 

ᠭᠠᠭ᠋ᠠᠶᠢᠳᠤ ᠰᠤᠷᠭᠠᠭᠤᠯᠢ — ᠠᠷᠪᠠᠨ ᠵᠢᠯ ᠤᠨ ᠳᠠᠷᠠᠭ᠎ᠠ ᠠᠩᠬ᠎ᠠ ᠳᠤᠮᠳᠠᠳᠤ ᠶᠢᠨ ᠠᠩᠬᠢ ᠪᠠᠨ ᠰᠡᠷᠬᠦᠬᠡᠯ᠎ᠡ

2019-10-11 11:40
  336
  0
ᠭᠠᠭ᠋ᠠᠶᠢᠳᠤ ᠰᠤᠷᠭᠠᠭᠤᠯᠢ — ᠠᠷᠪᠠᠨ ᠵᠢᠯ ᠤᠨ ᠳᠠᠷᠠᠭ᠎ᠠ ᠠᠩᠬ᠎ᠠ ᠳᠤᠮᠳᠠᠳᠤ ᠶᠢᠨ ᠠᠩᠬᠢ ᠪᠠᠨ ᠰᠡᠷᠬᠦᠬᠡᠯ᠎ᠡ

   10 ᠵᠢᠯ ᠤᠨ ᠡᠮᠤᠨ᠎ᠠ᠂ ᠲᠦᠪᠯᠡᠷᠡᠬᠦᠯᠬᠦ ᠶᠢᠨ ᠲᠦᠯᠦᠭᠡ ᠠᠩᠬ᠎ᠠ ᠲᠤᠮᠳᠠᠳᠤ ᠶᠢᠨ ᠠᠩᠬᠢ ᠪᠠᠨ ᠬᠠᠰᠤᠪᠠ᠃
   10 ᠵᠢᠯ ᠤᠨ ᠲᠠᠷᠠᠭ᠎ᠠ᠂ ᠲᠦᠬᠦᠬᠦᠯᠬᠦ ᠶᠢᠨ ᠲᠦᠯᠦᠭᠡ ᠠᠩᠬ᠎ᠠ ᠲᠤᠮᠳᠠᠳᠤ ᠶᠢᠨ ᠠᠩᠬᠢ ᠪᠠᠨ ᠰᠡᠷᠬᠦᠭᠡᠵᠠᠢ᠃
   ᠨᠠᠯᠠᠭᠠᠷ ᠨᠠᠮᠤᠷ ᠤᠨ 9 ᠰᠠᠷ᠎ᠠ ᠶᠢᠨ 2 ᠤᠨ ᠡᠳᠤᠷ᠂ ᠲᠦᠡᠭᠯᠢᠶᠤᠤ ᠬᠤᠳᠠ ᠶᠢᠨ ᠵᠠᠷᠤᠳ ᠬᠤᠰᠢᠭᠤᠨ ᠤ ᠭᠠᠭ᠋ᠠᠶᠢᠳᠤ ᠪᠠᠯᠭᠠᠰᠤᠨ ᠤ ᠭᠠᠭ᠋ᠠᠶᠢᠳᠤ ᠰᠤᠷᠭᠠᠭᠤᠯᠢ ᠶᠢᠨ ᠬᠢᠨ ᠠᠩᠬ᠎ᠠ ᠲᠤᠮᠳᠠᠳᠤ ᠶᠢᠨ ᠨᠢᠭᠡᠳᠤᠭᠡᠷ ᠤᠨ ᠤ 3 ᠠᠩᠬᠢ ᠳᠠᠭᠠᠨ ᠡᠯᠰᠡᠭᠰᠡᠨ 142 ᠰᠤᠷᠤᠭᠴᠢ ᠪᠠᠨ ᠤᠭᠳᠤᠨ ᠠᠪᠤᠯ᠎ᠠ᠃ ᠠᠩᠬ᠎ᠠ ᠲᠤᠮᠳᠠᠳᠤ ᠶᠢᠨ ᠠᠩᠬᠢ ᠪᠠᠨ ᠰᠡᠷᠬᠦᠭᠡᠭᠰᠡᠨ ᠨᠢ ᠭᠠᠭ᠋ᠠᠶᠢᠳᠤ ᠪᠠᠯᠭᠠᠰᠤᠨ ᠤ ᠮᠤᠩᠭᠤᠯᠴᠤᠳ ᠲᠤ ᠠᠪᠴᠤ ᠭᠡᠯᠡᠪᠠᠯ᠂ ᠪᠠᠰᠠ ᠨᠢᠭᠡᠨ ᠰᠠᠶᠢᠨ ᠶᠠᠪᠤᠳᠠᠯ ᠪᠠᠶᠢᠵᠤ᠂ ᠪᠠᠯᠭᠠᠰᠤᠨ ᠤ ᠮᠤᠩᠭᠤᠯ ᠭᠡᠤᠭᠡᠳ ᠤᠨ ᠭᠡᠷ ᠠᠴᠠ ᠪᠠᠨ ᠤᠢᠢᠷᠠᠬᠠᠨ ᠪᠢᠴᠢᠭ ᠡᠷᠳᠡᠮ ᠡᠵᠡᠮᠰᠢᠬᠦ ᠭᠡᠰᠡᠨ ᠬᠦᠰᠡᠯ ᠢ ᠲᠡᠷᠭᠡᠯᠰᠢᠬᠦᠯᠦᠭᠰᠡᠨ ᠠᠵᠢ᠃ 
  ᠰᠢᠨ᠎ᠠ ᠡᠬᠢᠯᠡᠯᠳᠠ ᠳᠤ ᠰᠢᠨ᠎ᠠ ᠵᠤᠷᠢᠯᠳᠠ ᠬᠦᠪᠤᠷᠠᠨ᠎ᠠ᠃ 10 ᠵᠢᠯ ᠤᠨ ᠳᠠᠷᠠᠭᠠᠬᠢ ᠰᠢᠨ᠎ᠡ ᠡᠬᠢᠯᠡᠯᠳᠡ ᠭᠠᠭ᠋ᠠᠶᠢᠳᠤ ᠰᠤᠷᠭᠠᠭᠤᠯᠢ ᠶᠢᠨ ᠵᠠᠬᠢᠷᠤᠯ ᠦᠨᠡᠨᠪᠤᠶᠠᠨ ᠳᠤ ᠬᠠᠳᠠᠭᠤ ᠰᠢᠯᠭᠠᠯᠳᠠ ᠠᠪᠴᠢᠷᠠᠨ ᠦᠭᠴᠠᠢ᠃ 10 ᠵᠢᠯ ᠤᠨ ᠡᠮᠦᠨ᠎ᠡ ᠭᠠᠭ᠋ᠠᠶᠢᠳᠤ ᠳᠤᠮᠳᠠᠳᠤ ᠰᠤᠷᠭᠠᠭᠤᠯᠢ ᠶᠢ ᠬᠠᠰᠤᠵᠤ ᠨᠡᠶᠢᠯᠡᠬᠦᠯᠦᠨ ᠰᠤᠷᠤᠭᠴᠢ ᠡᠯᠰᠡᠬᠦ ᠶᠢ ᠵᠤᠭᠰᠤᠭᠠᠬᠤ ᠦᠶ᠎ᠠ ᠳᠤ ᠳᠡᠷᠡ ᠰᠤᠷᠭᠠᠭᠤᠯᠢ ᠶᠢᠨ ᠵᠠᠬᠢᠷᠤᠯ ᠤᠨ ᠠᠯᠪᠠ ᠶᠢ ᠬᠠᠷᠢᠭᠤᠴᠠᠵᠤ ᠪᠠᠶᠢᠵᠠᠢ᠃ ᠵᠢᠭᠠᠨ ᠰᠤᠷᠭᠠᠯᠳᠠ ᠶᠢᠨ ᠴᠢᠨᠠᠷ ᠴᠢᠨᠰᠠᠭ᠎ᠠ᠂ ᠰᠤᠷᠤᠯᠭ᠎ᠠ ᠶᠢᠨ ᠬᠢᠷᠢ ᠪᠦᠳᠦᠮᠵᠢ᠂ ᠪᠠᠭᠰᠢ ᠶᠢᠨ ᠡᠩᠨᠡᠭᠡ ᠶᠢᠨ ᠪᠠᠶᠢᠭᠤᠯᠤᠯᠳᠠ᠂ ᠰᠤᠷᠭᠠᠭᠤᠯᠢ ᠶᠢᠨ ᠬᠠᠮᠢᠶᠠᠷᠤᠯᠳᠠ ᠠᠯᠢ ᠳᠠᠯ᠎ᠠ ᠪᠠᠷ ᠢᠶᠠᠨ ᠴᠤ ᠵᠠᠷᠤᠳ ᠬᠤᠰᠢᠭᠤᠨ ᠤ ᠮᠤᠩᠭᠤᠯ ᠢᠶᠠᠷ ᠬᠢᠴᠢᠶᠡᠯᠯᠡᠬᠦ ᠠᠩᠬ᠎ᠠ ᠳᠤᠮᠳᠠᠳᠤ ᠶᠢᠨ ᠠᠩᠬᠢ ᠳᠠᠭᠠᠨ ᠤᠷᠦ᠋ᠢᠯᠠᠵᠤ ᠪᠠᠶᠢᠭᠰᠠᠨ ᠢ ᠬᠠᠰᠤᠵᠤ ᠨᠡᠶᠢᠯᠡᠬᠦᠯᠦᠨ᠎ᠡ ᠬᠡᠬᠦ ᠳᠤ ᠦᠨᠡᠨᠪᠤᠶᠠᠨ ᠵᠠᠬᠢᠷᠤᠯ ᠤᠨ ᠰᠡᠳᠬᠢᠯ ᠳᠤ ᠦᠬᠡ ᠪᠠᠷ ᠢᠯᠡᠳᠬᠡᠬᠦᠶ᠎ᠡ ᠪᠡᠷᠬᠡ ᠬᠠᠷᠭᠤᠰᠤᠯ ᠪᠤᠯᠵᠤ ᠬᠤᠴᠤᠷᠤᠭᠰᠠᠨ ᠢ ᠶᠠᠭᠤᠨ ᠦᠬᠦᠯᠡᠬᠦ ᠪᠢᠯᠡ᠃ ᠬᠡᠪᠡᠴᠦ 10 ᠵᠢᠯ ᠤᠨ ᠳᠠᠷᠠᠭ᠎ᠠ᠂ ᠠᠩᠬ᠎ᠠ ᠳᠤᠮᠳᠠᠳᠤ ᠶᠢᠨ ᠠᠩᠬᠢ ᠪᠠᠨ ᠰᠡᠷᠬᠦᠭᠡᠭᠰᠡᠨ ᠨᠢ ᠦᠨᠡᠨᠪᠤᠶᠠᠨ ᠵᠠᠬᠢᠷᠤᠯ ᠤᠨ ᠰᠡᠳᠬᠢᠯ ᠳᠤ ᠤᠨᠴᠠ ᠶᠢᠨ ᠪᠠᠶᠠᠷᠳᠠᠢ ᠮᠦᠷᠳᠡᠬᠡᠨ ᠬᠠᠷᠢᠭᠤᠴᠠᠯᠭ᠎ᠠ ᠨᠡᠩ ᠬᠦᠨᠳᠤ ᠪᠤᠯᠤᠭᠰᠠᠨ ᠨᠢ ᠢᠯᠡᠭᠡᠨ᠃
   ︽ᠮᠠᠨ ᠤ ᠰᠤᠷᠭᠠᠭᠤᠯᠢ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠪᠠ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠪᠡᠶ᠎ᠠ ᠶᠢᠨ ᠳᠠᠮᠢᠷ ᠤᠨ ᠲᠤᠪᠴᠢᠶ᠎ᠠ ᠵᠡᠷᠭᠡ ᠶᠢᠨ ᠲᠠᠮᠵᠢᠯᠭᠡ ᠲᠤᠤᠷ᠎ᠠ ᠠᠩᠬ᠎ᠠ ᠲᠤᠮᠳᠠᠳᠤ ᠶᠢᠨ ᠠᠩᠬᠢ ᠶᠢ ᠰᠡᠷᠬᠦᠭᠡᠬᠦ ᠠᠵᠢᠯ ᠡᠷᠴᠢᠮ ᠲᠠᠢ ᠶᠠᠪᠤᠭᠳᠠᠭᠤᠯᠵᠠᠢ᠃ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶ᠎ᠠ ᠠᠴᠠ ᠨᠢᠬᠡ ᠯᠡ ᠤᠳᠠᠭ᠎ᠠ ᠳᠤ ᠡᠯ᠎ᠠ ᠬᠢᠴᠢᠶᠡᠯ ᠲᠦᠷᠦᠯ ᠤᠨ 12 ᠤᠨᠴᠠ ᠠᠵᠢᠯ ᠤᠨ ᠪᠠᠶᠢᠷᠢ ᠶᠢᠨ ᠪᠠᠭᠰᠢ ᠶᠢ ᠳᠤᠰ ᠰᠤᠷᠭᠠᠭᠤᠯᠢ ᠳᠤ ᠲᠤᠬᠢᠷᠠᠭᠤᠯᠵᠤ ᠦᠭᠬᠦᠭᠰᠡᠨ ᠪᠦᠭᠡᠳ ᠬᠤᠰᠢᠭᠤᠨ ᠤ ᠮᠤᠩᠭᠤᠯ ᠬᠤᠶᠠᠳᠤᠭᠠᠷ ᠳᠤᠮᠳᠠᠳᠤ ᠰᠤᠷᠭᠠᠭᠤᠯᠢ ᠠᠴᠠ ᠪᠠᠭᠰᠢ ᠤᠷᠢᠵᠤ᠂ ᠲᠠᠷᠠᠴᠢᠯᠠᠨ ᠠᠩᠬᠢ ᠶᠢᠨ ᠬᠠᠮᠢᠶᠠᠷᠤᠯᠳᠠ᠂ ᠬᠢᠴᠢᠶᠡᠯ ᠤᠨ ᠲᠢᠩᠬᠢᠮ ᠤᠨ ᠵᠢᠭᠠᠨ ᠰᠤᠷᠭᠠᠯᠳᠠ᠂ ᠬᠢᠴᠢᠶᠡᠯ ᠤᠨ ᠪᠠᠷᠢᠮᠵᠢᠶ᠎ᠠ ᠶᠢᠨ ᠳᠠᠯ᠎ᠠ ᠪᠠᠷ ᠰᠢᠨ᠎ᠠ ᠪᠠᠭᠰᠢ ᠨᠠᠷ ᠢᠶᠠᠨ ᠳᠠᠪᠳᠠᠨ ᠪᠤᠯᠪᠠᠰᠤᠷᠠᠭᠤᠯᠵᠠᠢ᠃ ᠲᠠᠷᠠᠭᠠᠴᠢ ᠪᠠᠷ ᠰᠤᠷᠭᠠᠭᠤᠯᠢ ᠶᠢᠨ ᠡᠯ᠎ᠠ ᠲᠠᠯ᠎ᠠ ᠶᠢᠨ ᠬᠠᠮᠢᠶᠠᠷᠤᠯᠳᠠ ᠪᠠᠨ ᠨᠠᠩ ᠴᠢᠩᠭᠠᠳᠬᠠᠵᠤ᠂ ᠵᠢᠭᠠᠨ ᠰᠤᠷᠭᠠᠯᠳᠠ ᠶᠢᠨ ᠳᠤᠷᠰᠢᠯᠭ᠎ᠠ ᠶᠠᠰᠤ ᠴᠢᠨᠠᠷ ᠢᠶᠠᠨ ᠴᠢᠨᠠᠭᠰᠢᠳᠠ ᠳᠡᠬᠡᠭᠰᠢᠯᠡᠬᠦᠯᠤᠨ᠂ ᠬᠢᠴᠢᠶᠡᠯ ᠤᠨ ᠲᠢᠩᠬᠢᠮ ᠤᠨ ᠵᠢᠭᠠᠨ ᠰᠤᠷᠭᠠᠯᠳᠠ ᠶᠢᠨ ᠦᠬᠡᠷᠡᠴᠢᠯᠡᠯᠳᠡ ᠶᠢ ᠴᠢᠬᠤᠯᠠᠴᠢᠯᠠᠨ ᠠᠳᠬᠤᠵᠤ᠂ ᠭᠤᠷᠪᠠᠨ ᠵᠢᠯ ᠤᠨ ᠳᠠᠷᠠᠭ᠎ᠠ ᠭᠡᠷ ᠤᠨ ᠠᠬᠠᠮᠠᠳ ᠲᠤ ᠬᠠᠨᠤᠮᠵᠢᠳᠠᠢ ᠬᠠᠭᠤᠳᠠᠰᠤ ᠲᠤᠰᠢᠶᠠᠬᠤ ᠪᠠᠷ ᠬᠦᠴᠤᠯᠠᠨ ᠴᠢᠷᠮᠠᠶᠢᠨ᠎ᠠ︾ ᠭᠡᠵᠤ ᠦᠨᠡᠨᠪᠤᠶᠠᠨ ᠵᠠᠬᠢᠷᠤᠯ ᠤᠨ ᠰᠡᠳᠬᠢᠯ ᠤᠨ ᠬᠦᠨ ᠠᠴᠠ ᠤᠨᠳᠤᠷᠤᠭᠰᠠᠨ ᠡᠷᠴᠢ ᠵᠤᠷᠢᠭ ᠬᠦᠪᠴᠢᠯᠡᠭᠳᠡᠨ᠎ᠠ᠃  
   ᠰᠢᠨ᠎ᠠ ᠡᠬᠢᠯᠡᠯᠳᠠ ᠳᠤ ᠰᠢᠨ᠎ᠠ ᠬᠦᠴᠤᠨ ᠨᠠᠮᠠᠷᠢᠯᠠᠨ᠎ᠠ᠃ ᠠᠩᠬ᠎ᠠ ᠳᠤᠮᠳᠠᠳᠤ ᠶᠢᠨ ᠠᠩᠬᠢ ᠪᠠᠨ ᠰᠡᠷᠬᠦᠭᠡᠭᠡᠳ ᠳᠡᠦᠬᠡ ᠶᠢᠨ ᠪᠠᠭᠰᠢ ᠳᠤᠳᠠᠭᠳᠠᠵᠤ ᠪᠠᠶᠢᠨ᠎ᠠ ᠬᠡᠰᠡᠨ ᠰᠤᠷᠠᠭ ᠢᠶᠠᠷ ᠳᠤᠰ ᠰᠤᠷᠭᠠᠭᠤᠯᠢ ᠠᠴᠠ ᠵᠠᠷᠤᠳ ᠬᠤᠰᠢᠭᠤᠨ ᠤ ᠮᠤᠩᠭᠤᠯ ᠬᠤᠶᠠᠳᠤᠭᠠᠷ ᠳᠤᠮᠳᠠᠳᠤ ᠰᠤᠷᠭᠠᠭᠤᠯᠢ ᠳᠤ ᠠᠵᠢᠯ ᠰᠢᠯᠵᠢᠵᠤ ᠶᠠᠪᠤᠭᠰᠠᠨ ᠱᠤᠸᠠᠩ ᠮᠧᠢ ᠪᠠᠭᠰᠢ ᠬᠠᠷᠢᠨ ᠵᠢᠭᠠᠨ ᠰᠤᠷᠭᠠᠯᠳᠠ ᠶᠢᠨ ᠳᠤᠰᠠᠯᠠᠬᠤ ᠪᠠᠭᠰᠢ ᠪᠠᠷ ᠡᠬᠡ ᠰᠤᠷᠭᠠᠭᠤᠯᠢ ᠳᠠᠭᠠᠨ ᠢᠷᠡᠭᠰᠡᠨ ᠪᠠᠶᠢᠵᠠᠢ᠃ ᠲᠠᠷᠠ᠄ ︽ᠭᠡᠤᠭᠡᠳ ᠤᠨ ᠦᠰᠦᠨ ᠪᠤᠶᠢᠵᠢᠯᠳᠠ ᠳᠤ ᠠᠪᠤ ᠡᠵᠢ ᠶᠢᠨ ᠬᠠᠶᠢᠷ᠎ᠠ ᠶᠠᠭᠤᠨ ᠠᠴᠠ ᠴᠦ ᠴᠢᠬᠤᠯᠠ ᠪᠠᠶᠢᠳᠠᠭ᠃ ᠪᠠᠯᠭᠠᠰᠤᠨ ᠤ ᠪᠠᠨ ᠰᠤᠷᠭᠠᠭᠤᠯᠢ ᠳᠤ ᠰᠤᠷᠤᠯᠴᠠᠵᠤ᠂ ᠠᠪᠤ ᠡᠵᠢ ᠶᠢᠨ ᠡᠯᠢᠭᠡᠨ ᠳᠤ ᠪᠦᠪᠠᠶᠢᠯᠡᠭᠳᠡᠬᠦ ᠨᠢ ᠭᠡᠤᠭᠡᠳ ᠤᠨ ᠬᠦᠮᠤᠨ ᠪᠤᠯᠵᠤ ᠬᠦᠮᠦᠵᠢᠭᠳᠡᠬᠦ ᠶᠢᠨ ᠴᠢᠬᠤᠯᠠ ᠡᠯᠧᠮᠧᠨ᠋ᠲ ᠪᠤᠯᠬᠤ ᠶᠤᠮ᠃ ᠡᠭᠡ ᠰᠤᠷᠭᠠᠭᠤᠯᠢ ᠳᠠᠭᠠᠨ ᠢᠷᠠᠵᠤ ᠦᠷ᠎ᠠ ᠭᠡᠤᠭᠡᠳ ᠲᠡᠭᠡᠨ ᠮᠡᠳᠡᠯᠭᠡ ᠡᠵᠡᠮᠰᠢᠬᠦᠯᠬᠦ ᠨᠢ ᠪᠠᠭᠰᠢ ᠪᠤᠯᠤᠬᠰᠠᠳ ᠤᠨ ᠲᠠᠷᠬᠠᠨ ᠬᠠᠷᠢᠭᠤᠴᠠᠯᠭ᠎ᠠ ᠪᠤᠯᠬᠤ ᠶᠤᠮ︾ ᠭᠡᠵᠤ ᠪᠤᠴᠠᠵᠤ ᠢᠷᠡᠭᠰᠡᠨ ᠪᠤᠳᠤᠯ ᠢᠶᠠᠨ ᠲᠤᠳᠤᠷᠠᠭᠤᠯᠵᠤ ᠭᠠᠷᠤᠯ᠎ᠠ᠃
   ︽ᠵᠢᠷᠦᠬᠡᠨ ᠳᠤ ᠮᠦᠩᠬᠡᠷᠡᠬᠦ ᠮᠢᠨᠦ ᠡᠬᠡ ᠰᠤᠷᠭᠠᠭᠤᠯᠢ ᠵᠢᠬᠦᠷ ᠲᠠᠢ ᠬᠦᠯᠦᠭ ᠪᠤᠯᠵᠤ ᠳᠡᠪᠳᠡᠷᠢᠨ ᠳᠡᠪᠳᠡᠷᠢᠨ ᠨᠢᠰᠦᠬᠡᠷᠡᠢ︾ ᠭᠡᠬᠦ ᠬᠦᠰᠡᠯ ᠵᠦᠩᠨᠡᠯ ᠠᠭᠤᠯᠤᠭᠰᠠᠨ ᠬᠡᠮᠡᠷᠯᠢᠭ ᠳᠤᠭ ᠠᠩᠬ᠎ᠠ ᠳᠤᠮᠳᠠᠳᠤ ᠶᠢᠨ ᠪᠠᠭᠰᠢ ᠨᠠᠷ ᠤᠨ ᠠᠯᠪᠠᠨ ᠬᠡᠷ ᠤᠨ ᠬᠠᠶᠠᠭᠠᠨ ᠳᠤ ᠡᠯᠬᠦᠭᠡᠰᠤᠳᠠᠢ᠃ ᠭᠠᠭ᠋ᠠᠶᠢᠳᠤ ᠰᠤᠷᠭᠠᠭᠤᠯᠢ ᠠᠩᠬ᠎ᠠ ᠳᠤᠮᠳᠠᠳᠤ ᠶᠢᠨ ᠠᠩᠬᠢ ᠪᠠᠨ ᠰᠡᠷᠬᠦᠬᠡᠯ᠎ᠡ ᠬᠡᠬᠦ ᠬᠠᠯᠠᠭᠤᠨ ᠴᠢᠮᠡᠭᠡ ᠪᠠᠷ 1984 ᠤᠨ ᠳᠤ ᠳᠤᠰ ᠰᠤᠷᠭᠠᠭᠤᠯᠢ ᠠᠴᠠ ᠳᠡᠬᠦᠰᠦᠭᠰᠡᠨ ᠬᠡᠰᠡᠭ ᠰᠤᠷᠤᠭᠴᠢ ᠡᠬᠡ ᠰᠤᠷᠭᠠᠭᠤᠯᠢ ᠳᠠᠭᠠᠨ ᠨᠠᠮᠠᠷᠢ ᠦᠵᠡᠬᠦᠯᠬᠦ ᠶᠤᠮᠰᠡᠨ ᠭᠡᠵᠤ ᠪᠠᠭᠰᠢ ᠨᠠᠷ ᠤᠨ ᠠᠯᠪᠠᠨ ᠬᠡᠷ ᠤᠨ ᠰᠢᠷᠡᠭᠡ ᠰᠠᠨᠳᠠᠯᠢ ᠶᠢ ᠲᠦᠪᠬᠢᠨᠡᠬᠦᠯᠵᠦ ᠦᠭᠬᠦ ᠶᠢᠨ ᠬᠠᠮᠳᠤ ᠡᠨᠡ ᠬᠦ ᠬᠡᠮᠡᠷᠯᠢᠭ ᠳᠤᠭ ᠢ ᠬᠦᠷᠭᠡᠭᠰᠡᠨ ᠪᠠᠶᠢᠵᠠᠢ᠃
   ᠤᠩᠰᠢᠪᠤᠷᠢ᠄
   ᠦᠨᠳᠦᠰᠦᠳᠡᠨ ᠤ ᠰᠤᠷᠭᠠᠨ ᠬᠦᠮᠦᠵᠢᠯ ᠤᠨ ᠦᠯᠦᠬᠡᠢ ᠪᠤᠯᠤᠭᠰᠠᠨ ᠭᠠᠭ᠋ᠠᠶᠢᠳᠤ ᠰᠤᠷᠭᠠᠭᠤᠯᠢ 1948 ᠤᠨ ᠤ ᠨᠠᠮᠤᠷ ᠠᠩᠬ᠎ᠠ ᠠᠷᠪᠠᠭᠠᠳ ᠬᠡᠦᠬᠡᠳ ᠢ ᠴᠤᠭᠯᠠᠭᠤᠯᠵᠤ ᠰᠤᠷᠭᠠᠭᠤᠯᠢ ᠡᠷᠬᠢᠯᠡᠭᠰᠡᠨ ᠢᠶᠠᠨ 1950 ᠤᠨ ᠳᠤ ᠳᠤᠯᠤᠳᠤᠭᠠᠷ ᠨᠤᠳᠤᠭ ᠤᠨ ᠪᠠᠭ᠎ᠠ ᠰᠤᠷᠭᠠᠭᠤᠯᠢ ᠬᠡᠮᠡᠨ ᠨᠡᠷᠡᠯᠡᠵᠡᠢ᠃ 1958 ᠤᠨ ᠳᠤ ᠴᠢᠶᠠᠨᠵᠢᠨ ᠪᠦᠷᠢᠨ ᠪᠠᠭ᠎ᠠ ᠰᠤᠷᠭᠠᠭᠤᠯᠢ ᠬᠡᠵᠦ ᠨᠡᠷ᠎ᠡ ᠪᠠᠨ ᠰᠤᠯᠢᠵᠤ ᠪᠠᠰᠠ ᠠᠩᠬ᠎ᠠ ᠳᠤᠮᠳᠠᠳᠤ ᠶᠢᠨ ᠠᠩᠬᠢ ᠡᠷᠬᠢᠯᠡᠭᠰᠡᠨ ᠪᠠᠶᠢᠯ᠎ᠠ᠃ ᠬᠡᠪᠡᠴᠦ ᠳᠠᠷᠠᠭ᠎ᠠ ᠵᠢᠯ ᠨᠢ ᠠᠩᠬ᠎ᠠ ᠲᠤᠮᠳᠠᠳᠤ ᠶᠢᠨ ᠠᠩᠬᠢ ᠳᠤ ᠰᠤᠷᠤᠭᠴᠢ ᠡᠯᠰᠡᠬᠦ ᠪᠠᠨ ᠵᠤᠭᠰᠤᠵᠤ᠂ 1970 ᠤᠨ ᠳᠤ ᠴᠢᠶᠠᠨᠵᠢᠨ ᠳᠤᠮᠳᠠᠳᠤ ᠰᠤᠷᠭᠠᠭᠤᠯᠢ ᠶᠢ ᠳᠠᠬᠢᠨ ᠪᠠᠶᠢᠭᠤᠯᠵᠠᠢ᠃
   2009 ᠤᠨ ᠳᠤ᠂ ᠰᠤᠷᠭᠠᠨ ᠬᠦᠮᠦᠵᠢᠯ ᠤᠨ ᠡᠬᠢ ᠪᠠᠶᠠᠯᠢᠭ ᠢ ᠨᠡᠶᠢᠳᠭᠡᠵᠤ᠂ ᠲᠦᠪᠯᠡᠷᠡᠬᠦᠯᠤᠨ ᠰᠤᠷᠭᠠᠭᠤᠯᠢ ᠡᠷᠬᠢᠯᠡᠬᠦ ᠲᠦᠷᠤ ᠶᠢᠨ ᠪᠤᠳᠤᠯᠭ᠎ᠠ ᠪᠠᠷ᠂ ᠭᠠᠭ᠋ᠠᠶᠢᠳᠤ ᠪᠠᠯᠭᠠᠰᠤ ᠶᠢᠨ ᠭᠠᠭ᠋ᠠᠶᠢᠳᠤ ᠲᠤᠮᠳᠠᠳᠤ ᠰᠤᠷᠭᠠᠭᠤᠯᠢ ᠪᠤᠯᠤᠨ ᠭᠠᠭ᠋ᠠᠶᠢᠳᠤ ᠭᠤᠤᠯ ᠪᠠᠭ᠎ᠠ ᠰᠤᠷᠭᠠᠭᠤᠯᠢ ᠶᠢ ᠨᠡᠶᠢᠯᠡᠬᠦᠯᠦᠭᠡᠳ ᠭᠠᠭ᠋ᠠᠶᠢᠳᠤ ᠰᠤᠷᠭᠠᠭᠤᠯᠢ ᠭᠡᠵᠤ ᠨᠠᠷᠠᠯᠠᠵᠤ᠂ ᠠᠩᠬ᠎ᠠ ᠲᠤᠮᠳᠠᠳᠤ ᠶᠢᠨ ᠠᠩᠬᠢ ᠪᠠᠨ ᠬᠠᠰᠤᠵᠠᠢ᠃
   2019 ᠤᠨ ᠳᠤ᠂ ᠭᠡᠤᠭᠡᠳ ᠢ ᠭᠡᠷ ᠠᠴᠠ ᠨᠢ ᠤᠢᠢᠷᠠᠬᠠᠨ ᠰᠤᠷᠭᠠᠭᠤᠯᠢ ᠳᠤ ᠰᠠᠭᠤᠯᠭᠠᠬᠤ ᠱᠠᠭᠠᠷᠳᠠᠯᠭ᠎ᠠ ᠪᠠᠷ᠂ ᠭᠠᠭ᠋ᠠᠶᠢᠳᠤ ᠰᠤᠷᠭᠠᠭᠤᠯᠢ ᠠᠩᠬ᠎ᠠ ᠲᠤᠮᠳᠠᠳᠤ ᠶᠢᠨ ᠠᠩᠬᠢ ᠪᠠᠨ ᠳᠠᠬᠢᠨ ᠰᠡᠷᠬᠦᠭᠡᠪᠠ᠃ ᠵᠣᠬᠢᠶᠠᠭᠴᠢ᠄  ᠰᠤᠷᠤᠨ᠎ᠠ ᠨᠠᠪᠴᠢ ᠪᠤᠤ ᠴᠢᠩ ᠱᠧᠩ ᠰᠢᠨᠡᠪᠢᠯᠢᠭ



  
     
     