 

ᠪᠠᠯᠴᠢᠷᠬᠠᠨ ᠨᠠᠰᠤᠨ ᠳᠤ ᠪᠠᠨ ᠦᠷᠡᠴᠢᠯᠡᠭᠳᠡᠭᠰᠡᠨ ᠮᠣᠩᠭᠣᠯ ᠬᠡᠦᠬᠡᠳ ᠦᠳ ᠡᠬᠡ ᠣᠷᠣᠨ ᠲᠠᠢ ᠪᠠᠨ ᠲᠠᠨᠢᠯᠴᠠᠬᠤ ᠪᠠᠷ ᠢᠷᠡᠵᠡᠢ

2019-07-05 11:07
  780
  0
  ᠮᠣᠩᠭᠣᠯ ᠤᠯᠤᠰ  ᠬᠠᠮᠠᠭᠠᠯᠠᠬᠤ ᠪᠣᠯᠤᠨ ᠤᠯᠤᠰ ᠬᠣᠭᠣᠷᠣᠨᠳᠣ ᠦᠷᠡᠴᠢᠯᠡᠬᠦ ᠠᠰᠠᠭᠤᠳᠠᠯ ᠢᠶᠠᠷ ᠬᠠᠮᠲᠤᠷᠠᠨ ᠠᠵᠢᠯᠯᠠᠬᠤ ᠲᠤᠬᠠᠢ   ᠶᠢᠨ ᠺᠣᠨᠸᠧᠨᠼᠢ ᠳᠤ 1999 ᠣᠨ ᠳᠤ ᠨᠢᠭᠡᠳᠦᠭᠰᠡᠨ ᠣᠷᠣᠭᠰᠠᠨ ᠠᠴᠠ ᠬᠣᠶᠢᠰᠢ ᠥᠨᠥᠳᠥᠷ ᠦᠨ ᠪᠠᠶᠢᠳᠠᠯ ᠢᠶᠠᠷ 270 ᠬᠡᠦᠬᠡᠳ ᠢ 17 ᠣᠷᠣᠨ ᠳᠤ ᠦᠷᠡᠴᠢᠯᠡᠭᠦᠯᠦᠭᠰᠡᠨ ᠪᠠᠶᠢᠨ᠎ᠠ᠃ ᠭᠠᠳᠠᠭᠠᠳᠤ ᠶᠢᠨ ᠢᠷᠭᠡᠨ ᠬᠠᠷᠢᠶᠠᠲᠤ ᠶᠢᠨ ᠭᠠᠵᠠᠷ 2017 ᠣᠨ ᠠᠴᠠ ᠡᠬᠢᠯᠡᠨ ᠮᠣᠩᠭᠣᠯ ᠤᠯᠤᠰ ᠠᠴᠠ ᠭᠠᠳᠠᠭᠠᠳᠤ ᠳᠤ ᠦᠷᠡᠴᠢᠯᠡᠭᠳᠡᠭᠰᠡᠨ ᠬᠡᠦᠬᠡᠳ ᠦᠳ ᠢᠶᠡᠨ ᠬᠦᠯᠢᠶᠡᠨ ᠠᠪᠴᠤ ᠡᠬᠡ ᠣᠷᠣᠨ ᠲᠠᠢ ᠨᠢ ᠲᠠᠨᠢᠯᠴᠠᠭᠤᠯᠬᠤ ᠠᠶᠠᠯᠠᠯ ᠢ ᠵᠣᠬᠢᠶᠠᠨ ᠪᠠᠶᠢᠭᠤᠯᠳᠠᠭ ᠠᠵᠢ᠃ ᠡᠨᠡ ᠬᠦᠷᠢᠶᠡᠨ ᠳᠦ ᠠᠮᠧᠷᠢᠺᠠ ᠶᠢᠨ ᠨᠢᠭᠡᠳᠦᠭᠰᠡᠨ ᠤᠯᠤᠰ ᠶᠢᠨ ᠭᠡᠷ ᠪᠦᠯᠢ ᠳᠦ ᠦᠷᠡᠴᠢᠯᠡᠭᠦᠯᠦᠭᠰᠡᠨ ᠬᠣᠶᠠᠷ ᠬᠡᠦᠬᠡᠳ᠂ ᠠᠪᠤ ᠡᠵᠢ ᠶᠢᠨ ᠢᠶᠡᠨ ᠬᠠᠮᠲᠤ ᠢᠷᠡᠵᠡᠢ᠃ ᠲᠡᠳᠡᠨ ᠢ A.ᠺ ∙ ᠤᠴᠠᠷᠠᠯ᠂ ᠠ᠊ ∙ ᠴ ∙ ᠭᠠᠨᠬᠦᠦ ᠭᠡᠳᠡᠭ ᠪᠥᠭᠡᠳ 14-16 ᠵᠢᠯ ᠦᠨ ᠡᠮᠦᠨ᠎ᠡ ᠠᠮᠧᠷᠢᠺᠠ ᠶᠢᠨ ᠨᠢᠭᠡᠳᠦᠭᠰᠡᠨ ᠤᠯᠤᠰ ᠶᠢᠨ ᠢᠷᠭᠡᠨ ᠴᠢᠷᠠᠯᠧᠰ ᠠᠨᠳᠧᠷᠰᠣᠨ ᠤ ᠭᠡᠷ ᠪᠦᠯᠢ ᠳᠦ ᠦᠷᠡᠴᠢᠯᠡᠭᠳᠡᠭᠰᠡᠨ ᠶᠤᠮ ᠪᠠᠶᠢᠨ᠎ᠠ᠃

  A.ᠺ ∙ ᠤᠴᠠᠷᠠᠯ᠂ ᠠ᠊ ∙ ᠴ ∙ ᠭᠠᠨᠬᠦᠦ ᠨᠠᠷ ᠠᠮᠧᠷᠢᠺᠠ ᠶᠢᠨ ᠨᠢᠭᠡᠳᠦᠭᠰᠡᠨ ᠤᠯᠤᠰ ᠲᠤ ᠲᠥᠪ ᠲᠡᠢ 《ᠬᠣᠯᠠ ᠳᠤ ᠢᠨᠲ᠋ᠧᠷᠨᠡᠰᠢᠩᠯ》 ᠣᠯᠠᠨ ᠤᠯᠤᠰ ᠤᠨ ᠪᠠᠶᠢᠭᠤᠯᠤᠯᠭ᠎ᠠ ᠪᠠᠷ ᠵᠠᠭᠤᠰᠢᠯᠠᠭᠤᠯᠤᠨ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠭᠡᠷ ᠪᠦᠯᠢ ᠳᠦ ᠦᠷᠡᠴᠢᠯᠡᠭᠳᠡᠭᠰᠡᠨ᠃ ᠠᠷᠪᠠᠨ ᠲᠠᠪᠤᠨ ᠵᠢᠯ ᠦᠨ ᠳᠠᠷᠠᠭ᠎ᠠ ᠠᠩᠬ᠎ᠠ ᠤᠳᠠᠭ᠎ᠠ ᠲᠥᠷᠥᠯᠬᠢ ᠡᠬᠡ ᠣᠷᠣᠨ ᠲᠠᠢ ᠪᠠᠨ ᠲᠠᠨᠢᠯᠴᠠᠬᠤ ᠪᠠᠷ ᠢᠷᠡᠭᠰᠡᠨ ᠨᠢ ᠡᠨᠡ᠃ ᠲᠡᠳᠡ ᠡᠨᠡ ᠵᠢᠯ ᠠᠬᠠᠯᠠᠬᠤ ᠰᠤᠷᠭᠠᠭᠤᠯᠢ ᠪᠠᠨ ᠲᠡᠭᠦᠰᠴᠦ᠂ A.ᠺ ∙ ᠤᠴᠠᠷᠠᠯ ᠡᠮᠴᠢ ᠶᠢᠨ ᠮᠡᠷᠭᠡᠵᠢᠯ ᠢᠶᠡᠷ᠂ ᠠ᠊ ∙ ᠴ ∙ ᠭᠠᠨᠬᠦᠦ ᠢᠨᠵᠧᠨᠧᠷ ᠪᠣᠯᠬᠣᠷ ᠺᠣᠯᠯᠧᠵᠢ ᠳᠤ ᠡᠯᠡᠰᠦᠨ ᠰᠤᠷᠤᠯᠴᠠᠬᠤ ᠪᠠᠷ ᠪᠣᠯᠵᠠᠢ᠃ ᠣᠯᠠᠨ ᠵᠢᠯ ᠦᠨ ᠳᠠᠷᠠᠭ᠎ᠠ ᠡᠬᠡ ᠣᠷᠣᠨ ᠳᠤ ᠪᠠᠨ ᠬᠥᠯ ᠲᠠᠯᠪᠢᠭᠰᠠᠨ ᠲᠡᠳᠡᠨ ᠢ      ᠍ ᠤᠨ ᠳᠡᠳ᠋ ᠳᠠᠷᠤᠭ᠎ᠠ ᠳ ∙ ᠲᠦᠪᠰᠢᠨᠲᠡᠷ ᠬᠦᠯᠢᠶᠡᠨ ᠠᠪᠴᠤ ᠠᠭᠤᠯᠵᠠᠨ ᠠᠪᠴᠤ ᠠᠭᠤᠯᠵᠠᠨ ᠮᠣᠩᠭᠣᠯ ᠣᠷᠣᠨ ᠤ ᠰᠤᠶᠤᠯ ᠤᠯᠠᠮᠵᠢᠯᠠᠯ᠂ ᠵᠠᠩᠰᠢᠯ ᠢ ᠬᠠᠷᠠᠭᠤᠯᠤᠭᠰᠠᠨ ᠰᠣᠨᠢᠷᠬᠠᠯᠲᠠᠢ ᠪᠢᠴᠢᠯᠭᠡ ᠦᠵᠡᠭᠦᠯᠵᠦ᠂ ᠤᠷᠲᠤ ᠶᠢᠨ ᠳᠠᠭᠤᠤ ᠪᠠᠷ ᠮᠡᠨᠳᠦᠴᠢᠯᠡᠭᠡ ᠳᠡᠪᠰᠢᠭᠦᠯᠪᠡ᠃ ᠮᠥᠨ ᠡᠴᠢᠭᠡ ᠡᠬᠡ ᠪᠣᠯᠤᠨ ᠬᠡᠦᠬᠡᠳ ᠦᠳ ᠲᠡᠢ ᠶᠠᠷᠢᠶ᠎ᠠ ᠥᠷᠨᠢᠭᠦᠯᠵᠦ᠂ ᠲᠡᠳᠡᠨ ᠦ ᠰᠡᠳᠬᠢᠭᠳᠡᠯ ᠡᠴᠡ ᠬᠤᠪᠢᠶᠠᠯᠴᠠᠭᠰᠠᠨ ᠶᠤᠮ᠃
ᠴᠢᠷᠠᠯᠧᠰ ᠠᠨᠳᠧᠷᠰᠣᠨ ᠤ ᠭᠡᠷ ᠪᠦᠯᠢ ᠳᠥᠷᠪᠡᠨ ᠬᠡᠦᠬᠡᠳ ᠦᠷᠡᠴᠢᠯᠡᠵᠦ ᠠᠪᠤᠭᠰᠠᠨ ᠪᠥᠭᠡᠳ ᠡᠭᠦᠨ ᠦ ᠬᠣᠶᠠᠷ ᠨᠢ ᠮᠣᠩᠭᠣᠯ ᠬᠡᠦᠬᠡᠳ᠃ ᠲᠡᠳᠡ 《ᠣᠳᠣ ᠠᠴᠠ 16 ᠵᠢᠯ ᠦᠨ ᠡᠮᠦᠨ᠎ᠡ ᠤᠴᠠᠷᠠᠯ   ᠦᠷᠡᠴᠢᠯᠡᠵᠦ ᠠᠪᠴᠤ ᠪᠠᠶᠢᠬᠤ ᠳᠤ ᠪᠠᠨ ᠭᠠᠨᠬᠦᠦ ᠬᠦᠦ ᠪᠡᠨ ᠬᠠᠷᠠᠵᠤ ᠪᠠᠶᠢᠭᠰᠠᠨ ᠶᠤᠮ᠃ ᠤᠯᠠᠮ ᠢᠶᠠᠷ ᠬᠣᠶᠠᠷ ᠵᠢᠯ ᠦᠨ ᠳᠠᠷᠠᠭ᠎ᠠ ᠲᠡᠭᠦᠨ ᠢ ᠦᠷᠡᠴᠢᠯᠡᠬᠦ ᠪᠣᠯᠤᠮᠵᠢ ᠨᠢ ᠪᠦᠷᠢᠳᠦᠭᠰᠡᠨ᠃ ᠤᠴᠠᠷᠠᠯ ᠥᠬᠢᠨ ᠮᠢᠨᠢ ᠪᠢᠳᠡᠨ ᠳᠦ ᠮᠣᠩᠭᠣᠯ ᠬᠦᠮᠦᠨ ᠦ ᠦᠨᠡᠲᠦ ᠵᠦᠢᠯ ᠢ ᠲᠠᠨᠢᠭᠤᠯᠵᠤ ᠴᠢᠳᠠᠭᠰᠠᠨ᠃ ᠬᠡᠦᠬᠡᠳ ᠦᠳ ᠢᠶᠡᠷ ᠢᠶᠡᠨ ᠮᠠᠰᠢ ᠶᠡᠬᠡ ᠪᠠᠬᠠᠷᠬᠠᠳᠠᠭ᠃ ᠪᠢᠳᠡᠨ ᠦ ᠬᠡᠦᠬᠡᠳ ᠦᠳ ᠰᠤᠷᠭᠠᠭᠤᠯᠢ ᠠᠴᠠ ᠪᠠᠨ ᠵᠣᠬᠢᠶᠠᠵᠤ ᠪᠤᠢ ᠤᠷᠤᠯᠳᠤᠭᠠᠨ ᠲᠡᠮᠡᠴᠡᠭᠡᠨ ᠳᠦ ᠰᠠᠶᠢᠨ ᠣᠷᠣᠯᠴᠠᠬᠤ ᠶᠢᠨ ᠰᠠᠴᠠᠭᠤ ᠰᠠᠶᠢᠨ ᠳᠤᠷ᠎ᠠ ᠶᠢᠨ ᠠᠵᠢᠯ ᠳᠤ ᠲᠣᠭᠲᠠᠮᠠᠯ ᠬᠠᠮᠤᠷᠤᠭᠳᠠᠳᠠᠭ᠃ ᠮᠣᠩᠭᠣᠯ ᠬᠡᠦᠬᠡᠳ ᠦᠳ ᠦᠨ ᠣᠶᠤᠨ ᠤ ᠴᠢᠳᠠᠮᠵᠢ ᠥᠨᠳᠥᠷ ᠪᠠᠶᠢᠳᠠᠭ ᠨᠢ ᠦᠨᠡᠬᠡᠷ ᠦᠨᠡᠨ᠃ ᠲᠡᠳᠡ ᠠᠯᠢᠪᠠ ᠤᠷᠤᠯᠳᠤᠭᠠᠨ ᠲᠡᠮᠡᠴᠡᠭᠡᠨ ᠢ ᠶᠡᠬᠡᠪᠴᠢᠯᠡᠨ ᠬᠣᠰᠢᠭᠤᠴᠢᠯᠠᠳᠠᠭ᠃ ᠮᠣᠩᠭᠣᠯ ᠬᠡᠦᠬᠡᠳ ᠦᠳ ᠮᠠᠰᠢ ᠤᠬᠠᠭᠠᠨ ᠲᠠᠢ᠃ ᠠᠯᠢᠪᠠ ᠵᠦᠢᠯ ᠢ ᠬᠤᠷᠳᠤᠨ ᠰᠤᠷᠴᠤ᠂ ᠶᠠᠮᠠᠷ ᠴᠤ ᠵᠦᠢᠯ ᠦᠨ ᠲᠡᠷᠢᠭᠦᠨ ᠳᠦ ᠨᠢ ᠪᠠᠶᠢᠳᠠᠭ᠃ ᠬᠡᠦᠬᠡᠳ ᠦᠳ ᠮᠠᠨᠢ ᠬᠣᠶᠠᠷ᠂ ᠳᠥᠷᠪᠡᠨ ᠨᠠᠰᠤᠲᠠᠢ ᠳᠤ ᠪᠠᠨ ᠮᠣᠩᠭᠣᠯ ᠠᠬᠤᠢ ᠰᠤᠶᠤᠯ ᠠᠴᠠ ᠪᠠᠨ ᠬᠣᠯᠠᠳᠠᠭᠰᠠᠨ ᠴᠤ ᠭᠡᠰᠡᠨ ᠮᠣᠩᠭᠣᠯ ᠵᠠᠩ ᠴᠢᠨᠠᠷ ᠨᠢ ᠦᠷᠭᠦᠯᠵᠢ ᠬᠠᠳᠠᠭᠠᠯᠠᠭᠳᠠᠵᠤ ᠪᠠᠶᠢᠳᠠᠭ᠃ ᠡᠨᠡ ᠣᠨᠴᠠᠯᠢᠭ ᠨᠢ ᠣᠯᠠᠨ ᠵᠦᠢᠯ ᠳᠡᠭᠡᠷ᠎ᠡ ᠬᠠᠷᠠᠭᠳᠠᠳᠠᠭ᠃ ᠪᠢᠳᠡ ᠬᠡᠦᠬᠡᠳ ᠦᠳ ᠢᠶᠡᠨ ᠮᠣᠩᠭᠣᠯ ᠠᠬᠤᠢ ᠰᠣᠶᠣᠯ ᠲᠠᠢ ᠨᠢ ᠣᠶᠢᠷ᠎ᠠ ᠪᠠᠶᠢᠯᠭᠠᠬᠤ ᠶᠢᠨ ᠲᠤᠯᠠᠳᠠ ᠠᠮᠧᠷᠢᠺᠠ ᠶᠢᠨ ᠨᠢᠭᠡᠳᠦᠭᠰᠡᠨ ᠤᠯᠤᠰ ᠲᠤ ᠠᠮᠢᠳᠤᠷᠠᠳᠠᠭ ᠮᠣᠩᠭᠣᠯᠴᠤᠳ ᠲᠠᠢ ᠮᠠᠰᠢ ᠳᠣᠲᠣᠨᠣ ᠨᠠᠶᠢᠵᠠ ᠨᠤᠭᠤᠳ ᠪᠣᠯᠤᠭᠰᠠᠨ᠃ ᠬᠡᠦᠬᠡᠳ ᠦᠳ ᠮᠠᠨᠢ ᠲᠡᠳᠡᠨ ᠡᠴᠡ ᠤᠯᠠᠮᠵᠢᠯᠠᠯᠲᠤ ᠬᠣᠭᠣᠯᠠ᠂ ᠮᠡᠨᠳᠦᠯᠡᠬᠦ ᠬᠦᠨᠳᠦᠯᠡᠬᠦ ᠰᠣᠶᠣᠯ ᠢ ᠰᠤᠷᠤᠯᠴᠠᠵᠤ ᠪᠠᠶᠢᠨ᠎ᠠ᠃ ᠪᠢᠳᠡ ᠭᠡᠷ ᠪᠦᠯᠢ ᠪᠡᠷ ᠢᠶᠡᠨ ᠬᠡᠪ ᠦᠨ ᠪᠣᠣᠪᠣ ᠬᠢᠵᠦ ᠰᠤᠷᠠᠭᠰᠠᠨ᠃ ᠣᠳᠣ ᠮᠣᠩᠭᠣᠯ ᠠᠴᠠ ᠶᠠᠪᠤᠬᠤ ᠳᠤ ᠪᠠᠨ ᠣᠯᠠᠨ ᠲᠥᠷᠥᠯ ᠦᠨ ᠬᠡ ᠤᠭᠠᠯᠵᠠ ᠲᠠᠢ ᠬᠡᠪ ᠠᠪᠴᠤ ᠶᠠᠪᠤᠨ᠎ᠠ.》 ᠬᠡᠮᠡᠨ ᠶᠠᠷᠢᠵᠤ ᠪᠠᠶᠢᠯ᠎ᠠ᠃

  ᠪᠢᠳᠡ ᠠᠭᠤᠯᠵᠠᠯᠲᠠ ᠶᠢᠨ ᠦᠶ᠎ᠡ ᠪᠡᠷ A.ᠺ ∙ ᠤᠴᠠᠷᠠᠯ᠂ ᠠ᠊ ∙ ᠴ ∙ ᠭᠠᠨᠬᠦᠦ ᠨᠠᠷᠠᠲᠠᠢ ᠴᠥᠭᠡᠨ ᠬᠣᠷᠤᠮ ᠶᠠᠷᠢᠯᠴᠠᠭᠰᠠᠨ ᠶᠤᠮ᠃

-ᠲᠠ ᠬᠣᠶᠠᠷ ᠮᠠᠨᠢ ᠣᠳᠣ ᠠᠴᠠ 14-16 ᠵᠢᠯ ᠦᠨ ᠡᠮᠦᠨ᠎ᠡ ᠠᠮᠧᠷᠢᠺᠠ ᠶᠢᠨ ᠨᠢᠭᠡᠳᠦᠭᠰᠡᠨ ᠤᠯᠤᠰ ᠶᠢᠨ ᠭᠡᠷ ᠪᠦᠯᠢ ᠳᠦ ᠦᠷᠡᠴᠢᠯᠡᠭᠳᠡᠭᠰᠡᠨ ᠴᠤ ᠭᠡᠰᠡᠨ ᠮᠣᠩᠭᠣᠯ ᠠᠬᠤᠢ ᠰᠤᠶᠤᠯ ᠢᠶᠠᠨ ᠮᠠᠷᠲᠠᠭ᠎ᠠ ᠦᠭᠡᠢ ᠳᠦ ᠮᠠᠰᠢ ᠶᠡᠬᠡ ᠪᠠᠬᠠᠷᠬᠠᠵᠤ ᠪᠠᠶᠢᠨ᠎ᠠ᠃ ᠡᠬᠡ ᠣᠷᠣᠨ ᠳᠤ ᠪᠠᠨ ᠢᠷᠡᠭᠡᠳ ᠬᠠᠮᠤᠭ ᠤᠨ ᠲᠦᠷᠦᠭᠦᠨ ᠳᠦ ᠤᠤ ᠬᠢᠬᠦ ᠶᠢ ᠬᠦᠰᠡᠪᠡ?

-A.ᠺ ∙ ᠤᠴᠠᠷᠠᠯ᠄ ᠪᠢ ᠬᠣᠶᠠᠷ ᠨᠠᠰᠤ ᠲᠠᠢ ᠳᠠᠭᠠᠨ ᠠᠮᠧᠷᠢᠺᠠ ᠶᠢᠨ ᠨᠢᠭᠡᠳᠦᠭᠰᠡᠨ ᠤᠯᠤᠰ ᠲᠤ ᠦᠷᠡᠴᠢᠯᠡᠭᠳᠡᠭᠰᠡᠨ 16 ᠵᠢᠯ ᠦᠨ ᠳᠠᠷᠠᠭ᠎ᠠ ᠡᠬᠡ ᠣᠷᠣᠨ ᠳᠤ ᠪᠠᠨ ᠢᠷᠡᠵᠦ ᠪᠠᠶᠢᠨ᠎ᠠ᠃ ᠬᠡᠦᠬᠡᠳ ᠪᠠᠶᠢᠬᠤ ᠠᠴᠠ ᠪᠠᠨ ᠯᠠ ᠮᠣᠩᠭᠣᠯ ᠤᠨ ᠢᠶᠠᠨ ᠥᠪ ᠰᠤᠶᠤᠯ᠂ ᠤᠯᠠᠮᠵᠢᠯᠠᠯ ᠢ ᠮᠠᠷᠲᠠᠬᠤ ᠦᠭᠡᠢ ᠪᠠᠶᠢᠬᠤ ᠶᠢ ᠬᠢᠴᠢᠶᠡᠭᠰᠡᠭᠡᠷ ᠢᠷᠡᠭᠰᠡᠨ᠃ ᠲᠡᠷᠡ ᠲᠤᠰᠤᠮ ᠢᠶᠠᠨ ᠮᠣᠩᠭᠣᠯ ᠬᠡᠯᠡ ᠪᠡᠨ ᠬᠡᠵᠢᠶ᠎ᠡ ᠴᠤ ᠮᠠᠷᠲᠠᠵᠤ ᠪᠣᠯᠬᠤ ᠦᠭᠡᠢ ᠬᠡᠮᠡᠨ ᠪᠣᠳᠣᠳᠠᠭ᠃ ᠡᠮᠦᠨ᠎ᠡ ᠨᠢ ᠮᠣᠩᠭᠣᠯ ᠤᠨ ᠲᠠᠯ᠎ᠠ ᠪᠠᠷ ᠦᠵᠡᠵᠦ᠂ ᠰᠤᠳᠤᠯᠵᠤ ᠪᠠᠶᠢᠭᠰᠠᠨ ᠵᠦᠢᠯᠡᠰ ᠲᠡᠢ ᠪᠡᠨ ᠪᠡᠶᠡᠴᠢᠯᠡᠵᠦ ᠲᠠᠨᠢᠯᠴᠠᠵᠤ ᠪᠠᠶᠢᠭ᠎ᠠ ᠳᠤ ᠪᠠᠨ ᠮᠠᠰᠢ ᠶᠡᠬᠡ ᠪᠠᠶᠠᠷᠲᠠᠢ ᠪᠠᠶᠢᠨ᠎ᠠ᠃ ᠲᠥᠷᠦᠯᠬᠢ ᠬᠡᠯᠡ ᠪᠡᠷ ᠢᠶᠡᠨ ᠮᠣᠩᠭᠣᠯ ᠲᠦᠮᠡᠨ ᠲᠡᠢ ᠪᠡᠨ ᠶᠠᠷᠢᠬᠤ ᠶᠢ ᠬᠦᠰᠡᠳᠡᠭ ᠪᠠᠶᠢᠭᠰᠠᠨ᠃
ᠠ᠊ ∙ ᠴ ∙ ᠭᠠᠨᠬᠦᠦ᠄ ᠪᠢ ᠳᠥᠷᠪᠡᠨ ᠨᠠᠰᠤᠲᠠᠢ ᠳᠤ ᠪᠠᠨ ᠦᠷᠡᠴᠢᠯᠡᠭᠳᠡᠭᠰᠡᠨ᠃ 14 ᠵᠢᠯ ᠦᠨ ᠳᠠᠷᠠᠭ᠎ᠠ ᠲᠥᠷᠥᠯᠬᠢ ᠡᠬᠡ ᠣᠷᠣᠨ ᠳᠤ ᠪᠠᠨ ᠢᠷᠡᠯ᠎ᠡ᠃ ᠮᠠᠰᠢ ᠶᠡᠬᠡ ᠪᠠᠶᠠᠷᠲᠠᠢ ᠪᠠᠶᠢᠨ᠎ᠠ᠃ ᠡᠬᠡ ᠣᠷᠣᠨ ᠳᠤ ᠪᠠᠨ ᠢᠷᠡᠬᠦ ᠡᠴᠡ ᠪᠡᠨ ᠡᠮᠦᠨ᠎ᠡ ᠪᠢ ᠬᠥᠳᠡᠭᠡ ᠠᠶᠠᠯᠠᠵᠤ᠂ ᠨᠡᠭᠦᠳᠡᠯᠴᠢᠨ ᠠᠬᠤᠢ ᠠᠮᠢᠳᠤᠷᠠᠯ᠂ ᠰᠣᠶᠣᠯ ᠢ ᠨᠢᠳᠦ ᠪᠡᠷ ᠢᠶᠡᠨ ᠦᠵᠡᠬᠦ ᠶᠢ ᠬᠦᠰᠡᠭᠰᠡᠨ᠃ ᠮᠥᠨ ᠡᠳᠦᠷ ᠪᠦᠷᠢ ᠲᠤᠰᠬᠠᠢ ᠪᠠᠶᠠᠷ ᠤᠨ ᠵᠣᠭᠣᠭ ᠢ ᠪᠢᠰᠢ ᠮᠣᠩᠭᠣᠯᠴᠤᠳ ᠤᠨ ᠢᠶᠠᠨ ᠢᠳᠡᠵᠦ ᠤᠮᠳᠠᠯᠠᠳᠠᠭ ᠡᠩ ᠦᠨ ᠬᠣᠭᠣᠯᠠ ᠬᠦᠨᠡᠰᠦ ᠶᠢ ᠠᠮᠲᠠᠯᠠᠵᠤ ᠪᠠᠶᠢᠭ᠎ᠠ ᠮᠢᠨᠢ ᠦᠨᠡᠬᠡᠷ ᠰᠠᠶᠢᠬᠠᠨ ᠰᠠᠨᠠᠭᠳᠠᠵᠤ ᠪᠠᠶᠢᠨ᠎ᠠ.
-ᠮᠣᠩᠭᠣᠯ ᠳᠤ ᠢᠷᠡᠬᠦ ᠡᠴᠡ ᠪᠡᠨ ᠡᠮᠦᠨ᠎ᠡ ᠡᠬᠡ ᠣᠷᠣᠨ ᠤ ᠪᠠᠨ ᠲᠠᠯ᠎ᠠ ᠪᠠᠷ ᠬᠢᠷᠢ ᠶᠡᠬᠡ ᠰᠤᠳᠤᠯᠤᠭᠰᠠᠨ ᠪᠤᠢ᠃ ᠬᠥᠭᠵᠢᠯ ᠦᠨ ᠬᠤᠪᠢ ᠳᠤ ᠪᠣᠳᠣᠵᠤ ᠪᠠᠶᠢᠭᠰᠠᠨ ᠠᠴᠠ ᠴᠢᠨᠢ ᠢᠯᠭᠠᠭ᠎ᠠ ᠲᠠᠢ ᠪᠠᠶᠢᠨ᠎ᠠ ᠤᠤ?
-A.ᠺ ∙ ᠤᠴᠠᠷᠠᠯ᠄ ᠮᠣᠩᠭᠣᠯᠴᠤᠳ ᠮᠠᠨᠢ ᠮᠠᠰᠢ ᠥᠭᠭᠢᠶᠡᠮᠦᠷ ᠨᠢᠩᠵᠢᠨ ᠭᠡᠳᠡᠭ ᠢ ᠬᠠᠷᠠᠭᠰᠠᠨ ᠢᠶᠠᠨ ᠣᠨᠴᠠᠯᠠᠮᠠᠷ ᠪᠠᠶᠢᠨ᠎ᠠ᠃ ᠮᠥᠨ ᠠᠯᠢᠪᠠ ᠠᠵᠢᠯ ᠢ ᠬᠢᠬᠦ ᠳᠦ ᠪᠡᠨ ᠮᠠᠰᠢ ᠲᠤᠤᠱᠲᠠᠢ ᠪᠠᠶᠢᠳᠠᠯ ᠢᠶᠠᠷ ᠭᠦᠢᠴᠡᠳᠭᠡᠳᠡᠭ᠂ ᠬᠡᠵᠢᠶ᠎ᠡ ᠴᠤ ᠤᠬᠤᠷᠢᠬᠤ ᠦᠭᠡᠢ ᠪᠡᠷ ᠤᠷᠤᠭᠰᠢᠯᠠᠳᠠᠭ ᠬᠠᠨᠳᠤᠯᠭ᠎ᠠ ᠨᠢ ᠮᠢᠨᠦ ᠰᠡᠳᠬᠢᠯ ᠳᠦ ᠦᠨᠡᠬᠡᠷ ᠬᠦᠷᠴᠦ ᠴᠢᠳᠠᠭᠰᠠᠨ ᠰᠢᠦ᠃ ᠤᠯᠠᠭᠠᠨᠪᠠᠭᠠᠲᠤᠷ ᠬᠣᠲᠠ ᠶᠢᠨ  ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠵᠠᠷᠢᠮ   ᠨᠤᠭᠤᠳ ᠠᠴᠠ ᠢᠯᠡᠭᠦᠦ ᠪᠠᠶᠢᠭ᠎ᠠ ᠶᠢ ᠬᠠᠷᠠᠭᠠᠳ ᠪᠠᠶᠠᠷᠲᠠᠢ ᠪᠠᠶᠢᠭ᠎ᠠ᠃ ᠬᠥᠳᠡᠭᠡ ᠣᠷᠣᠨ ᠨᠤᠲᠤᠭ ᠮᠢᠨᠤ ᠰᠤᠳᠤᠯᠵᠤ ᠪᠠᠶᠢᠭᠰᠠᠨ ᠰᠢᠭ ᠰᠣᠶᠣᠯ᠂ ᠥᠪ ᠤᠯᠠᠮᠵᠢᠯᠠᠯ ᠢᠶᠠᠨ ᠬᠠᠳᠠᠭᠠᠯᠠᠭᠰᠠᠨ ᠪᠠᠶᠢᠭ᠎ᠠ ᠶᠢ ᠨᠢ ᠬᠠᠷᠠᠭᠠᠳ ᠮᠠᠰᠢ ᠶᠡᠬᠡ ᠪᠠᠬᠠᠷᠬᠠᠭᠰᠠᠨ᠃
ᠠ᠊ ∙ ᠴ ∙ ᠭᠠᠨᠬᠦᠦ᠄ ᠤᠯᠠᠭᠠᠨᠪᠠᠭᠠᠲᠤᠷ ᠬᠣᠲᠠ ᠶᠢᠨ  ᠪᠢᠳᠡᠨ ᠢ ᠭᠠᠶᠢᠬᠠᠰᠢᠷᠠᠭᠤᠯᠤᠭᠰᠠᠨ᠃ ᠠᠮᠧᠷᠢᠺᠠ ᠳᠤ ᠪᠠᠶᠢᠳᠠᠭ ᠰᠢᠭ ᠦᠨ᠎ᠡ ᠲᠡᠢ ᠲᠣᠮᠣ ᠵᠣᠴᠢᠳ ᠪᠠᠭᠤᠳᠠᠯ ᠤᠳ᠂ ᠮᠥᠨ ᠰᠡᠭᠦᠯ ᠦᠨ ᠦᠶ᠎ᠡ ᠶᠢᠨ ᠵᠠᠭᠪᠤᠷ ᠤᠨ ᠮᠠᠰᠢᠨ ᠨᠤᠭᠤᠳ ᠢ ᠤᠯᠠᠭᠠᠨᠪᠠᠭᠠᠲᠤᠷ ᠬᠣᠲᠠ ᠶᠢᠨ ᠵᠠᠮ ᠳᠡᠭᠡᠷ᠎ᠡ ᠶᠠᠪᠤᠵᠤ ᠪᠠᠶᠢᠬᠤ ᠶᠢ ᠬᠠᠷᠠᠭᠠᠳ ᠡᠬᠡ ᠣᠷᠣᠨ ᠤ ᠮᠢᠨᠢ   ᠦᠨ ᠨᠢᠭᠡ ᠬᠡᠯᠪᠡᠷᠢ ᠪᠣᠯᠪᠠ ᠤᠤ ᠭᠡᠵᠦ ᠪᠣᠳᠣᠭᠰᠠᠨ᠃ ᠡᠬᠡ ᠣᠷᠣᠨ ᠳᠤ ᠪᠠᠨ ᠢᠷᠡᠭᠰᠡᠨ ᠳᠦ ᠪᠡᠨ ᠮᠠᠰᠢ ᠶᠡᠬᠡ ᠪᠠᠶᠠᠷᠲᠠᠢ ᠪᠠᠶᠢᠨ᠎ᠠ᠃

  -ᠲᠠ ᠬᠣᠶᠠᠷ ᠠᠪᠤ᠂ ᠡᠵᠢ ᠬᠣᠶᠠᠷ ᠤᠨ ᠢᠶᠠᠨ ᠶᠠᠮᠠᠷ ᠵᠠᠩ ᠴᠢᠨᠠᠷ ᠢ ᠬᠦᠨᠳᠦᠯᠡᠳᠡᠭ ᠪᠤᠢ᠃ ᠠᠪᠤ ᠡᠵᠢ ᠨᠢ  ᠭᠡᠵᠦ ᠰᠤᠷᠭᠠᠳᠠᠭ ᠪᠤᠢ?

-A.ᠺ ∙ ᠤᠴᠠᠷᠠᠯ᠄ ᠠᠪᠤ ᠡᠵᠢ ᠮᠢᠨᠢ ᠮᠠᠰᠢ ᠰᠠᠶᠢᠬᠠᠨ ᠰᠡᠳᠬᠢᠯ ᠲᠡᠢ ᠬᠦᠮᠦᠰ᠃ ᠪᠢᠳᠡᠨ ᠳᠦ ᠦᠷᠭᠦᠯᠵᠢ ᠨᠢᠩᠵᠢᠨ ᠰᠠᠶᠢᠬᠠᠨ ᠰᠡᠳᠬᠢᠯ ᠲᠡᠢ ᠪᠠᠶᠢᠬᠤ ᠶᠢ ᠵᠢᠭᠠᠵᠤ ᠵᠥᠪᠯᠡᠳᠡᠭ᠃ ᠠᠪᠤ ᠡᠵᠢ ᠳᠦ ᠪᠡᠨ ᠮᠠᠰᠢ ᠶᠡᠬᠡ ᠲᠠᠯᠠᠷᠬᠠᠵᠤ ᠶᠠᠪᠤᠳᠠᠭ᠃ ᠭᠠᠨᠬᠦᠦ ᠪᠢᠳᠡ ᠬᠣᠶᠠᠷ ᠢ ᠶᠠᠭ ᠯᠠ ᠢᠬᠡᠷ᠎ᠡ ᠬᠡᠦᠬᠡᠳ ᠰᠢᠭ ᠥᠰᠬᠡᠭᠰᠡᠨ᠃ ᠪᠢᠳᠡ ᠬᠣᠶᠠᠷ ᠤᠷᠢᠳᠤ ᠨᠢ ᠨᠢᠭᠡ ᠠᠰᠠᠷᠠᠮᠵᠢ ᠶᠢᠨ ᠭᠠᠵᠠᠷ ᠲᠤ ᠪᠠᠶᠢᠭᠰᠠᠨ ᠶᠤᠮ᠃ ᠨᠢᠭᠡ ᠠᠶᠢᠯ ᠳᠤ ᠦᠷᠡᠴᠢᠯᠡᠭᠳᠡᠭᠰᠡᠨ ᠳᠦ ᠪᠡᠨ ᠦᠷᠭᠦᠯᠵᠢ ᠲᠠᠯᠠᠷᠬᠠᠵᠤ ᠶᠠᠪᠤᠳᠠᠭ᠃

ᠠ᠊ ∙ ᠴ ∙ ᠭᠠᠨᠬᠦᠦ᠄ ᠠᠪᠤ ᠡᠵᠢ ᠬᠣᠶᠠᠷ ᠮᠠᠨᠢ ᠤᠴᠠᠷᠠᠯ ᠪᠣᠯᠤᠨ ᠪᠤᠰᠤᠳ ᠠᠬ᠎ᠠ ᠳᠡᠭᠦᠰ ᠢ ᠮᠢᠨᠢ ᠶᠠᠮᠠᠷ ᠴᠤ ᠨᠥᠬᠥᠴᠡᠯ ᠦᠭᠡᠢ ᠪᠡᠷ᠂ ᠬᠠᠷᠢᠭᠤ ᠨᠡᠬᠡᠯ ᠦᠭᠡᠢ ᠬᠠᠶᠢᠷᠠᠯᠠᠳᠠᠭ᠃ ᠡᠨᠡ ᠴᠢᠨᠠᠷ ᠢ ᠨᠢ ᠪᠢ ᠦᠨᠡᠬᠡᠷ ᠬᠦᠨᠳᠦᠯᠡᠳᠡᠭ᠃ ᠮᠥᠨ ᠲᠡᠳᠡ ᠤᠴᠠᠷᠠᠯ ᠡᠭᠡᠴᠢ ᠪᠢᠳᠡ ᠬᠣᠶᠠᠷ ᠠᠴᠠ ᠭᠠᠳᠠᠨ᠎ᠠ ᠬᠣᠶᠠᠷ ᠬᠡᠦᠬᠡᠳ ᠦᠷᠡᠴᠢᠯᠡᠭᠰᠡᠨ᠃ ᠦᠨᠡᠬᠡᠷ ᠥᠷᠦ ᠵᠥᠭᠡᠯᠡᠨ ᠬᠦᠮᠦᠰ ᠰᠢᠦ᠃

-ᠢᠷᠡᠭᠡᠳᠦᠢ ᠳᠦ ᠡᠬᠡ ᠣᠷᠣᠨ ᠳᠤ ᠪᠠᠨ ᠬᠢᠬᠦ ᠶᠢ ᠬᠦᠰᠡᠭᠰᠡᠨ ᠵᠦᠢᠯ ᠪᠠᠶᠢᠳᠠᠭ ᠤᠤ᠃ ᠮᠣᠩᠭᠣᠯ ᠳᠤ ᠪᠠᠨ ᠠᠮᠢᠳᠤᠷᠠᠬᠤ ᠲᠠᠯ᠎ᠠ ᠪᠠᠷ ᠪᠣᠳᠣᠵᠤ ᠪᠠᠶᠢᠭᠰᠠᠨ ᠤᠤ?

-A.ᠺ ∙ ᠤᠴᠠᠷᠠᠯ᠄ ᠣᠳᠣ ᠪᠠᠷ ᠶᠠᠮᠠᠷ ᠨᠢᠭᠡᠨ ᠰᠢᠢᠳᠪᠦᠷᠢ ᠭᠠᠷᠭᠠᠭ᠎ᠠ ᠦᠭᠡᠢ ᠪᠠᠶᠢᠨ᠎ᠠ᠃ ᠭᠡᠰᠡᠨ ᠴᠤ ᠵᠢᠯ ᠪᠦᠷᠢ ᠶᠢᠨ ᠵᠤᠨ ᠡᠬᠡ ᠣᠷᠣᠨ ᠳᠤ ᠪᠠᠨ ᠵᠠᠪᠠᠯ ᠢᠷᠡᠵᠦ ᠪᠠᠶᠢᠬᠤ ᠪᠠᠷ ᠲᠥᠯᠥᠪᠯᠡᠭᠰᠡᠨ᠃ ᠮᠣᠩᠭᠣᠯ ᠳᠤ ᠪᠠᠨ ᠪᠠᠶᠢᠬᠤ ᠬᠤᠭᠤᠴᠠᠭᠠᠨ ᠳᠤ ᠪᠠᠨ ᠠᠰᠠᠷᠠᠮᠵᠢ ᠶᠢᠨ ᠭᠠᠵᠠᠷ ᠤᠨ ᠬᠡᠦᠬᠡᠳ ᠦᠳ ᠦᠨ ᠰᠤᠷᠤᠯᠭ᠎ᠠ᠂ ᠮᠡᠳᠡᠯᠭᠡ ᠶᠢᠨ ᠲᠦᠪᠰᠢᠨ ᠳᠦ ᠪᠠᠭ᠎ᠠ ᠴᠤ ᠪᠣᠯᠪᠠ ᠬᠤᠪᠢ ᠨᠡᠮᠡᠷᠢ ᠣᠷᠣᠭᠤᠯᠵᠤ᠂ ᠲᠤᠰᠠᠯᠠᠨ᠎ᠠ ᠭᠡᠵᠦ ᠪᠣᠳᠣᠵᠤ ᠪᠠᠶᠢᠨ᠎ᠠ᠃

ᠠ᠊ ∙ ᠴ ∙ ᠭᠠᠨᠬᠦᠦ᠄ ᠪᠢ ᠡᠬᠡ ᠣᠷᠣᠨ ᠳᠤ ᠪᠠᠨ ᠠᠮᠢᠳᠤᠷᠠᠵᠤ ᠲᠡᠦᠬᠡ ᠰᠣᠶᠣᠯ᠂ ᠥᠪ ᠤᠯᠠᠮᠵᠢᠯᠠᠯ ᠢᠶᠠᠨ ᠮᠡᠳᠡᠵᠦ᠂ ᠮᠣᠩᠭᠣᠯ ᠬᠦᠮᠦᠨ ᠭᠡᠳᠡᠭ ᠢᠶᠡᠨ ᠮᠡᠳᠡᠷᠡᠬᠦ ᠶᠢ ᠬᠦᠰᠡᠳᠡᠭ᠃ ᠮᠥᠨ ᠣᠳᠣ ᠰᠤᠷᠴᠤ ᠪᠠᠶᠢᠭ᠎ᠠ ᠮᠡᠷᠭᠡᠵᠢᠯ ᠦᠨ ᠢᠶᠡᠨ ᠳᠠᠭᠠᠤ ᠠᠮᠧᠷᠢᠺᠠ ᠶᠢᠨ ᠨᠢᠭᠡᠳᠦᠭᠰᠡᠨ ᠤᠯᠤᠰ ᠤᠨ ᠮᠤᠨᠳᠠᠭ ᠢᠨᠵᠧᠨᠧᠷ ᠦᠳ ᠢ ᠮᠣᠩᠭᠣᠯ ᠤᠨ ᠢᠨᠵᠧᠨᠧᠷ ᠦᠳ ᠲᠡᠢ ᠠᠭᠤᠯᠵᠠᠭᠤᠯᠤᠨ ᠲᠤᠷᠰᠢᠯᠭ᠎ᠠ ᠰᠣᠯᠢᠯᠴᠠᠨ᠂ ᠬᠠᠮᠲᠤᠷᠠᠵᠤ ᠠᠵᠢᠯᠯᠠᠬᠤ ᠶᠢ ᠬᠦᠰᠡᠳᠡᠭ᠃ ᠢᠷᠡᠭᠡᠳᠦᠢ ᠳᠦ ᠵᠠᠪᠠᠯ ᠪᠡᠶᠡᠯᠡᠭᠦᠯᠬᠦ ᠪᠣᠯᠤᠨ᠎ᠠ᠃

  ᠠᠭᠤᠯᠵᠠᠯᠲᠠ ᠶᠢᠨ ᠲᠡᠭᠦᠰᠬᠡᠯ ᠳᠦ       ᠍ ᠤᠨ ᠳᠡᠳ᠋ ᠳᠠᠷᠤᠭ᠎ᠠ ᠳ ∙ ᠲᠦᠪᠰᠢᠨᠲᠡᠷ ᠬᠦᠯᠢᠶᠡᠨ ᠠᠪᠴᠤ ᠠᠭᠤᠯᠵᠠᠨ 《ᠮᠣᠩᠭᠣᠯ ᠤᠯᠤᠰ ᠤᠨ ᠬᠠᠷᠢᠶᠠᠲᠤ ᠬᠡᠦᠬᠡᠳ ᠢ ᠵᠥᠪᠬᠡᠨ ᠲᠡᠳᠡᠨ ᠦ ᠰᠠᠶᠢᠨ ᠰᠠᠶᠢᠬᠠᠨ ᠪᠠᠶᠢᠳᠠᠯ᠂ ᠠᠰᠢᠭ ᠰᠣᠨᠢᠷᠬᠠᠯ ᠤᠨ ᠡᠭᠦᠳᠡᠨ ᠡᠴᠡ ᠭᠠᠳᠠᠭᠠᠳᠤ ᠶᠢᠨ ᠢᠷᠭᠡᠨ᠂ ᠭᠡᠷ ᠪᠦᠯᠢ ᠳᠦ ᠦᠷᠡᠴᠢᠯᠡᠭᠦᠯᠳᠡᠭ᠃ ᠡᠨᠡ ᠴᠤ ᠤᠳᠬ᠎ᠠ ᠪᠠᠷ ᠢᠶᠠᠨ ᠦᠷᠡᠴᠢᠯᠡᠭᠳᠡᠭᠰᠡᠨ ᠬᠡᠦᠬᠡᠳ ᠢ ᠲᠤᠬᠠᠢ ᠶᠢᠨ ᠭᠡᠷ ᠪᠦᠯᠢ ᠳᠦ ᠬᠡᠪ ᠦᠨ ᠥᠰᠴᠢ ᠪᠣᠶᠢᠵᠢᠬᠤ᠂ ᠠᠶᠤᠯ ᠦᠭᠡᠢ ᠤᠷᠴᠢᠨ ᠳᠤ ᠠᠮᠢᠳᠤᠷᠠᠬᠤ᠂ ᠰᠤᠷᠴᠤ ᠪᠣᠯᠪᠠᠰᠤᠷᠠᠬᠤ᠂ ᠡᠷᠬᠡ ᠪᠡᠨ ᠬᠠᠮᠠᠭᠠᠯᠠᠭᠤᠯᠬᠤ ᠪᠦᠬᠦ ᠨᠥᠬᠥᠴᠡᠯ ᠢᠶᠡᠷ ᠬᠠᠩᠭᠠᠬᠤ᠂ ᠠᠭᠤᠭᠤᠯ ᠡᠬᠡ ᠣᠷᠣᠨ᠂ ᠶᠣᠰᠣ ᠵᠠᠩᠰᠢᠯ᠂ ᠲᠡᠦᠬᠡ ᠰᠤᠶᠤᠯ ᠤᠯᠠᠮᠵᠢᠯᠠᠯ ᠢ ᠲᠠᠨᠢᠨ ᠮᠡᠳᠡᠬᠦ ᠪᠣᠯᠤᠮᠵᠢ ᠪᠠᠷ  ᠲᠠᠯ᠎ᠠ ᠪᠠᠷ ᠦᠷᠡᠴᠢᠯᠡᠭᠴᠢ ᠡᠴᠢᠭᠡ᠂ ᠡᠬᠡ᠂ ᠵᠠᠭᠤᠴᠢᠯᠠᠭᠴᠢ ᠪᠠᠶᠢᠭᠤᠯᠤᠯᠭ᠎ᠠ ᠲᠠᠢ ᠭᠤᠷᠪᠠᠨ ᠲᠠᠯ᠎ᠠ ᠳᠤ ᠭᠡᠷ᠎ᠡ ᠪᠠᠶᠢᠭᠤᠯᠵᠤ ᠠᠵᠢᠯᠯᠠᠳᠠᠭ᠃ ᠤᠭ ᠭᠡᠷ᠎ᠡ ᠶᠢᠨ ᠳᠠᠭᠠᠤ ᠦᠷᠡᠴᠢᠯᠡᠯᠲᠡ ᠶᠢᠨ ᠳᠠᠷᠠᠭᠠᠬᠢ ᠬᠡᠦᠬᠡᠳ ᠦᠨ   ᠦᠨ ᠲᠠᠯᠠᠭᠠᠷᠬᠢ ᠲᠠᠶᠢᠯᠠᠩ ᠢ ᠵᠢᠯ ᠲᠤᠲᠤᠮ ᠲᠤᠬᠠᠢ ᠶᠢᠨ ᠤᠯᠤᠰ ᠤᠨ ᠡᠷᠬᠡ ᠪᠦᠬᠦᠢ ᠪᠠᠶᠢᠭᠤᠯᠤᠯᠭ᠎ᠠ ᠠᠴᠠ ᠲᠣᠮᠢᠯᠠᠭᠳᠠᠭᠰᠠᠨ ᠨᠡᠶᠢᠭᠡᠮ ᠦᠨ ᠠᠵᠢᠯᠲᠠᠨ ᠢᠶᠠᠷ ᠬᠢᠯᠭᠡᠵᠦ᠂ ᠲᠣᠭᠲᠠᠮᠠᠯ ᠬᠢᠨᠠᠯᠲᠠ ᠲᠠᠯᠪᠢᠳᠠᠭ ᠶᠤᠮ᠃ ᠥᠨᠥᠳᠥᠷ ᠦᠨ ᠠᠭᠤᠯᠵᠠᠯᠲᠠ ᠦᠷᠡᠴᠢᠯᠡᠭᠳᠡᠭᠰᠡᠨ ᠬᠡᠦᠬᠡᠳ ᠦᠳ ᠲᠦ ᠡᠬᠡ ᠣᠷᠣᠨ᠂ ᠥᠪ ᠰᠣᠶᠣᠯ᠂ ᠦᠦᠬᠦ ᠲᠡᠦᠬᠡ ᠶᠢ ᠲᠠᠨᠢᠭᠤᠯᠬᠤ ᠳᠤ ᠴᠢᠭᠯᠡᠭᠰᠡᠨ᠃ ᠬᠡᠦᠬᠡᠳ ᠦᠳ ᠮᠠᠨᠢ ᠳᠡᠭᠡᠳᠦ ᠪᠣᠯᠪᠠᠰᠤᠷᠠᠯ ᠡᠵᠡᠮᠰᠢᠬᠦ ᠪᠣᠯᠵᠤ᠂ ᠠᠪᠢᠶᠠᠰ ᠴᠢᠳᠠᠪᠤᠷᠢ᠂ ᠠᠮᠵᠢᠯᠲᠠ ᠪᠦᠲᠦᠭᠡᠯ ᠠᠷᠪᠢᠨ᠂ ᠡᠷᠡᠭᠦᠯ ᠰᠠᠷᠠᠭᠤᠯ᠂ ᠨᠢᠳᠦᠨ ᠦ ᠭᠠᠯ ᠴᠣᠭ ᠳᠦᠭᠦᠷᠡᠩ ᠪᠠᠶᠢᠭ᠎ᠠ ᠶᠢ ᠬᠠᠷᠠᠬᠤ ᠰᠠᠶᠢᠬᠠᠨ ᠪᠠᠶᠢᠨ᠎ᠠ᠃ ᠡᠨᠡ ᠥᠷᠭᠦᠭᠡᠨ ᠦ ᠬᠠᠭᠠᠯᠭ᠎ᠠ ᠳᠡᠯᠭᠡᠭᠡ ᠲᠡᠢ ᠪᠠᠶᠢᠭ᠎ᠠ ᠰᠢᠭ ᠡᠬᠡ ᠣᠷᠣᠨ ᠮᠣᠩᠭᠣᠯ ᠲᠠᠨᠢ ᠲᠠ ᠪᠦᠬᠦᠨ ᠳᠦ ᠦᠷᠭᠦᠯᠵᠢ ᠨᠡᠭᠡᠭᠡᠯᠲᠡ ᠲᠡᠢ ᠪᠠᠶᠢᠨ᠎ᠠ ᠰᠢᠦ᠃  ᠮᠡᠷᠭᠡᠵᠢᠯ ᠳᠦ ᠪᠡᠨ ᠡᠵᠡᠨ ᠪᠣᠯᠵᠤ᠂ ᠰᠠᠶᠢᠨ ᠡᠮᠴᠢ᠂ ᠰᠠᠶᠢᠨ ᠢᠨᠵᠧᠨᠧᠷ ᠪᠣᠯᠤᠭᠠᠷᠠᠢ》 ᠬᠡᠮᠡᠨ ᠬᠦᠰᠡᠭᠰᠡᠨ ᠶᠤᠮ᠃

  ᠤᠬᠠᠭᠠᠨ ᠰᠠᠭᠤᠭ᠎ᠠ ᠦᠭᠡᠢ ᠪᠠᠯᠴᠢᠷᠬᠠᠨ ᠨᠠᠰᠤᠨ ᠳᠤ ᠪᠠᠨ ᠦᠷᠡᠴᠢᠯᠡᠭᠳᠡᠭᠰᠡᠨ ᠮᠣᠩᠭᠣᠯ ᠬᠡᠦᠬᠡᠳ ᠦᠳ ᠶᠠᠮᠠᠷ ᠴᠤ ᠬᠠᠷᠢᠭᠤ ᠨᠡᠬᠡᠬᠦ ᠦᠭᠡᠢ ᠪᠡᠷ ᠬᠠᠶᠢᠷᠠᠯᠠᠳᠠᠭ ᠠᠪᠤ᠂ ᠡᠵᠢ ᠶᠢᠨ ᠢᠶᠡᠨ ᠬᠠᠶᠢᠷᠠᠨ ᠳᠤ ᠢᠨᠢᠶᠡᠳᠦ ᠬᠥᠭᠡᠷ᠂ ᠠᠵᠠ ᠵᠢᠷᠭᠠᠯ ᠲᠠᠢ ᠡᠯᠢᠭᠡ ᠪᠦᠲᠦᠨ ᠰᠠᠶᠢᠬᠠᠨ ᠠᠮᠢᠳᠤᠷᠠᠵᠤ ᠪᠠᠶᠢᠨ᠎ᠠ᠃ ᠳᠠᠰᠢᠷᠠᠮ ᠳᠤ ᠳᠤᠷᠠᠳᠬᠤ ᠳᠤ᠂ ᠮᠣᠩᠭᠣᠯ ᠤᠯᠤᠰ 《ᠬᠡᠦᠬᠡᠳ ᠬᠠᠮᠠᠭᠠᠯᠠᠬᠤ ᠪᠣᠯᠤᠨ ᠤᠯᠤᠰ ᠬᠣᠭᠣᠷᠣᠨᠳᠣ ᠦᠷᠡᠴᠢᠯᠡᠬᠦ ᠠᠰᠠᠭᠤᠳᠠᠯ ᠢᠶᠠᠷ ᠬᠠᠮᠲᠤᠷᠠᠨ ᠠᠵᠢᠯᠯᠠᠬᠤ ᠲᠤᠬᠠᠢ   ᠶᠢᠨ ᠺᠣᠨᠸᠧᠨᠼᠣᠳ 1999 ᠣᠨ ᠳᠤ ᠨᠢᠭᠡᠳᠴᠡᠢ᠃ ᠥᠨᠥ ᠶᠢᠨ ᠪᠠᠶᠢᠳᠠᠯ ᠢᠶᠠᠷ᠂ 270 ᠬᠡᠦᠬᠡᠳ ᠢ 17 ᠣᠷᠣᠨ ᠪᠤᠶᠤ ᠠᠮᠧᠷᠢᠺᠠ ᠶᠢᠨ ᠨᠢᠭᠡᠳᠦᠭᠰᠡᠨ ᠤᠯᠤᠰ᠂  ᠂ ᠹᠷᠠᠨᠼᠢ ᠵᠡᠷᠭᠡ ᠣᠷᠣᠨ ᠤ ᠭᠡᠷ ᠪᠦᠯᠢ ᠳᠦ ᠦᠷᠡᠴᠢᠯᠡᠭᠦᠯᠦᠭᠰᠡᠨ ᠪᠠᠶᠢᠨ᠎ᠠ᠃ ᠲᠣᠳᠣᠷᠠᠭᠤᠯᠪᠠᠯ᠂ ᠠᠮᠧᠷᠢᠺᠠ ᠶᠢᠨ ᠨᠢᠭᠡᠳᠦᠭᠰᠡᠨ ᠤᠯᠤᠰ ᠳᠦ 156᠂  ᠍ ᠳᠦ 34᠂ ᠹᠷᠠᠨᠼᠢ ᠳᠤ 20 ᠬᠡᠦᠬᠡᠳ ᠦᠷᠡᠴᠢᠯᠡᠵᠡᠢ᠃



  
     
     