦᠳᠬᠡᠵᠦ ᠡᠬᠢᠯᠡᠪᠡ᠂ ᠰᠢ ᠵᠢᠨ ᠫᠢᠩ ᠴᠣ᠋ ᠡᠮᠴᠢ ᠰᠣᠪᠢᠯᠠᠭᠴᠢ ᠶᠢ ᠰᠠᠢᠨ ᠬᠠᠮᠠᠭᠠᠯᠠᠬᠣ ᠲᠣᠬᠠᠢ ᠵᠢᠭᠠᠪᠣᠷᠢ ᠪᠠᠭᠣᠯᠭᠠᠪᠠ᠂᠂ ᠪᠦᠬᠦ ᠣᠯᠣᠰ ᠤᠨ ᠡᠮ ᠡᠮᠨᠡᠯᠬᠡ ᠶᠢᠨ ᠰᠣᠳᠣᠯᠣᠭᠴᠢ ᠶᠢᠨ ᠠᠩᠬᠠᠨ ᠤ ᠮᠠᠭᠠᠳᠯᠠᠯ ᠢᠶᠠᠷ ᠪᠣᠯ ᠬᠡᠬᠡᠷ᠎ᠡ ᠶᠢᠨ ᠠᠮᠢᠳᠠᠨ ᠤ ᠮᠢᠬ᠎ᠠ ᠶᠢ ᠢᠳᠡᠭᠰᠡᠨ ᠡᠴᠡ ᠡᠨᠡᠬᠦ ᠬᠢᠵᠢᠭ ᠢ ᠬᠦᠮᠦᠨ ᠳᠦ ᠬᠠᠯᠳᠠᠪᠣᠷᠢᠯᠠᠭᠰᠠᠨ ᠬᠡᠵᠦ ᠦᠵᠡᠵᠦ ᠪᠠᠢᠨ᠎ᠠ᠂᠂ ᠡᠮᠦᠨᠡᠳᠦ ᠣᠷᠣᠨ ᠤ ᠢᠷᠬᠡᠴᠣᠳ ᠶᠠᠭᠣ ᠴᠣ᠋ ᠢᠳᠡᠨ᠎ᠠ ᠮᠣᠭᠠᠢ ᠶᠢᠨ ᠮᠢᠬ᠎ᠠ᠂ ᠬᠣᠯᠣᠭᠠᠨ᠎ᠠ ᠶᠢᠨ ᠮᠢᠬ᠎ᠠ᠂ ᠰᠠᠭᠰᠣᠨ ᠫᠠᠭᠪᠠᠬᠠᠢ ᠶᠢᠨ ᠮᠢᠬ᠎ᠠ᠂ ᠲᠠᠯᠠᠢ ᠲᠣᠳᠣᠷᠠᠬᠢ ᠡᠯᠳᠡᠪ ᠠᠮᠢᠳᠠᠨ ᠤ ᠮᠢᠬ᠎ᠠ ᠪᠣᠯᠣᠨ᠎ᠠ᠂ ᠡᠳᠡᠬᠡᠷ ᠬᠦᠮᠦᠰ ᠡᠨᠡ ᠰᠠᠢᠬᠠᠨ ᠨᠠᠢᠬᠡᠮ ᠤᠨ ᠡᠯᠳᠡᠪ ᠢᠳᠡᠬᠡᠨ ᠢ ᠢᠳᠡᠵᠣ ᠪᠠᠢᠳᠠᠯ᠎ᠠ ᠰᠡᠳᠬᠡᠯ ᠨᠢ ᠬᠠᠩᠬᠣ ᠦᠬᠡᠢ ᠵᠣᠭᠣᠰ ᠲᠤ ᠰᠢᠨᠣᠬᠠᠢᠯᠠᠵᠣ ᠪᠣᠰᠣᠳ ᠠᠮᠢᠳᠠᠨ ᠢ ᠴᠣ᠋ ᠵᠦᠬᠡᠷ ᠲᠠᠯᠪᠢᠬᠣ ᠦᠬᠡᠢ ᠨᠢ ᠵᠢᠭᠰᠢᠬᠦᠯᠳᠡᠢ᠂ ᠣᠠᠴᠠᠭᠣᠢᠯᠠᠨ ᠰᠠᠭᠰᠣᠨ ᠫᠠᠭᠪᠠᠬᠠᠢ ᠨᠢ ᠣᠯᠠᠨ ᠵᠣᠢᠯ ᠤᠨ ᠪᠠᠭᠴᠠᠷᠠᠢ ᠪᠠᠶᠠᠨ ᠳᠡᠬᠡᠨ ᠠᠭᠣᠯᠳᠠᠭ ᠠᠮᠢᠳᠠᠨ ᠮᠦᠷᠳᠡᠬᠡᠨ ᠬᠢᠵᠢᠭ ᠢ ᠲᠠᠷᠬᠠᠬᠣ ᠬᠠᠮᠣᠭ ᠲᠠᠷᠢᠬᠦᠨ ᠤ ᠰᠠᠵᠢᠭ᠍ᠯᠡᠭᠴᠢ ᠪᠣᠯᠵᠣ ᠪᠠᠢᠨ᠎ᠠ᠂ ᠣᠯᠣᠰ ᠠᠴᠠ ᠡᠨᠡᠬᠦ ᠬᠢᠵᠢᠭ ᠡᠴᠡ ᠰᠣᠷᠭᠠᠮᠵᠢ ᠠᠪᠴᠣ ᠬᠡᠬᠡᠷ᠎ᠡ ᠶᠢᠨ ᠠᠮᠢᠳᠠᠨ ᠢ ᠲᠣᠷ᠎ᠠ ᠪᠡᠷ ᠢᠳᠡᠬᠦ᠂ ᠪᠣᠷᠣᠯᠠᠭᠣᠯᠬᠣ᠂ ᠡᠵᠡᠭᠨᠡᠬᠦ ᠶᠢ ᠬᠣᠷᠢᠭᠯᠠᠭᠰᠠᠨ ᠬᠠᠣᠯᠢ ᠲᠣᠭᠳᠠᠭᠠᠪᠠ᠂᠂
ᠦᠬᠠᠨ ᠬᠣᠳᠠ ᠴᠣ᠋ ᠰᠢ ᠵᠢᠨ ᠫᠢᠩ ᠦᠨ ᠴᠢᠬᠣᠯᠠ ᠵᠢᠭᠠᠪᠣᠷᠢ ᠪᠡᠷ ᠵᠢᠯᠦᠭᠣᠳᠣᠯᠭᠠ ᠪᠣᠯᠭᠠᠵᠣ ᠬᠣᠶᠠᠷ ᠡᠮᠨᠡᠯᠬᠡ ᠶᠢᠨ ᠬᠣᠷᠢᠶ᠎ᠠ ᠶᠢ ᠵᠡᠷᠬᠡ ᠳᠣᠨᠢ ᠪᠠᠷᠢᠵᠣ ᠠᠷᠪᠠ ᠬᠣᠨᠣᠭ ᠤᠨ ᠲᠣᠳᠣᠷ᠎ᠠ ᠯᠸᠢ ᠱᠸ᠋ᠩ ᠰᠠᠨ ᠡᠮᠨᠡᠯᠬᠡ ᠶᠢᠨ ᠬᠣᠷᠢᠶ᠎ᠠ ᠶᠢ ᠪᠠᠢᠭᠣᠯᠵᠣ ᠠᠰᠢᠭᠯᠠᠯᠳᠠ ᠳᠤ ᠣᠷᠣᠭᠣᠯᠵᠣ᠂ ᠬᠠᠭᠠᠰ ᠰᠠᠷ᠎ᠠ ᠶᠢᠨ ᠲᠣᠳᠣᠷ᠎ᠠ ᠪᠠᠰᠠ ᠯᠸᠢ ᠱᠸ᠋ᠩ ᠰᠠᠨ ᠡᠮᠨᠡᠯᠬᠡ ᠶᠢᠨ ᠬᠣᠶᠠᠷ ᠲᠠᠬᠢᠨ ᠡᠸᠦᠸ᠋ᠸᠢ ᠱᠸ᠋ᠩ ᠰᠠᠨ ᠡᠮᠨᠡᠯᠬᠡ ᠶᠢᠨ ᠬᠣᠷᠢᠶ᠎ᠠ ᠶᠢ ᠪᠠᠢᠭᠣᠯᠵᠣ ᠠᠰᠢᠭᠯᠠᠯᠳᠠ ᠳᠤ ᠣᠷᠣᠭᠣᠯᠵᠣ ᠲᠡᠯᠡᠬᠡᠢ ᠨᠠᠢᠳᠠ ᠶᠢᠨ ᠮᠠᠭᠳᠠᠭᠠᠯ ᠢ ᠣᠯᠵᠣ ᠡᠨᠡᠬᠦ ᠬᠢᠵᠢᠭ ᠢ ᠬᠦᠠᠳᠦ ᠂ ᠬᠦᠩᠬᠡᠨ᠂ ᠡᠩ ᠦᠨ ᠲᠠᠭᠰᠢᠭᠣᠷ ᠢ ᠢᠯᠭᠠᠨ ᠲᠣᠳᠣᠯᠵᠣ ᠡᠮᠴᠢᠯᠡᠬᠦ ᠳᠦ ᠲᠣᠢᠯ ᠤᠨ ᠴᠢᠬᠣᠯᠠ ᠦᠢᠯᠡᠳᠦᠯ ᠢ ᠦᠵᠡᠬᠦᠯᠦᠭᠰᠡᠨ ᠢᠶᠡᠷ ᠪᠠᠷᠠᠬᠣ ᠦᠬᠡᠢ᠂ ᠨᠠᠢᠬᠡᠮ ᠵᠢᠷᠣᠮ ᠤᠨ ᠲᠠᠪᠠᠭᠣᠯᠢᠭ ᠴᠢᠨᠠᠷ ᠪᠣᠯᠣᠨ ᠬᠦᠳᠡᠯᠮᠦᠷᠢᠴᠢᠨ ᠠᠷᠠᠳ ᠲᠦᠮᠡᠨ ᠦ ᠠᠭᠣᠣ ᠶᠡᠬᠡ ᠶᠢ ᠭᠠᠢᠬᠠᠭᠣᠯᠪᠠ᠂᠂ ᠪᠦᠬᠦ ᠣᠯᠣᠰ ᠤᠨ ᠡᠯ᠎ᠡ ᠭᠠᠵᠠᠷ ᠴᠣ᠋ ᠦᠬᠠᠨ ᠳᠠᠬᠢ ᠬᠢᠵᠢᠭ ᠲᠡᠢ ᠲᠡᠮᠡᠴᠡᠵᠦ ᠪᠠᠢᠭ᠎ᠠ ᠡᠮᠴᠢ ᠰᠣᠪᠢᠯᠠᠭᠴᠢ ᠳᠠᠭᠠᠨ ᠬᠠᠢᠷ᠎ᠠ᠂ ᠲᠡᠳᠬᠦᠮᠵᠢ᠂ ᠬᠠᠠᠳᠢᠪ ᠢᠶᠠᠨ ᠬᠦᠷᠬᠡᠵᠦ ᠪᠠᠢᠨ᠎ᠠ᠂ ᠪᠦᠬᠦ ᠣᠯᠣᠰ ᠤᠨ ᠨᠠᠮ ᠤᠨ ᠬᠡᠰᠢᠬᠦᠨ ᠪᠣᠯᠣᠨ ᠠᠷᠠᠳ ᠲᠦᠮᠡᠨ ᠰᠠᠢᠨ ᠲᠣᠷ᠎ᠠ ᠠᠴᠠ ᠪᠠᠨ ᠵᠣᠭᠣᠰ ᠬᠠᠠᠳᠢᠪᠯᠠᠵᠣ ᠡᠯ᠎ᠡ ᠭᠠᠵᠠᠷ ᠤᠨ ᠬᠢᠨᠢ᠂ ᠡᠮᠴᠢᠯᠡᠬᠡᠨ ᠳᠦ ᠬᠡᠷᠡᠭᠯᠡᠬᠦ ᠡᠳ᠋ ᠲᠠᠷᠣᠢ ᠠᠮᠠᠪᠴᠢ᠂ ᠠᠷᠢᠭᠣᠳᠬᠠᠴᠢ ᠡᠳ᠋᠂ ᠬᠢᠵᠢᠭ ᠢ ᠰᠡᠷᠬᠡᠢᠯᠡᠬᠦ ᠬᠠᠯᠬᠠᠪᠴᠢ ᠡᠳ᠋ ᠂ ᠠᠮᠢᠳᠣᠷᠠᠯ ᠳᠤ ᠬᠡᠷᠡᠭᠰᠡᠬᠦ ᠮᠢᠬ᠎ᠠ ᠨᠣᠭᠣᠭ᠎ᠠ ᠵᠡᠷᠬᠡ ᠶᠢ ᠪᠦᠬᠦ ᠣᠯᠣᠰ ᠤᠨ ᠴᠢᠨᠠᠷᠳᠠᠢ ᠠᠵᠣ ᠠᠬᠣᠢᠯᠠᠯ ᠪᠠ ᠦᠢᠯᠡᠳᠪᠦᠷᠢ ᠨᠠᠷ ᠴᠣ᠋᠂ ᠭᠠᠯ ᠲᠠᠷᠬᠡ᠂ ᠨᠢᠰᠬᠡᠯ᠂ ᠲᠡᠬᠡᠬᠡᠪᠦᠷᠢ ᠶᠢᠨ ᠲᠡᠷᠬᠡ ᠪᠡᠷ ᠦᠬᠠᠨ ᠬᠣᠳᠠ ᠵᠦᠭ ᠬᠦᠷᠬᠡᠵᠣ ᠪᠠᠢᠨ᠎ᠠ᠂᠂ ᠲᠡᠯᠡᠬᠡᠢ ᠨᠠᠢᠳᠠ ᠶᠢᠨ ᠣᠯᠣᠰ ᠣᠷᠣᠨ ᠴᠣ᠋ ᠦᠬᠠᠨ ᠬᠣᠳᠠ ᠶᠢ ᠲᠡᠮᠵᠢᠵᠣ ᠪᠠᠢᠨ᠎ᠠ ᠡᠬᠦᠨ ᠳᠦ ᠮᠣᠩᠭᠣᠯ ᠣᠯᠣᠰ ᠭᠣᠷᠪᠠᠨ ᠲᠦᠮᠡᠨ ᠬᠣᠨᠢ᠂ ᠡᠮᠦᠨᠡᠳᠣ ᠰᠣᠯᠣᠩᠭᠣᠰ ᠣᠯᠣᠰ ᠪᠣᠯᠣᠨ ᠪᠣᠰᠣᠳ ᠣᠯᠣᠰ ᠵᠡᠷᠬᠡ ᠪᠣᠯᠣᠨ᠎ᠠ᠂᠂ ᠣᠳᠣ ᠦᠬᠠᠨ ᠬᠣᠳᠠ ᠳᠤ ᠪᠦᠬᠦ ᠣᠯᠣᠰ ᠤᠨ ᠴᠡᠷᠢᠭ ᠦᠨ ᠡᠮᠴᠢ ᠶᠢᠨ ᠬᠣᠷᠢᠶ᠎ᠠ ᠪᠣᠯᠣᠨ ᠪᠦᠬᠦ ᠣᠯᠣᠰ ᠤᠨ ᠭᠣᠴᠢᠨ ᠨᠢᠬᠡᠨ ᠮᠣᠵᠢ ᠣᠷᠣᠨ ︵1 ᠰᠠᠷ᠎ᠠ ᠶᠢᠨ28 ᠡᠴᠡ ᠡᠬᠢᠯᠡᠵᠣ᠂ ᠪᠦᠬᠦ ᠣᠯᠣᠰ ᠤᠨ ᠭᠣᠴᠢᠨ ᠨᠢᠬᠡ ᠮᠣᠵᠢ ᠣᠷᠣᠨ᠂ ᠨᠢᠬᠡᠳᠦᠬᠡᠷ ᠣᠳᠠᠭᠠᠨ ᠤ ᠡᠮᠴᠢ ᠰᠣᠪᠢᠯᠠᠭᠴᠢ ᠠᠴᠠ ᠪᠦᠷᠢᠯᠳᠦᠭᠰᠡᠨ ᠪᠦᠯᠬᠦᠮ ᠢ ᠦᠬᠠᠨ ᠳᠤ ᠲᠣᠬᠢᠷᠠᠭᠣᠯᠵᠣ ᠲᠣᠯᠣᠭ᠎ᠠ ᠬᠣᠨᠣᠭ ᠪᠣᠯᠭᠠᠨ ᠡᠯ᠎ᠠ ᠭᠠᠵᠠᠷ ᠤᠨ ᠬᠢᠨᠢ ᠵᠠᠯᠭ᠎ᠠ ᠵᠠᠯᠭ᠎ᠠ ᠪᠠᠷ ᠨᠠᠢᠳᠠ ᠨᠠᠢ᠌ᠮᠠ ᠣᠳᠠᠭᠠᠨ ᠤ ᠡᠮ ᠰᠣᠪᠢᠯᠠᠭᠴᠢ ᠶᠢᠨ ᠪᠦᠯᠬᠦᠮ ᠶᠠᠪᠣᠭᠣᠯᠵᠣ ᠪᠠᠢᠨ᠎ᠠ ︶ ᠤ ᠡᠮᠴᠢ ᠰᠣᠪᠢᠯᠠᠭᠴᠢ ᠦᠬᠠᠨ ᠳᠤ ᠣᠴᠢᠭᠰᠠᠨ ᠤ ᠬᠣᠢᠨ᠎ᠠ ᠦᠬᠠᠨ ᠳᠠᠬᠢ ᠨᠢᠬᠡᠳᠣᠯᠳᠠᠢ ᠣᠳᠣᠷᠢᠳᠣᠯᠭ᠎ᠠ ᠶᠢᠨ ᠲᠣᠣᠷ᠎ᠠ ᠲᠣᠬᠢᠷᠠᠭᠣᠯᠣᠯᠳᠠ ᠶᠢ ᠬᠦᠯᠢᠶᠠᠵᠣ ᠂ ᠣᠳᠣ ᠡᠬᠦᠳᠡᠨ ᠡᠮᠨᠡᠯᠬᠡ ᠵᠠᠭᠣ ᠭᠣᠴᠢᠨ ᠲᠦᠷᠪᠡ ᠪᠠᠢᠭᠣᠯᠵᠣ ᠡᠮᠴᠢ ᠰᠣᠪᠢᠯᠠᠭᠴᠢ ᠪᠠᠨ ᠲᠣᠬᠢᠷᠠᠭᠣᠯᠵᠣ ᠬᠦᠨᠦᠬᠡᠯᠳᠦ ᠬᠢᠵᠢᠭ ᠢ ᠦᠠᠳᠣᠰᠦ ᠠᠴᠠ ᠨᠢ ᠬᠣᠷᠢᠭᠯᠠᠵᠣ ᠪᠠᠢᠨ᠎ᠠ᠂᠂ ᠣᠳᠣ ᠪᠦᠬᠦ ᠣᠯᠣᠰ ᠤᠨ ᠲᠠᠷᠢᠶᠠᠯᠠᠩ ᠤᠨ ᠶᠠᠭᠠᠷᠠᠣ ᠴᠠᠭ ᠪᠣᠯᠬᠣᠷ᠂ ᠣᠯᠣᠰ ᠠᠴᠠ ᠲᠠᠷᠢᠶᠠᠯᠠᠩ ᠪᠣᠯᠣᠨ ᠴᠢᠬᠣᠯᠠ ᠠᠵᠣ ᠦᠢᠯᠡᠳᠪᠦᠷᠢ ᠪᠣᠯᠣᠨ ᠵᠠᠮ ᠨᠡᠪᠳᠡᠷᠡᠬᠦᠯᠬᠡ ᠶᠢ 3 ᠰᠠᠷ᠎ᠠ ᠠᠴᠠ ᠡᠬᠢᠯᠡᠵᠣ ᠴᠢᠩᠭ᠎ᠠ ᠨᠢᠮᠪᠠᠢ ᠬᠢᠵᠢᠭ ᠢ ᠰᠡᠷᠬᠡᠢᠯᠡᠭᠰᠡᠨ ᠦ ᠰᠠᠭᠣᠷᠢᠨ ᠲᠡᠬᠡᠷ᠎ᠡ ᠠᠵᠢᠯ ᠢᠶᠠᠨ ᠡᠬᠢᠯᠡᠬᠦ ᠶᠢ ᠵᠦᠪᠰᠢᠶᠡᠷᠡᠪᠡ᠂᠂ ᠠᠮᠢᠷᠠᠸ᠋ᠺᠠ ᠶᠢᠨ ᠬᠢᠨ ᠮᠡᠳᠡᠬᠡᠯᠡᠭᠰᠡᠨ ᠨᠢ ᠰᠢᠩᠭᠠᠪᠣᠷ ᠣᠯᠣᠰ ᠲᠤ ᠬᠣᠷᠠᠯᠳᠣᠭᠰᠠᠨ ᠣᠯᠠᠨ ᠣᠯᠣᠰ ᠤᠨ ᠠᠷᠠᠯᠵᠢᠶᠠᠨ ᠤ ᠬᠣᠷᠠᠯ ᠳᠤ ᠣᠷᠣᠯᠴᠠᠭᠰᠠᠨ ᠵᠠᠭᠣ ᠪᠦᠬᠡᠳ ᠶᠢᠰᠦᠨ ᠬᠦᠮᠦᠰ᠂ ᠬᠣᠷᠠᠯ ᠪᠠᠨ ᠲᠠᠷᠬᠠᠴᠢᠬᠠᠭᠠᠳ ᠵᠠᠷᠢᠮ ᠨᠢ ᠣᠯᠣᠰ ᠲᠠᠭᠠᠨ ᠪᠣᠴᠠᠵᠣ ᠵᠠᠷᠢᠮ ᠨᠢ ᠪᠣᠰᠣᠳ ᠣᠯᠣᠰ ᠢᠶᠠᠷ ᠲᠣᠭᠣᠷᠢᠵᠣ ᠡᠬᠦᠨ ᠳᠦ ᠮᠠᠯᠠᠢᠰᠢᠶ᠎ᠠ ᠣᠯᠣᠰ ᠤᠨ ᠣᠷᠣᠯᠴᠠᠭᠰᠠᠨ ᠨᠢᠬᠡ ᠬᠦᠮᠦᠨ ᠨᠢ2 ᠰᠠᠷ᠎ᠠ ᠶᠢᠨ3 ᠳᠦ ᠡᠨᠡᠬᠦ ᠰᠢᠨ᠎ᠠ ᠬᠡᠯᠪᠡᠷᠢ ᠶᠢᠨ ᠲᠢᠳᠢᠮᠯᠢᠭ ᠠᠭᠣᠰᠬᠢᠨ ᠡᠪᠡᠳᠴᠢᠨ ᠳᠦ ᠨᠡᠷᠪᠡᠭᠳᠡᠯᠡ ᠬᠡᠵᠣ ᠮᠡᠳᠡᠭᠳᠡᠵᠦ᠂ ᠡᠮᠣᠨᠡᠳᠣ ᠰᠣᠯᠣᠩᠭᠣᠰ ᠣᠯᠣᠰ ᠤᠨ ᠣᠷᠣᠯᠴᠠᠭᠰᠠᠨ ᠨᠢᠬᠡ ᠬᠦᠮᠦᠨ ᠨᠢ ᠣᠯᠣᠰ ᠲᠠᠭᠠᠨ ᠬᠠᠷᠢᠵᠣ ᠢᠷᠡᠭᠰᠡᠨ ᠨᠢ ᠪᠠᠰᠠ ᠡᠨᠡ ᠡᠪᠡᠳᠴᠢᠨ ᠳᠦ ᠨᠡᠷᠪᠡᠭᠳᠡᠭᠰᠡᠨ ᠡᠴᠡ ᠣᠳᠣ ᠶᠠᠭ ᠰᠢᠩᠭᠠᠪᠣᠷ ᠣᠯᠣᠰ ᠲᠤ ᠣᠷᠣᠯᠴᠠᠭᠰᠠᠨ ᠵᠠᠭᠣ ᠪᠦᠬᠡᠳ ᠶᠢᠰᠦᠨ ᠬᠦᠮᠦᠨ ᠢ ᠲᠣᠰᠬᠠᠷᠯᠠᠬᠣ ᠪᠠᠷ ᠪᠠᠢᠨ᠎ᠠ ᠬᠡᠵᠣ ᠮᠡᠳᠡᠬᠡᠯᠡᠵᠣ ᠡᠬᠦᠨ ᠡᠴᠡ ᠪᠣᠯᠵᠣ ᠲᠢᠪ ᠠᠯᠣᠰᠭᠣᠯᠣᠭᠰᠠᠨ ᠰᠢᠨ᠎ᠠ ᠬᠡᠯᠪᠡᠷᠢ ᠶᠢᠨ ᠲᠢᠳᠢᠮᠯᠢᠭ ᠠᠭᠣᠰᠬᠢᠨ ᠤ ᠡᠪᠡᠳᠴᠢᠨ ᠲᠠᠷᠬᠠᠪᠠ
ᠬᠡᠪᠡ᠂᠂
ᠮᠠᠨ ᠤ ᠣᠯᠣᠰ ᠡᠨᠡᠬᠦ ᠬᠢᠵᠢᠭ ᠢ ᠲᠦᠩᠬᠡᠵᠣ ᠬᠣᠷᠢᠭᠯᠠᠨ ᠵᠣᠭᠰᠣᠬᠣ ᠵᠦᠭ ᠣᠷᠣᠵᠣ ᠪᠠᠢᠳᠠᠯ᠎ᠠ ᠶᠠᠫᠣᠨ ᠣᠯᠣᠰ ᠤᠨ ︵ ᠵᠠᠩ ᠰᠸ᠋ ᠬᠦᠩ ᠵᠣ᠋︶ ᠲᠡᠮᠳᠡᠭᠳᠦ ᠲᠣᠮᠣ ᠬᠦᠯᠬᠡ ᠣᠩᠭᠣᠴᠠ ᠠᠴᠠ ᠡᠨᠡᠬᠦ ᠬᠢᠵᠢᠭ ᠡᠪᠡᠳᠴᠢᠨ ᠲᠡᠯᠬᠡᠷᠡᠵᠣ᠂ ᠡᠨᠡ ᠣᠩᠭᠣᠴᠠ ᠲᠡᠬᠡᠷ᠎ᠡ ᠨᠢ ᠡᠯ᠎ᠠ ᠣᠯᠣᠰ ᠤᠨ ᠬᠦᠮᠦᠨ ᠪᠠᠢᠭᠰᠠᠨ ᠲᠣᠯᠠ ᠬᠢᠵᠢᠭ ᠢ ᠲᠡᠯᠬᠡᠷᠡᠬᠦ ᠳᠦ ᠲᠦᠬᠦᠮ ᠨᠦᠬᠦᠴᠡᠯ ᠢ ᠪᠦᠷᠢᠯᠳᠦᠬᠦᠯᠪᠡ᠂᠂ ᠬᠡᠳᠣᠢᠪᠡᠷ ᠶᠠᠫᠣᠨ ᠣᠯᠣᠰ ᠴᠣ᠋ ᠣᠩᠭᠣᠴᠠ ᠠᠴᠠ ᠬᠦᠮᠦᠰ ᠪᠠᠭᠣᠬᠣ ᠠᠴᠠ ᠡᠮᠦᠨ᠎ᠠ ᠬᠦᠮᠦᠨ ᠪᠦᠬᠦᠨ ᠦ ᠪᠡᠶ᠎ᠡ ᠶᠢ ᠪᠠᠢᠴᠠᠭᠠᠵᠣ᠂ ᠬᠠᠯᠠᠭᠣᠨ ᠤ ᠬᠡᠮᠵᠢᠶ᠎ᠡ ᠶᠢ ᠬᠡᠮᠵᠢᠨ ᠵᠠᠷᠢᠮ ᠬᠦᠮᠦᠰ ᠢ ᠡᠨᠡᠬᠦ ᠬᠢᠵᠢᠭ ᠢᠶᠡᠷ ᠲᠣᠳᠣᠯᠣᠨ ᠰᠡᠷᠬᠡᠢᠯᠳᠠ ᠬᠢᠭᠰᠡᠨ ᠪᠣᠯᠪᠠᠰᠣ ᠮᠦᠨ ᠯᠠ ᠬᠣᠷᠢᠭᠯᠠᠵᠣ ᠲᠡᠢᠯᠦᠭᠰᠡᠨ ᠦᠬᠡᠢ ᠬᠠᠯᠳᠠᠪᠣᠷᠢᠯᠡᠵᠣ ᠡᠬᠢᠯᠡᠪᠠ᠂᠂ ᠶᠠᠫᠣᠨ᠂ ᠢᠷᠠᠨ᠂ ᠡᠮᠦᠨᠡᠳᠦ ᠰᠣᠯᠣᠩᠭᠣᠰ ᠣᠯᠣᠰ ᠵᠡᠷᠬᠡ ᠣᠯᠣᠰ ᠲᠤ ᠨᠡᠯᠢᠶᠡᠳ ᠲᠡᠯᠬᠡᠷᠡᠵᠣ᠂ ᠲᠡᠯᠡᠬᠡᠢ ᠶᠢᠨ ᠪᠣᠰᠣᠳ ᠣᠯᠣᠰ ᠴᠣ᠋ ᠪᠠᠭ᠎ᠠ ᠬᠡᠮᠵᠢᠶ᠎ᠡ ᠪᠡᠷ ᠲᠡᠯᠬᠡᠷᠡᠵᠣ ᠪᠠᠢᠨ᠎ᠠ᠂᠂ ᠪᠦᠬᠦ ᠲᠡᠯᠡᠬᠡᠢ ᠪᠡᠷ ᠢᠶᠡᠨ ᠲᠣᠮᠳᠠᠳᠣ ᠣᠯᠣᠰ ᠤᠨ ᠡᠨᠡ ᠣᠳᠠᠭᠠᠨ ᠤ ᠬᠢᠵᠢᠭ ᠢ ᠰᠡᠷᠬᠡᠢᠯᠡᠬᠦ ᠳᠦ ᠠᠪᠣᠭᠰᠠᠨ ᠠᠷᠭ᠎ᠠ ᠪᠠᠷ ᠠᠩᠬᠠᠷᠴᠣ ᠡᠨᠡᠬᠦ ᠬᠢᠵᠢᠭ ᠢ ᠰᠡᠷᠬᠡᠢᠯᠡᠵᠣ ᠪᠠᠢᠨ᠎ᠠ᠂ᠰᠣᠳᠣᠯᠵᠣ ᠪᠠᠢᠨ᠎ᠠ᠂ ᠬᠠᠮᠳᠣ ᠶᠢᠨ ᠴᠠᠷᠮᠠᠢᠯᠳᠠ ᠯᠠᠪ ᠢᠯᠠᠯᠳᠠ ᠣᠯᠣᠨ᠎ᠠ ᠬᠡᠰᠡᠨ ᠢ ᠢᠳᠡᠬᠡᠵᠦ ᠪᠠᠢᠨ᠎ᠠ᠂᠂ ᠡᠨᠡ ᠵᠢᠯ ᠦᠨ ᠴᠠᠭᠠᠨ ᠰᠠᠷ᠎ᠠ ᠶᠢᠨ ᠴᠠᠭ ᠲᠤ ᠡᠬᠦᠰᠦᠭᠰᠡᠨ ᠲᠡᠯᠡᠬᠡᠢ ᠶᠢᠨ ᠴᠢᠨᠡᠷᠳᠡᠢ ᠣᠴᠠᠷ ᠶᠠᠪᠣᠳᠠᠯ ᠢ ᠦᠰᠦᠭ ᠪᠢᠴᠢᠭ ᠲᠦ ᠲᠡᠮᠳᠡᠭᠯᠡᠬᠦ ᠨᠢ ᠣᠳᠬ᠎ᠠ ᠠᠭᠣᠯᠭ᠎ᠠ ᠲᠠᠢ ᠰᠢᠭ᠋ ᠪᠠᠢᠨ᠎ᠠ᠂᠂