

ᠤᠳᠬ᠎ᠠ ᠶᠢᠨ ᠴᠢᠮᠡᠭ ᠬᠡᠷᠡᠯᠳᠦᠭᠰᠡᠨ ︽ᠵᠢᠷᠢᠮ ᠤᠨ ᠤᠷᠠᠨ ᠵᠤᠬᠢᠶᠠᠯ︾

2019-08-09 17:28
  2124
  0
    1977 ᠤᠨ ᠳᠤ ᠬᠡᠪᠯᠡᠯ ᠡᠬᠢᠯᠡᠭᠰᠡᠨ ︽ᠵᠢᠷᠢᠮ ᠤᠨ ᠤᠷᠠᠨ ᠵᠤᠭᠢᠶᠠᠯ︾ ᠪᠤᠯ ᠪᠦᠬᠦ ᠤᠷᠤᠨ ᠤ ᠠᠶᠢᠮᠠᠭ ᠬᠤᠳᠠ ᠶᠢᠨ ᠲᠡᠰ ᠤᠨ ᠰᠡᠳᠬᠦᠯ ᠤᠨ ᠲᠤᠳᠤᠷ᠎ᠠ ᠬᠠᠮᠤᠭ ᠤᠨ ᠡᠷᠳᠡ ᠬᠡᠪᠯᠡᠯ ᠡᠬᠢᠯᠡᠭᠰᠡᠨ ᠰᠡᠳᠬᠦᠯ ᠪᠤᠯᠤᠨ᠎ᠠ᠃ ᠲᠤᠰ ᠰᠡᠳᠬᠦᠯ ᠨᠢ ᠬᠡᠪᠯᠡᠯ ᠡᠬᠢᠯᠡᠭᠰᠡᠨ ᠠᠴᠠ ᠨᠠᠭᠠᠰᠢ᠂ ᠤᠭ ᠰᠠᠨᠠᠭ᠎ᠠ ᠪᠠᠨ ᠦᠯᠦ ᠮᠡᠷᠳᠡᠨ᠂ ︽ᠨᠡᠶᠢᠬᠡᠮ ᠵᠢᠷᠦᠮ ᠳᠤ ᠦᠢᠯᠡᠴᠢᠯᠡᠬᠦ᠂ ᠠᠷᠠᠳ ᠲᠦᠮᠡᠨ ᠳᠤ ᠦᠢᠯᠡᠴᠢᠯᠡᠬᠦ︾ ᠴᠢᠭᠯᠡᠯ᠂ ︽ᠰᠡᠳᠬᠦᠯ ᠡᠷᠬᠢᠯᠡᠵᠤ᠂ ᠰᠡᠬᠡᠬᠡᠷᠠᠯ ᠢ ᠤᠷᠢᠶᠠᠯᠠᠨ᠂ ᠰᠤᠶᠤᠯ ᠢᠶᠠᠨ ᠬᠦᠭᠵᠢᠬᠦᠯᠬᠦ︾ ᠵᠤᠷᠢᠯᠳᠠ ᠪᠠᠨ ᠢᠮᠠᠬᠳᠠ ᠴᠢᠩᠭ᠎ᠠ ᠪᠠᠷᠢᠮᠳᠠᠯᠠᠵᠤ᠂ ᠵᠠᠯᠠᠭᠤ ᠤᠷᠠᠨ ᠪᠦᠳᠦᠬᠡᠯᠴᠢᠳ ᠢ ᠬᠦᠮᠦᠵᠢᠬᠦᠯᠦᠨ᠂ ᠦᠷᠬᠡᠨ ᠤᠯᠠᠨ ᠠᠷᠠᠳ ᠲᠦᠮᠡᠨ ᠳᠡᠭᠡᠨ ᠤᠶᠤᠨ ᠤ ᠬᠦᠨᠡᠰᠦ ᠶᠢ ᠬᠠᠩᠭᠠᠵᠤ᠂ ᠤᠷᠤᠬᠰᠢ ᠲᠠᠪᠰᠢᠬᠤ ᠳᠤᠨᠢ ᠬᠡᠷᠡᠯ ᠬᠡᠬᠡ᠂ ᠵᠦᠭ ᠴᠢᠭᠯᠡᠯ ᠢ ᠵᠢᠭᠠᠵᠤ ᠶᠠᠪᠤᠯ᠎ᠠ᠃ ᠡᠨᠡ ᠳ᠋ᠤᠭᠠᠷ ᠢᠶᠠᠷ ᠲᠤᠰ ᠰᠡᠳᠬᠦᠯ ᠤᠨ ᠶᠡᠷᠦᠩᠬᠡᠢ ᠨᠠᠶᠢᠷᠠᠭᠤᠯᠤᠬᠴᠢ ᠪᠠᠢ ᠶᠢᠨ ᠱᠧᠩ ᠯᠦᠭᠡ ᠶᠢᠨ ᠶᠠᠷᠢᠯᠴᠠᠭ᠎ᠠ ᠶᠢ ᠨᠡᠶᠢᠳᠡᠯᠡᠵᠤ᠂ ︽ᠵᠢᠷᠢᠮ ᠤᠨ ᠤᠷᠠᠨ ᠵᠤᠬᠢᠶᠠᠯ︾ ᠤᠨ ᠲᠦᠴᠢ ᠭᠠᠷᠤᠢ ᠵᠢᠯ ᠤᠨ ᠬᠦᠭᠵᠢᠯᠳᠠ ᠶᠢᠨ ᠠᠶᠠᠨ ᠢ ᠡᠷᠬᠢᠴᠡᠬᠦᠯᠵᠤ ᠪᠠᠶᠢᠨ᠎ᠠ᠃ 
    ᠰᠤᠷᠪᠤᠯᠵᠢᠯᠠᠬᠴᠢ᠄ ︽ᠵᠢᠷᠢᠮ ᠤᠨ ᠤᠷᠠᠨ ᠵᠤᠬᠢᠶᠠᠯ︾ ᠰᠡᠳᠬᠦᠯ ᠢ ᠬᠡᠷᠬᠢᠨ ᠡᠬᠦᠰᠬᠡᠨ ᠡᠷᠬᠢᠯᠡᠭᠰᠡᠨ ᠵᠢᠴᠢ 40 ᠭᠠᠷᠤᠢ ᠵᠢᠯ ᠤᠨ ᠲᠤᠷᠰᠢᠬᠢ ᠬᠦᠭᠵᠢᠯᠳᠠ ᠬᠤᠪᠢᠷᠠᠯᠳᠠ ᠶᠢᠨ ᠲᠤᠬᠠᠢ ᠶᠠᠷᠢᠭᠠᠳ ᠦᠭᠬᠦᠨᠡᠦ︖
   ᠪᠠᠢ ᠶᠢᠨ ᠱᠧᠩ᠄ ︽ᠵᠢᠷᠢᠮ ᠤᠨ ᠤᠷᠠᠨ ᠵᠤᠬᠢᠶᠠᠯ︾ ᠮᠡᠨᠳᠦᠯᠡᠭᠰᠡᠨ ᠡᠬᠢ ᠡᠬᠦᠰᠦᠯ ᠤᠨ ᠲᠤᠬᠠᠢ ᠶᠠᠷᠢᠪᠠᠯ᠂ 1976 ᠤᠨ ᠤ 3 ᠰᠠᠷ᠎ᠠ ᠠᠴᠠ ᠶᠠᠷᠢᠬᠤ ᠴᠢᠬᠤᠯᠠᠳᠠᠢ᠃ ᠲᠤᠬᠠᠢ ᠶᠢᠨ ᠦᠶ᠎ᠠ ᠳᠤ ᠵᠢᠷᠢᠮ ᠠᠶᠢᠮᠠᠭ ᠤᠨ ᠰᠤᠶᠤᠯ ᠤᠨ ᠲᠤᠪᠴᠢᠶᠠᠨ ᠤ ᠲᠠᠷᠤᠭ᠎ᠠ ᠪᠠᠶᠢᠬᠰᠠᠨ ᠬᠡᠷᠡᠯᠳᠤ ᠭᠤᠸᠠᠢ᠂ ᠵᠢᠷᠢᠮ ᠠᠶᠢᠮᠠᠭ ᠲᠤ ᠮᠤᠩᠭᠤᠯ ᠤᠷᠠᠨ ᠵᠤᠬᠢᠶᠠᠯ ᠤᠨ ᠰᠡᠳᠬᠦᠯ ᠡᠷᠬᠢᠯᠡᠬᠦ ᠪᠠ ᠮᠤᠩᠭᠤᠯ ᠤᠷᠠᠯᠢᠭ ᠤᠨ ᠰᠤᠷᠭᠠᠭᠤᠯᠢ ᠪᠠᠶᠢᠭᠤᠯᠬᠤ ᠲᠦᠯᠦᠪᠯᠡᠭᠡ ᠭᠠᠷᠭᠠᠵᠤ᠂ ᠡᠬᠦᠨ ᠢᠶᠠᠨ ᠰᠤᠶᠤᠯ ᠤᠨ ᠲᠤᠪᠴᠢᠶᠠᠨ ᠤ ᠬᠤᠷᠠᠯ ᠢᠶᠠᠷ ᠲᠡᠮᠵᠢᠭᠤᠯᠤᠨ ᠲᠤᠬᠠᠢ ᠶᠢᠨ ᠦᠶ᠎ᠠ ᠶᠢᠨ ᠬᠢᠷᠢᠨ ᠮᠤᠵᠢ ᠶᠢᠨ ᠨᠠᠮ ᠤᠨ ᠬᠤᠷᠢᠶ᠎ᠠ᠂ ᠬᠤᠪᠢᠰᠬᠠᠯ ᠤᠨ ᠵᠦᠪᠯᠡᠯ ᠵᠢᠴᠢ ᠵᠢᠷᠢᠮ ᠠᠶᠢᠮᠠᠭ ᠤᠨ ᠨᠠᠮ ᠤᠨ ᠬᠤᠷᠢᠶ᠎ᠠ᠂ ᠬᠤᠪᠢᠰᠬᠠᠯ ᠤᠨ ᠵᠦᠪᠯᠡᠯ ᠳᠤ ᠮᠡᠳᠡᠬᠦᠯᠦᠭᠰᠡᠨ ᠪᠠᠶᠢᠨ᠎ᠠ᠃ 7 ᠰᠠᠷ᠎ᠠ ᠶᠢᠨ 1 ᠤ ᠡᠳᠦᠷ᠂ ︽ᠵᠢᠷᠢᠮ ᠤᠨ ᠤᠷᠠᠨ ᠵᠤᠬᠢᠶᠠᠯ︾ ᠰᠡᠳᠬᠦᠯ ᠡᠷᠬᠢᠯᠡᠬᠦ ᠶᠢ ᠮᠤᠵᠢ ᠶᠢᠨ ᠨᠠᠮ ᠤᠨ ᠬᠤᠷᠢᠶᠠᠨ ᠤ ᠤᠳᠤᠷᠢᠳᠤᠯᠭ᠎ᠠ ᠨᠡᠷ ᠵᠦᠪᠳᠡᠵᠤ ᠵᠦᠪᠰᠢᠶᠡᠷᠡᠭᠰᠡᠡ ᠪᠠᠶᠢᠨ᠎ᠠ᠃ ᠲᠡᠬᠡᠬᠡᠳ᠂ ᠲᠦᠩᠯᠢᠶᠤᠤ ᠶᠢᠨ ᠪᠠᠭᠰᠢ ᠶᠢᠨ ᠲᠡᠬᠡᠳᠤ ᠰᠤᠷᠭᠠᠭᠤᠯᠢ ᠳᠤ ᠪᠠᠭᠰᠢᠯᠠᠵᠤ ᠪᠠᠶᠢᠬᠰᠠᠨ ᠬᠠᠨ ᠲᠤᠭᠤ᠂ ᠵᠢᠷᠢᠮ ᠠᠶᠢᠮᠠᠭ ᠤᠨ ᠪᠠᠭᠰᠢ ᠶᠢᠨ ᠰᠤᠷᠭᠠᠭᠤᠯᠢ ᠠᠴᠠ ᠲᠡᠬᠦᠰᠦᠭᠰᠡᠨ ᠵᠡᠮᠰᠦ᠋ᠷᠦᠩ ᠵᠢᠴᠢ ᠴᠠᠩ ᠴᠢᠩ ᠬᠤᠸᠠ᠂ ᠵᠠᠯᠭᠠᠮᠵᠢ ᠵᠡᠷᠬᠡ ᠬᠦᠮᠦᠰ ᠲᠤᠰ ᠲᠤᠰ ᠠᠵᠢᠯ ᠰᠢᠯᠵᠢᠨ ᠢᠷᠡᠵᠤ ᠰᠡᠳᠬᠦᠯ ᠡᠷᠬᠢᠯᠡᠬᠦ ᠪᠡᠯᠡᠳᠬᠡᠯ ᠠᠵᠢᠯ ᠢ ᠬᠢᠵᠡᠢ᠃ 1977 ᠤᠨ ᠤ 3 ᠰᠠᠷ᠎ᠠ ᠳᠤ᠂ ︽ᠵᠢᠷᠢᠮ ᠤᠨ ᠤᠷᠠᠨ ᠵᠤᠬᠢᠶᠠᠯ︾ ᠤᠨ ᠶᠡᠷᠦᠩᠬᠡᠢ ᠨᠠᠶᠢᠷᠠᠭᠤᠯᠬᠤ ᠬᠡᠯᠳᠡᠰ ᠪᠠᠶᠢᠭᠤᠯᠤᠬᠳᠠᠵᠤ᠂ ᠵᠢᠷᠢᠮ ᠠᠶᠢᠮᠠᠭ ᠤᠨ ᠰᠤᠶᠤᠯ ᠤᠨ ᠲᠤᠪᠴᠢᠶᠠᠨ ᠤ ᠲᠠᠷᠤᠭ᠎ᠠ ᠬᠡᠷᠡᠯᠳᠤ ᠭᠤᠸᠠᠢ ᠶᠡᠷᠦᠩᠬᠡᠢ ᠨᠠᠶᠢᠷᠠᠭᠤᠯᠤᠬᠴᠢ ᠶᠢ ᠬᠠᠪᠰᠤᠷᠭᠠᠨ ᠬᠠᠷᠢᠭᠤᠴᠠᠵᠤ᠂ ᠷᠢᠨᠴᠢᠨᠳᠦᠷᠵᠢ ᠲᠡᠳ᠋ ᠶᠡᠷᠦᠩᠬᠡᠢ ᠨᠠᠶᠢᠷᠠᠭᠤᠯᠤᠬᠴᠢ᠂ ᠪᠦᠷᠢᠨᠪᠡᠶᠡᠷ ᠵᠦᠪᠯᠡᠯ ᠤᠨ ᠬᠡᠰᠢᠬᠦᠨ᠂ ᠵᠠᠯᠭᠠᠮᠵᠢ᠂ ᠬᠠᠨ ᠲᠤᠭᠤ᠂ ᠴᠠᠩ ᠴᠢᠩ ᠬᠤᠸᠠ᠂ ᠵᠡᠮᠰᠦ᠋ᠷᠦᠩ᠂ ᠲᠡᠬᠦᠰ ᠨᠡᠶᠢᠷᠠᠭᠤᠯᠤᠬᠴᠢ ᠪᠠᠷ ᠠᠵᠢᠯᠯᠠᠵᠤ᠂ ᠮᠦᠨ ᠵᠢᠯ ᠤᠨ 3 ᠰᠠᠷ᠎ᠠ ᠳᠤ ︽ᠵᠢᠷᠢᠮ ᠤᠨ ᠤᠷᠠᠨ ᠵᠤᠬᠢᠶᠠᠯ︾ ᠰᠡᠳᠬᠦᠯ ᠤᠨ ᠠᠩᠬᠠᠨ ᠤ ᠳ᠋ᠤᠭᠠᠷ 5000 ᠲᠡᠪᠳᠡᠷ ᠬᠡᠪᠯᠡᠭᠳᠡᠪᠡ᠃ 1978 ᠤᠨ ᠳᠤ ᠨᠠᠶᠢᠷᠠᠭᠤᠯᠬᠤ ᠭᠡᠯᠳᠡᠰ ᠤᠨ ᠠᠵᠢᠯ ᠤᠨ ᠬᠤᠪᠢᠶᠠᠷᠢ ᠦᠨᠳᠦᠰᠦᠨ ᠳᠡᠭᠡᠨ ᠲᠤᠬᠳᠠᠵᠤ᠂ ︽ᠵᠢᠷᠢᠮ ᠤᠨ ᠤᠷᠠᠨ ᠵᠤᠬᠢᠶᠠᠯ︾ ᠤᠨ ᠨᠠᠶᠢᠷᠠᠭᠤᠯᠤᠬᠴᠢ ᠶᠢᠨ ᠬᠠᠮᠤᠭ ᠤᠨ ᠠᠩᠬᠠᠨ ᠤ ᠡᠩᠨᠡᠭᠡ ᠵᠢᠩᠬᠢᠨᠢ ᠪᠠᠷ ᠪᠦᠷᠢᠯᠳᠦᠭᠰᠡᠨ ᠶᠤᠮ᠃ ᠡᠶᠢᠨ ᠬᠦ᠂ ︽ᠵᠢᠷᠢᠮ ᠤᠨ ᠤᠷᠠᠨ ᠵᠤᠬᠢᠶᠠᠯ︾ ᠰᠡᠳᠬᠦᠯ ᠨᠢ ᠨᠠᠮ ᠵᠠᠰᠠᠭ ᠤᠨ ᠬᠠᠶᠢᠷ᠎ᠠ ᠬᠠᠯᠠᠮᠵᠢ ᠵᠢᠴᠢ ᠦᠶ᠎ᠠ ‍ᠦᠶ᠎ᠠ ᠶᠢᠨ ᠨᠠᠶᠢᠷᠠᠭᠤᠯᠤᠬᠴᠢ ᠨᠡᠷ ᠤᠨ ᠤᠢᠢᠭ᠎ᠠ ᠦᠬᠡᠢ ᠵᠤᠷᠢᠭ ᠰᠠᠨᠠᠭ᠎ᠠ᠂ ᠦᠭᠬᠢᠶᠡᠮᠦᠷ ᠰᠡᠳᠬᠢᠯᠳᠤ ᠵᠤᠬᠢᠶᠡᠨ ᠪᠦᠳᠦᠬᠡᠭᠴᠢᠳ᠂ ᠤᠩᠰᠢᠬᠴᠢᠳ ᠤᠨ ᠬᠠᠯᠠᠭᠤᠨ ᠲᠡᠮᠵᠢᠯᠬᠡ᠂ ᠬᠦᠴᠦᠳᠤ ᠵᠤᠷᠢᠬᠵᠢᠭᠤᠯᠤᠯ ᠲᠤᠤᠷ᠎ᠠ 40 ᠵᠢᠯ ᠤᠨ ᠬᠠᠪᠤᠷ ᠨᠠᠮᠤᠷ ᠢ ᠲᠤᠭᠤᠯᠵᠤ᠂ ᠮᠤᠩᠭᠤᠯ ᠰᠤᠶᠤᠯ ᠤᠨ ᠠᠨᠠᠪᠠᠳ ᠲᠠᠯᠠᠢ ᠶᠢᠨ ᠤᠷᠳᠤ ᠶᠢᠨ ᠤᠷᠳᠤ ᠤᠷᠤᠰᠬᠠᠯ ᠳᠤ ᠲᠡᠳᠡᠷᠠᠰᠢ ᠦᠬᠡᠢ ᠲᠤᠷᠪᠢᠳᠤ ᠴᠢᠳᠬᠤᠯᠠᠩ ᠪᠤᠯᠵᠤ᠂ ᠡᠳᠦᠬᠡ ᠪᠤᠯᠳᠠᠯ᠎ᠠ ᠨᠢᠬᠡᠨᠳᠡ ᠲᠠᠪᠤᠨ ᠮᠢᠩᠭᠠᠨ ᠲᠦᠮᠡᠨ ᠦᠰᠦᠭ ᠪᠦᠬᠦᠢ ᠵᠤᠬᠢᠶᠠᠯ ᠪᠦᠳᠦᠬᠡᠯ ᠢ ᠨᠡᠶᠢᠳᠡᠯᠡᠵᠤ᠂ ᠰᠤᠳᠤᠨ ᠰᠠᠶᠢᠬᠠᠨ ᠪᠦᠳᠦᠬᠡᠯ ᠢ ᠠᠷᠠᠳ ᠤᠯᠠᠨ ᠳᠠᠭᠠᠨ ᠬᠦᠷᠭᠡᠭᠰᠡᠬᠡᠷ ᠢᠷᠡᠵᠡᠢ᠃ 
   ᠰᠤᠷᠪᠤᠯᠵᠢᠯᠠᠬᠴᠢ᠄ ︽ᠵᠢᠷᠢᠮ ᠤᠨ ᠤᠷᠠᠨ ᠵᠤᠬᠢᠶᠠᠯ︾ ᠰᠡᠳᠬᠦᠯ ᠨᠢ 40 ᠭᠠᠷᠤᠢ ᠵᠢᠯ ᠤᠨ ᠲᠤᠷᠰᠢ ᠤᠷᠠᠨ ᠵᠤᠬᠢᠶᠠᠯ ᠤᠨ ᠪᠠᠭ᠋ᠠᠳᠠᠳ ᠵᠢᠴᠢ ᠦᠷᠬᠡᠨ ᠤᠯᠠᠨ ᠤᠩᠰᠢᠬᠴᠢᠳ ᠤᠨ ᠢᠶᠠᠨ ᠬᠠᠯᠠᠭᠤᠨ ᠬᠦᠷᠢᠶᠡᠯᠡᠯ ᠢ ᠤᠯᠤᠬᠰᠠᠭᠠᠷ ᠢᠷᠡᠭᠰᠡᠨ ᠪᠠᠶᠢᠨ᠎ᠠ᠃ ᠡᠨᠡ ᠨᠢ ᠦᠶ᠎ᠠ ‍ᠦᠶ᠎ᠠ ᠶᠢᠨ ᠨᠠᠶᠢᠷᠠᠭᠤᠯᠤᠬᠴᠢᠳ ᠤᠨ ᠴᠢᠷᠮᠠᠶᠢᠯᠭ᠎ᠠ ᠠᠴᠠ ᠰᠠᠯᠵᠤ ᠴᠢᠳᠠᠬᠤ ᠦᠬᠡᠢ᠃ ᠲᠤᠰ ᠰᠡᠳᠬᠦᠯ ᠤᠨ ᠨᠠᠶᠢᠷᠠᠭᠤᠯᠤᠬᠴᠢᠳ ᠤᠨ ᠡᠩᠨᠡᠭᠡ ᠶᠢ ᠡᠷᠬᠢᠴᠡᠬᠦᠯᠪᠡᠯ︖ ᠲᠤᠰ ᠰᠡᠳᠬᠦᠯ ᠳᠤ ᠨᠠᠶᠢᠳᠠᠯᠡᠭᠳᠡᠵᠤ ᠦᠩᠭᠡᠷᠡᠭᠰᠡᠨ ᠨᠠᠷᠠᠳᠤ ᠵᠤᠬᠢᠶᠠᠯ ᠪᠦᠳᠦᠬᠡᠯ ᠠᠴᠠ ᠵᠢᠬᠰᠠᠭᠠᠪᠠᠯ︖ 
   ᠪᠠᠢ ᠶᠢᠨ ᠱᠧᠩ᠄ ︽ᠵᠢᠷᠢᠮ ᠤᠨ ᠤᠷᠠᠨ ᠵᠤᠬᠢᠶᠠᠯ︾ ᠰᠡᠳᠬᠦᠯ ᠨᠢ ᠦᠨᠦᠳᠦᠷ ᠪᠤᠯᠳᠠᠯ᠎ᠠ ᠬᠡᠪᠯᠡᠭᠳᠡᠵᠤ ᠢᠷᠡᠭᠰᠡᠨ ᠨᠢ ᠨᠠᠮ ᠵᠠᠰᠠᠭ ᠤᠨ ᠬᠠᠶᠢᠷ᠎ᠠ ᠬᠠᠯᠠᠮᠵᠢ ᠠᠴᠠ ᠰᠠᠯᠵᠤ ᠴᠢᠳᠡᠬᠤ ᠦᠬᠡᠢ ᠮᠦᠷᠳᠡᠬᠡᠨ ᠬᠡᠳᠦᠨ ᠦᠶ᠎ᠠ ᠶᠢᠨ ᠨᠠᠶᠢᠷᠠᠭᠤᠯᠤᠬᠴᠢ ᠨᠡᠷ ᠤᠨ ᠮᠤᠩᠭᠤᠯ ᠰᠤᠶᠤᠯ ᠢᠶᠠᠨ ᠬᠡᠬᠦ‍ ᠨᠢᠬᠡ ᠦᠵᠦᠬᠦᠷᠳᠤ ᠰᠡᠳᠬᠢᠯ ᠢᠶᠠᠷ ᠮᠤᠬᠤᠰᠢ ᠦᠬᠡᠢ ᠵᠤᠷᠢᠭ ᠢᠶᠠᠷ ᠰᠢᠷᠭᠠᠭᠤ ᠴᠢᠷᠮᠠᠶᠢᠵᠤ ᠢᠷᠡᠭᠰᠡᠨ ᠠᠴᠠ ᠰᠠᠯᠵᠤ ᠴᠢᠳᠡᠬᠤ ᠦᠬᠡᠢ ᠶᠤᠮ᠃ ᠠᠬᠠᠮᠠᠳ ᠢᠳᠡᠷ ᠵᠠᠯᠠᠭᠤ ᠭᠤᠷᠪᠠᠨ ᠦᠶ᠎ᠠ ᠶᠢᠨ ᠨᠠᠶᠢᠷᠠᠭᠤᠯᠤᠬᠴᠢ ᠨᠡᠷ ᠠᠴᠠ ᠲᠤᠷᠠᠳᠪᠠᠯ᠂ ᠰᠢᠷᠡᠮᠦ᠂ ᠵᠠᠯᠭᠠᠮᠵᠢ᠂ ᠲᠡᠮᠦᠷᠭᠤᠤᠯᠳᠤ᠂ ᠷᠢᠨᠴᠢᠨᠳᠤᠷᠵᠢ᠂ ᠲᠡᠬᠦᠰ᠂ ᠦ᠊ · ᠭᠠᠨᠵᠤᠤᠷᠵᠠᠪ᠂ ᠬᠠᠨ ᠲᠤᠭᠤ᠂ ᠬᠠᠰᠪᠠᠭᠠᠨ᠎ᠠ᠂ ᠴᠠᠩ ᠴᠢᠩ ᠬᠤᠸᠠ᠂ ᠵᠠᠮᠰᠦ᠋ᠷᠦᠩ᠂ ᠪᠦᠷᠢᠨᠪᠡᠶᠡᠷ᠂ ᠰ᠊ · ᠪᠠᠭᠠᠳᠤᠷ᠂ ᠬᠡᠰᠢᠭ᠂ ᠮᠢᠩᠭᠠᠨᠪᠠᠭᠠᠳᠤᠷ᠂ ᠬᠡᠷᠡᠯᠳᠤ᠂ ᠭᠤᠤᠯᠳᠤ᠂ ᠪᠠᠢ ᠶᠢᠨ ᠱᠧᠩ᠂ ᠪᠤᠤ ᠶᠢᠨ ᠱᠠᠨ᠂ ᠫ᠊ · ᠤᠶᠦᠨᠪᠢᠯᠢᠭ᠂ ᠯᠦᠸᠧ ᠱᠢ ᠶᠠᠨ᠂ ᠵᠢᠮᠢᠰ ᠨᠡᠷ ᠪᠤᠢ᠃ ᠲᠡᠳᠡ ᠨᠡᠷ ᠤᠨ ᠤᠯᠠᠩᠬᠢ ᠨᠢ ᠴᠦᠮ ᠤᠷᠨᠨ ᠵᠤᠬᠢᠶᠠᠯ ᠳᠤ ᠲᠤᠷ᠎ᠠ ᠪᠠᠬ᠎ᠠ ᠲᠠᠢ ᠪᠠᠶᠢᠵᠤ᠂ ᠤᠷᠤᠨ ᠤ ᠲᠤᠳᠤᠨ᠎ᠠ ᠭᠠᠳᠠᠨᠠᠬᠢ ᠰᠤᠨᠢᠨ ᠰᠡᠳᠬᠦᠯ ᠢᠶᠠᠷ ᠦᠪᠡᠷ ᠤᠨ ᠵᠤᠬᠢᠶᠠᠯ ᠪᠦᠳᠦᠬᠡᠯ ᠢᠶᠠᠨ ᠨᠠᠶᠢᠳᠡᠯᠡᠬᠦᠯᠵᠤ ᠪᠠᠶᠢᠬᠰᠠᠨ ᠪᠦᠬᠡᠳ ᠦᠪᠡᠷ ᠤᠨ ᠨᠤᠮ ᠲᠡᠬᠦᠪᠦᠷᠢ ᠲᠠᠢ᠂ ᠵᠠᠷᠢᠮ ᠨᠢ ᠮᠠᠨ ᠤ ᠤᠷᠤᠨ ᠤ ᠨᠠᠷᠡᠳᠤ ᠵᠤᠬᠢᠶᠠᠯᠴᠢᠳ ᠪᠠᠶᠢᠵᠤ᠂ ᠮᠤᠩᠭᠤᠯ ᠤᠷᠠᠨ ᠵᠤᠭᠢᠶᠠᠯ ᠤᠨ ᠦᠢᠯᠡᠰ ᠤᠨ ᠬᠦᠭᠵᠢᠯᠳᠠ ᠬᠢᠬᠡᠳ ᠤᠷᠠᠨ ᠵᠤᠬᠢᠶᠠᠯ ᠤᠨ ᠦᠢ ᠤᠯᠠᠨ ᠰᠢᠨ᠎ᠠ ᠬᠦᠴᠦᠳᠡᠨ ᠢ ᠬᠦᠮᠦᠵᠢᠬᠦᠯᠬᠦ ᠳᠤ ᠦᠪᠡᠷ ᠤᠨ ᠬᠦᠴᠦᠨ ᠴᠢᠳᠡᠯ ᠢᠶᠠᠨ ᠨᠠᠮᠠᠷᠢᠯᠡᠭᠰᠡᠨ ᠶᠤᠮ᠃
   ᠵᠢᠱᠢᠶᠡᠯᠡᠪᠡᠯ᠂ ᠠᠬᠠᠮᠠᠳ ᠨᠠᠶᠢᠷᠠᠭᠤᠯᠤᠬᠴᠢ ᠷᠢᠨᠴᠢᠨᠳᠤᠷᠵᠢ᠂ ᠪᠤᠰᠤᠳ ᠲᠠᠢ ᠬᠤᠷᠰᠢᠨ ᠡᠷᠳᠡᠨ ᠤ ᠨᠡᠷᠡᠳᠤ ᠪᠦᠳᠦᠬᠡᠯ ︽ᠪᠢᠴᠢᠭ ᠤᠨ ᠮᠡᠷᠬᠡᠳ ᠤᠨ ᠰᠤᠯᠠ ᠱᠠᠰᠳᠢᠷ︾ ᠢ ᠤᠷᠴᠢᠭᠤᠯᠤᠨ ᠬᠡᠪᠯᠡᠬᠦᠯᠵᠤ᠂ ᠲᠡᠬᠦᠨ ᠤ ᠰᠢᠯᠦᠭᠯᠡᠭᠰᠡᠨ ᠷᠤᠮᠠᠨ ︽ᠰᠡᠬᠡᠬᠡᠷᠡᠯ︾ ᠨᠢ ᠦᠪᠡᠷᠳᠡᠬᠡᠨ ᠵᠠᠰᠬᠠᠤ ᠤᠷᠤᠨ ᠤ ︽1957 — 1980 ᠤᠨ ᠤ ᠤᠷᠠᠨ ᠵᠤᠬᠢᠶᠠᠯ ᠰᠢ ᠵᠦᠴᠦᠬᠡ ᠺᠢᠨᠣ᠋ ᠪᠦᠳᠦᠬᠡᠯ ᠤᠨ ᠱᠠᠩᠨᠠᠯ︾ ᠤᠨ ᠨᠢᠬᠡᠳᠦᠬᠡᠷ ᠲᠡᠰ ᠤᠨ ᠱᠠᠩᠨᠠᠯ ᠢ ᠬᠦᠷᠳᠡᠵᠡᠢ᠃ ᠲᠡᠬᠦᠰ ᠤᠨ ᠰᠢᠯᠦᠭᠯᠡᠭᠰᠡᠨ ᠷᠤᠮᠠᠨ ︽ᠬᠤᠷᠴᠢᠨ ᠤ ᠦᠷᠡᠰ ᠤᠳ︾ ᠨᠢ ᠦᠪᠡᠷᠳᠡᠬᠡᠨ ᠵᠠᠰᠬᠠᠤ ᠤᠷᠤᠨ ᠤ ︽1957 — 1980 ᠤᠨ ᠤ ᠤᠷᠠᠨ ᠵᠤᠬᠢᠶᠠᠯ ᠰᠢ ᠵᠦᠴᠦᠬᠡ ᠺᠢᠨᠣ᠋ ᠪᠦᠳᠦᠬᠡᠯ ᠤᠨ ᠱᠠᠩᠨᠠᠯ︾ ᠤᠨ ᠬᠤᠶᠠᠳᠤᠭᠠᠷ ᠲᠡᠰ ᠤᠨ ᠱᠠᠩᠨᠠᠯ ᠢ ᠬᠦᠷᠳᠡᠵᠡᠢ᠃ ᠦ᠊ · ᠭᠠᠨᠵᠤᠤᠷᠵᠠᠪ ᠤᠷᠢᠳ ᠬᠤᠵᠢᠳ ᠭᠤᠴᠢᠭᠠᠳ ᠦᠬᠦᠯᠡᠯᠬᠡ ᠨᠠᠶᠢᠷᠠᠭᠤᠯᠤᠯ ᠪᠢᠴᠢᠵᠤ᠂ ︽ᠤᠮ︾ ᠭᠡᠬᠦ ᠦᠬᠦᠯᠡᠯᠭᠡ ᠪᠠᠷ ᠢᠶᠠᠨ ᠦᠪᠡᠷᠳᠡᠬᠡᠨ ᠵᠠᠰᠠᠬᠤ ᠤᠷᠤᠨ ᠤ ︽ᠰᠤᠯᠤᠩᠭ᠎ᠠ︾ ᠱᠠᠩᠨᠠᠯ ᠢ ᠬᠦᠷᠳᠡᠵᠡᠢ᠃ 2001 ᠤᠨ ᠳᠤ᠂ ︽ᠷᠤᠮᠢᠶᠤᠤ ᠬᠢᠬᠡᠳ ᠵᠢᠦᠯᠢᠶ᠎ᠠ︾᠂ ︽ᠬᠦᠭᠰᠢᠨ ᠬᠡᠦᠬᠡᠨ︾ ᠵᠡᠷᠬᠡ 25 ᠤᠷᠴᠢᠭᠤᠯᠭ᠎ᠠ ᠶᠢᠨ ᠪᠦᠳᠦᠬᠡᠯ ᠢᠶᠠᠨ ︽ᠪᠡᠷᠢᠴᠡᠴᠡᠭ︾ ᠬᠡᠮᠡᠬᠦ ᠨᠡᠷ᠎ᠡ ᠬᠠᠳᠠᠵᠤ ᠬᠡᠪᠯᠡᠬᠦᠯᠦᠬᠡᠳ ︽ᠰᠤᠯᠤᠩᠭ᠎ᠠ︾ ᠱᠠᠩᠨᠠᠯ ᠲᠤᠰᠴᠠᠢ᠃ ᠪ᠊ · ᠵᠤᠷᠢᠬᠳᠤ ᠶᠢᠨ ︽ᠨᠠᠷᠠᠨ ᠤ ᠨᠤᠳᠤᠭ︾᠂ ᠪᠠᠢ ᠶᠢᠨ ᠱᠧᠩ ᠤᠨ ︽ᠠᠰᠬᠠᠨ ᠵᠠᠩᠵᠤᠨ︾ ᠬᠢᠳᠡᠳ ᠬᠡᠯᠡᠨ᠎ᠡ ᠤᠷᠴᠢᠭᠤᠯᠤᠭᠳᠠᠵᠤ᠂ ᠠᠯᠳᠠᠨᠪᠠᠭᠠᠨ᠎ᠠ ᠶᠢᠨ ︽ᠴᠢᠮᠡᠢᠢ ᠬᠡᠷ ᠲᠤ ᠴᠢᠨᠢ ᠬᠦᠷᠬᠡᠶ᠎ᠠ︾ ᠬᠡᠬᠦ ᠵᠤᠬᠢᠶᠠᠯ ᠤᠨ ᠬᠢᠳᠡᠳ ᠬᠡᠯᠡᠨ ᠤ ᠤᠷᠴᠢᠭᠤᠯᠭ᠎ᠠ ᠨᠢ ︽ᠰᠤᠯᠤᠩᠭ᠎ᠠ︾ ᠱᠠᠩᠨᠠᠯ ᠢ ᠬᠦᠷᠳᠡᠵᠡᠢ᠃ ᠪᠠᠰᠠ ᠬᠤᠷᠴᠢᠨ ᠤ ᠮᠠᠰᠢ ᠤᠯᠠᠨ ᠰᠢᠯᠢᠳᠡᠭ ᠪᠦᠳᠦᠬᠡᠯ ᠤᠳ ᠢ ᠬᠢᠳᠡᠳ ᠬᠡᠯᠡᠨ ᠳᠤ ᠤᠷᠴᠢᠭᠤᠯᠵᠤ ︽ᠦᠨᠳᠦᠰᠦᠳᠡᠨ ᠤ ᠤᠳᠬ᠎ᠠ ᠵᠤᠬᠢᠶᠠᠯ︾ ᠳᠤ ᠨᠡᠶᠢᠳᠡᠯᠡᠬᠦᠯᠵᠤ ᠠᠬ᠎ᠠ ᠲᠡᠬᠦᠦ ᠦᠨᠳᠦᠰᠦᠳᠡᠨ ᠤ ᠬᠠᠷᠠᠭᠠᠨ ᠳᠤ ᠬᠦᠷᠬᠡᠭᠰᠡᠨ ᠪᠢᠯᠡ᠃ ᠤᠨᠴᠠᠭᠠᠢᠢᠯᠠᠨ᠂ 2009 ᠤᠨ ᠳᠤ ᠬᠡᠪᠯᠡᠬᠦᠯᠦᠭᠰᠡᠨ ︽ᠮᠠᠦ ᠽᠧ ᠳ᠋ᠦᠩ ᠤᠨ ᠰᠢᠯᠦᠭ ᠲᠠᠭᠤᠯᠠᠯ︾ ᠬᠡᠮᠡᠬᠦ ᠮᠤᠩᠭᠤᠯᠴᠢᠯᠠᠭ᠎ᠠ ᠶᠢᠨ ᠲᠡᠬᠦᠪᠦᠷᠢ ᠨᠢ ᠪᠦᠬᠦ ᠤᠯᠤᠰ ᠤᠨ ᠠᠷᠪᠠᠳᠤᠭᠠᠷ ᠬᠤᠭᠤᠴᠠᠭᠠᠨ ᠤ ︽ᠠᠵᠢᠨᠠᠢ ᠱᠠᠩᠨᠠᠯ︾ ᠢ ᠬᠦᠷᠳᠡᠵᠡᠢ᠃ ᠨᠠᠶᠢᠷᠠᠭᠤᠯᠤᠬᠴᠢ ᠬᠠᠨ ᠲᠤᠭᠤ ᠶᠢᠨ ︽ᠬᠦᠳᠡᠩ ᠲᠠᠳᠠᠬᠰᠠᠨ ᠲᠠᠯ᠎ᠠ︾ ᠨᠢ ᠤᠷᠢᠳ ᠬᠤᠵᠢᠳ ︽ᠰᠤᠯᠤᠩᠭ᠎ᠠ︾ ᠱᠠᠩᠨᠠᠯ᠂ ︽ᠲᠠᠪᠤᠨ ᠨᠢᠬᠡ ᠢᠨᠵᠧᠨᠧᠷᠢᠩ︾ ᠤᠨ ᠱᠠᠩᠨᠠᠯ ᠪᠠ ︽ᠠᠵᠢᠨᠠᠢ︾ ᠱᠠᠩᠨᠠᠯ ᠬᠦᠷᠳᠡᠵᠡᠢ᠃ ᠨᠠᠶᠢᠷᠠᠭᠤᠯᠤᠬᠴᠢ ᠬᠠᠰᠪᠠᠭᠠᠨ᠎ᠠ᠂ ︽ᠵᠢᠷᠢᠮ ᠤᠨ ᠤᠷᠠᠨ ᠵᠤᠬᠢᠶᠠᠯ︾ ᠳᠤ ᠠᠷᠪᠠ ᠭᠠᠷᠤᠢ ᠵᠢᠯ ᠠᠵᠢᠯᠯᠠᠵᠤ᠂ ᠠᠵᠢᠯ ᠤᠨ ᠴᠢᠯᠦᠬᠡ ᠪᠠᠷ ᠢᠶᠠᠨ 200 ᠭᠠᠷᠤᠢ ᠤᠷᠠᠨ ᠵᠢᠷᠤᠭ ᠤᠨ ᠪᠦᠳᠦᠬᠡᠯ ᠵᠤᠬᠢᠶᠠᠨ ᠪᠦᠳᠦᠭᠡᠵᠦ᠂ ︽ᠢᠨᠵᠠᠨᠨᠠᠰᠢ︾᠂ ︽ᠰᠠᠷᠠ ᠲᠠᠢ ᠰᠦᠨᠢ︾᠂ ︽ᠬᠤᠤᠯᠢᠨ ᠭᠤᠤᠯ︾᠂ ︽ᠤᠯᠠᠭᠠᠨ ᠤᠬᠠᠭᠤᠯᠤᠬᠴᠢ︾ ᠵᠡᠷᠬᠡ ᠤᠯᠠᠨ ᠪᠠᠷ ᠵᠢᠷᠤᠭ ᠤᠨ ᠪᠦᠳᠦᠬᠡᠯ ᠨᠢ ᠪᠦᠬᠦ ᠤᠯᠤᠰ ᠴᠢᠨᠠᠬᠰᠢᠯᠠᠨ ᠤᠯᠤᠰ ᠤᠨ ᠭᠠᠳᠠᠨ᠎ᠠ ᠤᠷᠠᠨ ᠵᠢᠷᠤᠭ ᠤᠨ ᠦᠵᠡᠰᠬᠦᠯᠡᠩ ᠳᠤ ᠲᠡᠯᠬᠡᠭᠳᠡᠭᠰᠡᠨ ᠶᠤᠮ᠃ ᠨᠠᠶᠢᠷᠠᠭᠤᠯᠤᠬᠴᠢ ᠪᠦᠷᠢᠨᠪᠡᠶᠡᠷ᠂ ︽ᠨᠢᠩᠵᠢᠨ ᠰᠡᠳᠬᠢᠯ︾᠂ ︽ᠵᠠᠭᠤᠨ ᠭᠤᠯᠤᠮᠳᠠ︾᠂ ︽ᠬᠤᠷᠴᠢᠨ ᠤ ᠠᠯᠳᠠᠷᠳᠤ ᠬᠦᠮᠦᠰ︾ ᠵᠡᠷᠬᠡ 8 ᠮᠡᠳᠡᠬᠡᠯᠡᠯ ᠤᠨ ᠤᠷᠠᠨ ᠵᠤᠬᠢᠶᠠᠯ ᠤᠨ ᠲᠡᠬᠦᠪᠦᠷᠢ ᠲᠠᠢ᠂ ︽ᠴᠢᠨᠳᠡᠮᠤᠨᠢ ᠬᠡᠯᠬᠢᠶ᠎ᠠ︾ ᠵᠡᠷᠬᠡ 3 ᠪᠠᠷᠢᠮᠳᠠᠳᠤ ᠷᠤᠮᠡᠨ ᠲᠠᠢ᠃ ᠲᠡᠷᠡ ᠪᠠᠷ᠂ ︽ᠠᠵᠢᠨᠠᠢ ᠬᠦᠯᠦᠭ︾᠂ ︽ᠲᠠᠪᠤᠨ ᠨᠢᠬᠡ ᠶᠢᠨ ᠢᠨᠵᠧᠨᠧᠷᠢᠩ︾ ᠤᠨ ᠱᠠᠩᠨᠠᠯ᠂ ︽ᠰᠤᠯᠤᠩᠭ᠎ᠠ︾ ᠱᠠᠩᠨᠠᠯ ᠵᠡᠷᠬᠡ ᠪᠠᠷ ᠮᠢᠯᠢᠶᠠᠯᠭᠠᠬᠰᠠᠨ ᠡᠯᠪᠡᠭ ᠪᠦᠳᠦᠬᠡᠯ ᠲᠠᠢ ᠵᠤᠬᠢᠶᠠᠯᠴᠢ ᠶᠤᠮ᠃ ᠰ᠊ · ᠪᠠᠭᠠᠳᠤᠷ 1000 ᠲᠦᠮᠡ ᠤᠷᠴᠢᠮ ᠤᠨ ᠵᠤᠬᠢᠶᠠᠯ ᠪᠦᠳᠦᠬᠡᠯ ᠲᠤᠭᠤᠷᠪᠢᠵᠤ᠂ ︽ᠠᠨᠳᠠᠢ ᠶᠢᠨ ᠲᠤᠮᠤᠭ︾᠂ ︽ᠲᠢᠶᠠᠨᠴᠢ ᠶᠢᠨ ᠭᠤᠤ ᠶᠢᠨ ᠲᠤᠮᠤᠭ︾ ᠵᠡᠷᠬᠡ ᠲᠦᠷᠪᠡᠨ ᠵᠦᠴᠦᠬᠡ ᠲᠠᠢ᠂ ︽ᠬᠦᠮᠦᠨ ᠤ ᠨᠠᠷᠠᠨ︾᠂ ︽ᠲᠤᠮᠤᠭ ᠤᠨ ᠤᠯᠠᠭᠠᠨ ᠰᠠᠷᠠ︾᠂ ︽ᠵᠡᠷᠯᠢᠭ ᠢᠮᠠᠭᠠᠨ ᠰᠦᠷᠦᠭ︾ ᠵᠡᠷᠬᠡ ᠭᠤᠷᠪᠠᠨ ᠷᠤᠮᠠᠨ ᠲᠠᠢ᠃ ︽ᠰᠠᠷᠠᠨ᠎ᠠ︾ ᠱᠠᠩᠨᠠᠯ ᠢ ᠨᠢᠬᠡ ᠤᠳᠠᠭ᠎ᠠ᠂ ︽ᠰᠤᠯᠤᠩᠭ᠎ᠠ︾ ᠱᠠᠩᠨᠠᠯ ᠢ ᠬᠤᠶᠠᠷ ᠤᠳᠠᠭ᠎ᠠ ᠬᠦᠷᠳᠡᠵᠤ᠂ 2014 ᠤᠨ ᠳᠤ᠂ ︽ᠲᠤᠮᠤᠭ ᠤᠨ ᠤᠯᠠᠭᠠᠨ ᠰᠠᠷᠠ︾ ᠭᠡᠬᠦ ᠷᠤᠮᠠᠨ ᠢᠶᠠᠷ ᠢᠶᠠᠨ ᠭᠤᠷᠪᠠᠳᠤᠭᠠᠷ ᠬᠤᠭᠤᠴᠠᠭᠠᠨ ᠤ ︽ᠲᠤᠷᠤᠨ᠎ᠠ︾ ᠤᠳᠬ᠎ᠠ ᠵᠤᠬᠢᠶᠠᠯ ᠤᠨ ᠱᠠᠩᠨᠠᠯ ᠢ ᠲᠤᠰᠪᠠ᠃ ᠬᠡᠷᠡᠯᠳᠤ᠂ ︽ᠨᠠᠷᠠᠨ ᠰᠠᠷᠠᠨ︾ ᠬᠡᠬᠦ ᠷᠤᠮᠠᠨ ᠢᠶᠠᠷ ᠢᠶᠠᠨ ︽ᠪᠤᠷᠵᠢᠬᠢᠨ︾ ᠱᠠᠩᠨᠠᠯ ᠤᠨ ᠲᠡᠷᠢᠬᠦᠨ ᠱᠠᠩᠨᠠᠯ ᠢ ᠬᠦᠷᠳᠡᠵᠤ᠂ ᠬᠤᠶᠠᠳᠠᠬᠢ ᠷᠤᠮᠠᠨ ︽ᠲᠠᠰᠤᠷᠬᠠᠢ︾ ᠨᠢ ︽ᠰᠤᠯᠤᠩᠭ᠎ᠠ︾ ᠱᠠᠩᠨᠠᠯ ᠬᠦᠷᠳᠡᠵᠡᠢ᠃ ᠪᠠᠢ ᠶᠢᠨ ᠱᠧᠩ᠂ ᠤᠳᠤ ᠪᠤᠯᠳᠠᠯ᠎ᠠ ︽ᠲᠡᠭᠷᠢ ᠶᠢᠨ ᠤᠪᠠᠳᠢᠰ︾᠂ ︽ᠠᠰᠬᠠᠨ ᠵᠠᠩᠵᠤᠨ︾ ᠬᠡᠬᠦ 7 ᠷᠤᠮᠠᠨ ᠲᠠᠢ᠂ ︽ᠲᠡᠭᠷᠢ ᠶᠢᠨ ᠴᠦᠩᠬᠦᠯ ᠬᠦᠷᠦᠰᠢ ᠦᠬᠡᠢ︾ ᠵᠡᠷᠬᠡ ᠠᠷᠪᠠᠨ ᠤᠷᠳᠤ ᠲᠤᠭᠤᠵᠢ᠂ ︽ᠲᠡᠭᠷᠢ ᠶᠢᠨ ᠭᠠᠷ︾᠂ ︽ᠱᠤᠩᠬᠤᠷ ᠠᠭᠤᠯᠠ ᠶᠢᠨ ᠡᠩᠬᠡᠷ ᠲᠤ︾ ︵ᠪᠤᠰᠤᠳ ᠲᠠᠢ ᠬᠠᠮᠳᠤᠷᠠᠪᠠ︶ ᠵᠡᠷᠬᠡ 4 ᠺᠢᠨᠣ᠋ ᠵᠤᠬᠢᠶᠠᠯ ᠪᠢᠴᠢᠵᠦ᠂ ᠤᠤᠭᠠᠨ ᠷᠤᠮᠠᠨ ︽ᠲᠡᠭᠷᠢ ᠶᠢᠨ ᠤᠪᠠᠳᠢᠰ︾ ᠨᠢ ︽ᠪᠤᠷᠵᠢᠬᠢᠨ︾ ᠱᠠᠩᠨᠠᠯ᠂ ︽ᠰᠤᠯᠤᠩᠭ᠎ᠠ︾ ᠱᠠᠩᠨᠠᠯ ᠢ ᠲᠤᠰᠴᠤ᠂ ᠷᠤᠮᠠᠨ ︽ᠠᠰᠬᠠᠨ ᠵᠠᠩᠵᠤᠨ︾ ᠨᠢ ︽ᠠᠵᠢᠨᠠᠢ ᠬᠦᠯᠦᠭ︾ ᠱᠠᠩᠨᠠᠯ᠂ ︽ᠲᠤᠷᠤᠨ᠎ᠠ︾ ᠱᠠᠩᠨᠠᠯ᠂ ︽ᠪᠦᠬᠦ ᠤᠯᠤᠰ ᠤᠨ ᠵᠠᠭᠤᠨ ᠰᠢᠯᠢᠳᠡᠭ ᠦᠨᠳᠦᠰᠦᠳᠡᠨ ᠤ ᠨᠤᠮ ᠪᠢᠴᠢᠭ︾ ᠤᠨ ᠱᠠᠩᠨᠠᠯ ᠢ ᠵᠡᠷᠬᠡᠳᠡ ᠲᠤᠰᠴᠠᠢ᠃ ᠫ᠊ · ᠤᠶᠦᠨᠪᠢᠯᠢᠭ᠂ 200 ᠭᠠᠷᠤᠢ ᠲᠦᠮᠡᠨ ᠦᠰᠦᠭ ᠤᠨ ᠵᠤᠬᠢᠶᠠᠯ ᠪᠦᠳᠦᠬᠡᠯ ᠲᠠᠢ᠂ ᠷᠤᠮᠠᠨ ︽ᠪᠦᠭᠳᠦᠷ ᠤᠳᠠ︾ ᠨᠢ ︽ᠲᠡᠪᠤᠨ ᠨᠢᠬᠡ ᠶᠢᠨ ᠢᠨᠵᠧᠨᠧᠷᠢᠩ︾ ᠤᠨ ᠱᠠᠩᠨᠠᠯ ᠢ ᠬᠦᠷᠳᠡᠵᠠᠢ᠃
   ᠮ᠊ · ᠠᠰᠠᠷ᠂ ᠠ᠊ · ᠤᠳᠽᠠᠷ᠂ ᠪ᠊ · ᠪᠦᠷᠢᠨᠪᠠᠬᠢ᠂ ᠠᠶᠤᠩᠭ᠎ᠠ᠂ ᠤ · ᠳ᠋ᠠᠮᠪᠢᠵᠠᠯᠰᠠᠨ᠂ ᠪᠦᠬᠡᠳᠡᠯᠬᠡᠷ᠂ ᠦ᠊ · ᠭᠠᠨᠵᠤᠤᠷᠵᠠᠪ᠂ ᠲᠡᠬᠦᠰ᠂ ᠷᠢᠨᠴᠢᠨᠳᠤᠷᠵᠢ ᠶᠢ ᠪᠠᠭᠳᠠᠭᠠᠨᠰᠠᠨ ᠠᠬᠠᠮᠠᠳ ᠨᠢᠬᠡ ᠦᠶ᠎ᠠ ᠶᠢᠨ ᠵᠤᠬᠢᠶᠠᠯᠴᠢᠳ ᠴᠦ᠋ᠮ ︽ᠵᠢᠷᠢᠮ ᠤᠨ ᠤᠷᠠᠨ ᠵᠤᠬᠢᠶᠠᠯ︾ ᠳᠤ ᠵᠤᠬᠢᠶᠠᠯ ᠪᠦᠳᠦᠬᠡᠯ ᠢᠶᠠᠨ ᠨᠡᠶᠢᠳᠡᠯᠡᠬᠦᠯᠵᠤ ᠪᠠᠶᠢᠬᠰᠠᠨ ᠶᠤᠮ᠃ ᠰᠡᠳᠬᠦᠯ ᠳᠤ ᠨᠠᠶᠢᠳᠠᠯᠡᠭᠳᠡᠭᠰᠡᠨ ᠨᠠᠷᠠᠳᠤ ᠪᠦᠳᠦᠬᠡᠯ ᠤᠳ ᠠᠴᠠ ᠲᠤᠷᠠᠳᠪᠠᠯ᠂ ᠪ᠊ · ᠬᠡᠷᠡᠯᠳᠤ ᠶᠢᠨ ︽ᠰᠢᠨ᠎ᠠ ᠲᠤᠮᠳᠠᠳᠤ ᠤᠯᠤᠰ ᠤᠨ ᠲᠦᠯᠦᠬᠡ︾᠂ ᠴᠢᠩᠵᠤᠷᠢᠬᠳᠤ ᠶᠢᠨ ︽ᠲᠡᠬᠦᠦ ᠪᠠᠷᠢ︾᠂ ᠲ᠊ · ᠪᠦᠬᠡ ᠶᠢᠨ ︽ᠬᠠᠪᠤᠷ ᠤᠨ ᠤᠶᠠᠩᠭ᠎ᠠ︾᠂ ᠠᠯᠳᠠᠨᠪᠠᠭᠠᠨ᠎ᠠ ︽ᠮᠢᠨᠳᠠᠰᠤᠨ ᠪᠦᠮᠪᠦᠭᠡ︾᠂ ᠮ᠊ · ᠵᠠᠯᠫᠦ᠋ᠩᠭ᠎ᠠ ᠶᠢᠨ ︽ᠮᠠᠬᠰᠠᠷ ᠬᠠᠷᠢᠵᠤ ᠢᠷᠡᠯ᠎ᠡ︾᠂ ᠬᠠᠰᠪᠠᠷᠰ ᠤᠨ ︽ᠠᠮᠢᠳᠦᠷᠠᠯ ᠤᠨ ᠰᠠᠶᠢᠬᠠᠨ︾᠂ ᠪᠡᠳᠪᠠ ᠶᠢᠨ ︽ᠨᠤᠳᠤᠭ ᠤᠨ ᠬᠦᠮᠦᠰ ᠤᠨ ᠦᠯᠢᠬᠡᠷ︾᠂ ᠲ᠊ · ᠪᠤᠶᠠᠨ ᠤ ︽ᠮᠠᠶᠢᠯᠠᠩ ᠬᠤᠸᠠᠷ︾᠂ ᠴᠢ᠊ · ᠤᠳᠬᠤᠨᠴᠢᠮᠡᠭ ᠤᠨ ︽ᠪᠠᠷᠢᠮᠵᠢᠶᠠᠳᠤ ᠬᠦᠰᠦᠨᠦᠭᠳᠤ︾᠂ ᠪᠦᠷᠢᠨᠪᠠᠶᠠᠷ ᠤᠨ ︽ᠯᠡᠭᠧᠢᠢᠮᠧᠳᠡᠭ︾᠂ ᠮ᠊ · ᠠᠰᠠᠷ ᠤᠨ ︽ᠦᠨᠳᠦᠷ ᠤᠬᠳᠤᠷ ᠬᠤᠶᠠᠭᠤᠯᠠ︾᠂ ᠪ᠊ · ᠳ᠋ᠠᠮᠪᠢᠵᠠᠯᠰᠠᠨ ᠤ ︽ᠲᠦᠷᠦᠯᠬᠢ ᠨᠤᠳᠤᠭ ᠤᠨ ᠲᠦᠷᠪᠡᠨ ᠤᠯᠠᠷᠢᠯ︾᠂ ᠡᠨᠡᠷᠢᠯᠳᠤ ᠶᠢᠨ ︽ᠭᠠᠳᠠ ᠮᠠᠶᠢᠷᠠᠨ︾ ︵ᠬᠡᠰᠡᠭᠯᠡᠯ︶᠂ ᠪᠦᠬᠡᠳᠡᠯᠬᠡᠷ ᠤᠨ ︽ᠤᠳᠤᠨ ᠴᠤᠬᠤᠷ ᠤᠬᠳᠠᠷᠭᠤᠢ︾ ︵ᠬᠡᠰᠡᠭᠯᠡᠯ︶᠂ ᠵᠠᠮᠰᠦ᠋ᠷᠦᠩ ᠤᠨ ︽ᠮᠦᠩᠬᠦᠨ ᠡᠬᠦᠯᠡᠰ ᠤᠨ ᠲᠤᠨᠤᠮᠠᠯ ᠲᠤᠶᠠᠭ᠎ᠠ︾᠂ ᠪᠠᠶᠠᠨᠳᠠᠯᠠᠢ ᠶᠢᠨ ︽ᠬᠠᠳᠤᠯᠠᠩ ᠤᠨ ᠦᠶ᠎ᠠ ᠳᠤ︾ ᠵᠡᠷᠬᠡ ᠤᠯᠠᠨ ᠪᠦᠳᠦᠬᠡᠯ ᠪᠤᠢ᠃ 
   ᠰᠤᠷᠪᠤᠯᠵᠢᠯᠠᠬᠴᠢ᠄ ︽ᠵᠢᠷᠢᠮ ᠤᠨ ᠤᠷᠠᠨ ᠵᠤᠬᠢᠶᠠᠯ︾ ᠤᠨ ᠮᠤᠩᠭᠤᠯ ᠤᠷᠠᠨ ᠵᠤᠬᠢᠶᠠᠯ ᠤᠨ ᠬᠦᠭᠵᠢᠯᠳᠠ ᠳᠤ ᠦᠵᠡᠬᠦᠯᠦᠭᠰᠡᠨ ᠨᠦᠯᠦᠬᠡ ᠦᠢᠯᠡᠳᠦᠯ ᠢ ᠶᠠᠷᠢᠪᠠᠯ︖ 
   ᠪᠠᠢ ᠶᠢᠨ ᠱᠧᠩ᠄ 40 ᠭᠠᠷᠤᠢ ᠵᠢᠯ ᠤᠨ ᠲᠤᠷᠰᠢ ︽ᠵᠢᠷᠢᠮ ᠤᠨ ᠤᠷᠠᠨ ᠵᠤᠬᠢᠶᠠᠯ︾ ᠨᠢ ᠮᠤᠩᠭᠤᠯ ᠤᠷᠠᠨ ᠵᠤᠬᠢᠶᠠᠯ ᠤᠨ ᠤᠷᠳᠤ ᠶᠢᠨ ᠤᠷᠳᠤ ᠤᠷᠤᠰᠬᠠᠯ ᠲᠤᠮᠳᠠᠬᠢ ᠲᠤᠷᠪᠢᠳᠤ ᠴᠢᠳᠬᠤᠯᠠᠩ ᠤᠨ ᠨᠢᠬᠡ ᠨᠢ ᠪᠠᠶᠢᠵᠤ᠂ ᠤᠨᠴᠠᠭᠠᠢᠢᠯᠠᠨ ᠵᠠᠯᠭᠠᠮᠵᠢ ᠰᠢᠨ᠎ᠠ ᠦᠶ᠎ᠠ ᠶᠢᠨ ᠤᠷᠠᠨ ᠪᠦᠳᠦᠬᠡᠯᠴᠢᠳ ᠢ ᠬᠦᠮᠦᠵᠢᠬᠦᠯᠬᠦ᠂ ᠬᠤᠷᠴᠢᠨ ᠤ ᠰᠤᠶᠤᠯ ᠢ ᠤᠯᠠᠮᠵᠢᠯᠠᠨ ᠬᠦᠭᠵᠢᠬᠦᠯᠬᠦ ᠲᠡᠯ᠎ᠡ ᠪᠠᠷ ᠦᠪᠡᠷ ᠤᠨ ᠤᠨᠴᠠᠭᠠᠢ ᠬᠤᠪᠢ ᠨᠠᠮᠠᠷᠢ ᠪᠠᠨ ᠦᠵᠡᠬᠦᠯᠵᠤ ᠢᠷᠡᠭᠰᠡᠨ ᠶᠤᠮ᠃ ᠮᠤᠩᠭᠤᠯ ᠤᠷᠠᠨ ᠵᠤᠬᠢᠶᠠᠯᠴᠢᠳ ᠢ ᠬᠦᠮᠦᠵᠢᠬᠦᠯᠬᠦ ᠲᠠᠯ᠎ᠠ ᠪᠠᠷ᠂ ᠤᠯᠠᠨ ᠵᠢᠯ ᠤᠨ ᠲᠤᠷᠰᠢ᠂ ︽ᠤᠶᠤᠳᠠᠨ ᠤ ᠬᠦᠷᠢᠶᠡᠯᠡᠩ︾᠂ ︽ᠰᠤᠷᠤᠬᠴᠢᠳ ᠤᠨ ᠬᠠᠨᠢ︾ ᠬᠡᠬᠦ ᠮᠡᠳᠤ ᠶᠢᠨ ᠲᠤᠰᠬᠠᠢ ᠪᠤᠯᠤᠩ ᠢ ᠪᠠᠶᠢᠩᠭᠤ ᠨᠡᠬᠡᠬᠡᠵᠤ᠂ ᠤᠷᠠᠨ ᠵᠤᠬᠢᠶᠠᠯ ᠳᠤ ᠲᠤᠷ᠎ᠠ ᠪᠠᠬ᠎ᠠ ᠲᠠᠢ ᠵᠠᠯᠠᠭᠤ ᠤᠷᠠᠨ ᠪᠦᠳᠦᠬᠡᠯᠴᠢᠳ ᠤᠨ ᠵᠤᠬᠢᠶᠠᠯ ᠪᠦᠳᠦᠬᠡᠯ ᠢ ᠬᠢᠨᠠᠨ ᠨᠠᠶᠢᠷᠠᠭᠤᠯᠵᠤ ᠨᠡᠶᠢᠳᠡᠯᠡᠨ᠂ ᠲᠡᠳᠡ ᠨᠡᠷ ᠢ ᠤᠷᠮᠠᠰᠢᠭᠤᠯᠤᠨ ᠵᠤᠷᠢᠬᠵᠢᠭᠤᠯᠵᠤ ᠵᠤᠬᠢᠶᠠᠡ ᠪᠦᠳᠦᠬᠡᠯᠬᠡ ᠶᠢᠨ ᠵᠠᠮ ᠢᠶᠠᠷ ᠬᠦᠳᠦᠯᠦᠭᠰᠡᠨ ᠶᠤᠮ᠃ ᠵᠢᠱᠢᠶᠡᠯᠡᠪᠡᠯ᠂ ᠠᠬᠠᠮᠠᠳ ᠨᠠᠶᠢᠷᠠᠭᠤᠯᠤᠬᠴᠢ ‍ᠦ᠊ · ᠭᠠᠨᠵᠤᠤᠷᠵᠠᠪ ᠪᠠᠭᠰᠢ ᠲᠤᠬᠠᠢ ᠶᠢᠨ ᠦᠶ᠎ᠠ ᠳᠤ ᠰᠡᠳᠬᠦᠯ ᠳᠤ ᠪᠠᠶᠢᠩᠭᠤ ᠡᠬᠡ ᠪᠢᠴᠢᠭ ᠢᠷᠡᠬᠦᠯᠳᠡᠭ ᠳ᠋᠊ · ᠦᠯᠵᠡᠶᠢᠬᠤᠳᠤᠭ᠂ ᠪᠠᠢ ᠶᠢᠨ ᠱᠧᠩ᠂ ᠠᠯᠳᠠᠨᠪᠠᠭᠠᠨ᠎ᠠ᠂ ᠮᠠᠨᠳᠤᠬᠤ᠂ ᠪᠤᠤ ᠶᠢᠨ ᠬᠤᠸᠠ᠂ ᠨᠠ᠊ · ᠬᠦᠬᠡᠰᠢᠭᠤᠢ ᠨᠡᠷ ᠤᠨ ᠵᠤᠬᠢᠶᠠᠯ ᠪᠦᠳᠦᠬᠡᠯ ᠢ ᠨᠠᠷᠢᠨ ᠬᠢᠨᠡᠮᠡᠭᠠᠢ ᠨᠠᠶᠢᠷᠠᠭᠤᠯᠦᠨ ᠦᠭᠴᠤ ᠵᠠᠯᠠᠭᠤ ᠤᠷᠠᠨ ᠪᠦᠳᠦᠬᠡᠯᠴᠢᠳ ᠢ ᠬᠦᠮᠦᠵᠢᠬᠦᠯᠬᠦ ᠳᠤ ᠬᠠᠷᠠᠮ ᠦᠬᠡᠢ ᠵᠢᠳᠬᠦᠭᠰᠡᠨ ᠪᠢᠯᠡ᠃ ᠮᠡᠳᠡᠬᠡᠵᠢ᠂ ᠲᠤᠬᠠᠢ ᠶᠢᠨ ᠦᠶ᠎ᠠ ᠳᠤ ᠠᠩᠬᠠᠨ ᠤ ᠵᠤᠬᠢᠶᠠᠯ ᠪᠦᠳᠦᠬᠡᠯ ᠢᠶᠠᠨ ᠮᠠᠨ ᠤ ᠰᠡᠳᠬᠦᠯ ᠳᠤ ᠨᠠᠶᠢᠳᠡᠯᠡᠬᠦᠯᠵᠤ ᠪᠠᠶᠢᠬᠰᠠᠨ ᠤᠷᠠᠨ ᠪᠦᠳᠦᠬᠡᠯᠴᠢᠳ ᠡᠳᠦᠬᠡ ᠮᠤᠩᠭᠤᠯ ᠤᠷᠠᠨ ᠵᠤᠬᠢᠶᠠᠯ ᠤᠨ ᠬᠦᠷᠢᠶᠠᠨ ᠳᠤ ᠨᠡᠯᠢᠶᠡᠳ ᠨᠡᠷ᠎ᠡ ᠨᠦᠯᠦᠬᠡ ᠲᠠᠢ ᠵᠤᠬᠢᠶᠠᠯᠴᠢ ᠪᠤᠯᠤᠬᠰᠠᠨ ᠨᠢ ᠨᠡᠯᠢᠶᠡᠳ ᠤᠯᠠᠨ ᠪᠠᠶᠢᠨ᠎ᠠ᠃ 
   ᠡᠬᠦᠨ ᠠᠴᠠ ᠭᠠᠳᠠᠨ᠎ᠠ᠂ ᠮᠠᠨ ᠤ ᠰᠡᠳᠬᠦᠯ ᠬᠡᠪᠯᠡᠯ ᠡᠬᠢᠯᠡᠭᠰᠡᠨ ᠠᠴᠠ ᠨᠠᠭᠠᠰᠢ᠂ ᠪᠤᠰᠤᠳ ᠨᠢᠬᠡᠴᠢ ᠲᠠᠢ ᠬᠠᠮᠳᠤᠷᠠᠬᠤ ᠪᠤᠶᠤ ᠪᠡᠶ᠎ᠠ ᠪᠠᠨ ᠲᠠᠭᠠᠭᠠᠵᠤ ᠵᠢᠯ ᠪᠦᠷᠢ ᠰᠢᠯᠢᠳᠡᠭ ᠪᠦᠳᠦᠬᠡᠯ ᠤᠨ ᠲᠤᠬᠠᠢ ᠬᠡᠳᠦ ᠤᠳᠠᠭᠠᠨ ᠤ ᠰᠤᠳᠤᠯᠤᠨ ᠶᠠᠷᠢᠯᠴᠠᠬᠤ ᠬᠤᠷᠠᠯ ᠢ ᠵᠤᠬᠢᠶᠠᠨ ᠪᠠᠶᠢᠭᠤᠯᠬᠤ ᠪᠦᠬᠡᠳ ᠦᠷᠬᠡᠨ ᠤᠯᠠᠨ ᠤᠷᠠᠨ ᠪᠦᠳᠦᠬᠡᠯᠴᠢᠳ ᠢ ᠤᠷᠢᠵᠤ ᠤᠷᠤᠯᠴᠠᠭᠤᠯᠳᠠᠭ᠃ ᠤᠯᠠᠨ ᠢᠶᠠᠷ ᠢᠶᠠᠨ ᠰᠢᠯᠢᠳᠡᠭ ᠪᠦᠳᠦᠬᠡᠯ ᠤᠨ ᠲᠤᠭᠤᠷᠢᠨ ᠳᠤ ᠤᠨᠤᠵᠤ ᠠᠯᠳᠠᠬᠰᠠᠨ ᠲᠤᠬᠠᠢ ᠰᠤᠳᠤᠯᠤᠨ ᠶᠠᠷᠢᠯᠴᠠᠬᠤ ᠨᠢ ᠤᠷᠠᠨ ᠪᠦᠳᠦᠬᠡᠯᠴᠢᠳ ᠤᠨ ᠬᠤᠪᠢ ᠬᠦᠮᠦᠨ ᠤ ᠦᠰᠦᠨ ᠪᠤᠶᠢᠵᠢᠯᠳᠠ ᠳᠤ ᠠᠰᠢᠬᠳᠠᠢ ᠪᠦᠬᠡᠳ ᠪᠦᠬᠦ᠋ᠢᠯᠡ ᠮᠤᠩᠭᠤᠯ ᠤᠷᠠᠨ ᠵᠤᠬᠢᠶᠠᠯ ᠤᠨ ᠵᠤᠬᠢᠶᠠᠨ ᠪᠦᠳᠦᠬᠡᠯᠬᠡ ᠶᠢᠨ ᠲᠦᠪᠰᠢᠨ ᠢ ᠲᠡᠭᠡᠭᠰᠢᠯᠡᠬᠦᠯᠬᠦ ᠳᠤ ᠰᠢᠭᠤᠳ ᠪᠤᠶᠤ ᠲᠠᠮ ᠢᠶᠠᠷ ᠠᠬᠢᠭᠤᠯᠬᠤ ᠦᠢᠯᠡᠳᠦᠯ ᠦᠵᠡᠬᠦᠯᠦᠭᠰᠡᠨ ᠬᠡᠵᠤ ᠬᠡᠯᠡᠵᠤ ᠪᠤᠯᠬᠤ ᠶᠤᠮ᠃ ᠤᠳᠤ᠂ ︽ᠵᠢᠷᠢᠮ ᠤᠨ ᠤᠷᠠᠨ ᠵᠤᠬᠢᠶᠠᠯ︾ ᠳᠤ᠂ ᠪᠠᠶᠢᠩᠭᠤ ᠡᠬᠡ ᠪᠢᠴᠢᠭ ᠬᠠᠩᠭᠠᠳᠠᠭ ᠤᠷᠨᠨ ᠪᠦᠳᠦᠬᠡᠯᠴᠢᠳ 200 ᠰᠢᠬᠠᠮ ᠪᠤᠯᠵᠤ᠂ ᠪᠤᠶᠠᠨᠳᠤᠬᠳᠠᠬᠤ᠂ ᠪᠠᠢ ᠭᠠᠩ᠂ ᠬᠦᠬᠡᠪᠠᠷᠰ᠂ ᠬᠠ᠊ · ᠤᠯᠠᠭᠠᠨᠪᠠᠭᠠᠳᠤᠷ ᠨᠡᠷ ᠢ ᠪᠠᠭᠳᠠᠭᠠᠬᠰᠠᠨ ᠤᠷᠠᠨ ᠵᠤᠬᠢᠶᠠᠯ ᠤᠨ ᠰᠢᠬᠦᠮᠵᠢᠯᠡᠭᠴᠢᠳ ᠤᠨ ᠡᠩᠨᠡᠭᠡ ᠶᠢ ᠪᠦᠷᠢᠯᠳᠦᠬᠦᠯᠦᠭᠰᠡᠡ ᠪᠠᠶᠢᠨ᠎ᠠ᠃
   ᠰᠤᠷᠪᠤᠯᠵᠢᠯᠬᠠᠴᠢ᠄ ᠮᠤᠩᠭᠤᠯ ᠤᠷᠠᠨ ᠵᠤᠬᠢᠶᠠᠯ ᠤᠨ ᠬᠦᠭᠵᠢᠯᠳᠠ ᠶᠢ ᠠᠬᠢᠭᠤᠯᠬᠤ ᠲᠠᠯ᠎ᠠ ᠪᠠᠷ ᠶᠠᠮᠠᠷ ᠶᠠᠮᠠᠷ ᠤᠳᠬ᠎ᠠ ᠠᠭᠤᠯᠭ᠎ᠠ ᠲᠠᠢ ᠠᠵᠢᠯᠯᠠᠭ᠎ᠠ ᠶᠢ ᠦᠷᠨᠢᠬᠦᠯᠵᠤ ᠪᠠᠶᠢᠬᠤ ᠪᠤᠢ︖
   ᠪᠠᠢ ᠶᠢᠨ ᠱᠧᠩ᠄ ᠡᠨᠡ ᠲᠠᠯ᠎ᠠ ᠶᠢᠨ ᠠᠵᠢᠯ ᠢ ᠪᠤᠯ ᠬᠡᠪᠯᠡᠯ ᠡᠬᠢᠯᠡᠭᠰᠡᠨ ᠠᠴᠠ ᠨᠠᠭᠠᠰᠢ ᠴᠢᠷᠮᠡᠶᠢᠵᠤ ᠬᠢᠭᠰᠡᠬᠡᠷ ᠢᠷᠡᠭᠰᠡᠨ ᠶᠤᠮ᠃ ᠵᠢᠱᠢᠶᠡᠯᠡᠪᠡᠯ᠂ ᠮᠠᠨ ᠤ ᠰᠡᠳᠬᠦᠯ ᠤᠯᠠᠨ ᠤᠳᠠᠭ᠎ᠠ ᠶᠢᠨ ᠪᠦᠬᠦ ᠠᠶᠢᠮᠠᠭ ᠤᠨ ᠮᠤᠩᠭᠤᠯ ᠤᠷᠠᠨ ᠵᠤᠬᠢᠶᠠᠯ ᠤᠨ ᠵᠤᠬᠢᠶᠠᠨ ᠪᠦᠳᠦᠬᠡᠬᠦ ᠬᠤᠷᠠᠯ ᠢ ᠵᠤᠬᠢᠶᠠᠨ ᠪᠠᠶᠢᠭᠤᠯᠬᠤ ᠳᠤ ᠢᠳᠡᠪᠬᠢᠳᠡᠢ ᠤᠷᠤᠯᠴᠠᠬᠰᠠᠨ ᠪᠠ ᠲᠤᠰ ᠬᠤᠷᠠᠯ ᠢ ᠵᠤᠬᠢᠶᠠᠨ ᠪᠠᠶᠢᠭᠤᠯᠵᠤ᠂ ᠵᠤᠬᠢᠶᠠᠬᠴᠢ ᠪᠠ ᠨᠠᠶᠢᠷᠠᠭᠤᠯᠤᠬᠴᠢ ᠨᠡᠷ ᠲᠤ ᠵᠤᠬᠢᠶᠠᠨ ᠪᠦᠳᠦᠬᠡᠬᠦ ᠪᠤᠯᠤᠨ ᠨᠠᠶᠢᠷᠠᠭᠤᠯᠬᠤ ᠠᠵᠢᠯ ᠤᠨ ᠪᠤᠳᠠᠳᠠᠢ ᠵᠢᠯᠤᠭᠤᠳᠤᠯᠭ᠎ᠠ ᠬᠢᠵᠤ ᠪᠠᠶᠢᠬᠰᠠᠨ᠃ 1986 ᠤᠨ ᠳᠤ᠂ ᠠᠩᠬᠠᠳᠤᠭᠠᠷ ᠬᠤᠭᠤᠴᠠᠭᠠᠨ ᠤ ︽ᠬᠤᠷᠴᠢᠨ ᠤ ᠤᠳᠬ᠎ᠠ ᠵᠤᠬᠢᠶᠠᠯ ᠤᠨ ᠰᠤᠳᠤᠯᠭᠠᠨ ᠤ ᠬᠤᠷᠠᠯ︾ ᠢ ᠵᠤᠬᠢᠶᠠᠨ ᠪᠠᠶᠢᠭᠤᠯᠵᠤ᠂ ︽ᠬᠤᠷᠴᠢᠨ ᠤ ᠮᠤᠩᠭᠤᠯ ᠵᠠᠯᠠᠭᠤ ᠵᠤᠬᠢᠶᠠᠬᠴᠢᠳ ᠤᠨ ᠪᠢᠯᠢᠭ ᠤᠨ ᠰᠤᠷᠢᠭᠠᠨ︾ ᠢ ᠲᠤᠬᠳᠠᠬᠰᠠᠨ ᠬᠤᠭᠤᠴᠠᠭ᠎ᠠ ᠲᠠᠢ ᠠᠵᠢᠯᠯᠠᠭ᠎ᠠ ᠪᠤᠯᠭᠠᠨ ᠦᠷᠨᠢᠬᠦᠯᠵᠡᠢ ᠪᠠᠶᠢᠬᠰᠠᠨ᠃ ︽ᠰᠠᠶᠢᠨᠪᠠᠶᠠᠷ᠂ ᠪᠦᠬᠡᠳᠡᠯᠬᠡᠷ ᠤᠨ ᠵᠤᠬᠢᠶᠠᠨ ᠪᠦᠳᠦᠬᠡᠯᠬᠡ ᠶᠢ ᠰᠤᠳᠤᠯᠤᠨ ᠶᠠᠷᠢᠯᠴᠠᠬᠤ ᠬᠤᠷᠠᠯ︾᠂ ︽ᠠᠯᠳᠠᠪᠠᠭᠠᠨ᠎ᠠ᠂ ᠬᠡᠷᠡᠯᠳᠤ ᠶᠢᠨ ᠵᠤᠬᠢᠶᠠᠯ ᠪᠦᠳᠦᠬᠡᠯ ᠢ ᠶᠠᠷᠢᠯᠴᠠᠬᠤ ᠬᠤᠷᠠᠯ︾᠂ ︽ᠡᠮᠡᠭᠳᠡᠢ ᠵᠤᠬᠢᠶᠠᠯᠴᠢ ᠰᠤᠪᠤᠳ᠂ ᠪᠤᠤ ᠶᠢᠨ ᠬᠤᠸᠠ ᠶᠢᠨ ᠵᠤᠬᠢᠶᠠᠯ ᠪᠦᠳᠦᠬᠡᠯ ᠢ ᠰᠤᠳᠤᠯᠤᠨ ᠶᠠᠷᠢᠯᠴᠠᠬᠤ ᠬᠤᠷᠠᠯ︾᠂ ᠬᠤᠶᠠᠳᠤᠭᠠᠷ ᠬᠤᠭᠤᠴᠠᠭᠠᠨ ᠤ ︽ᠬᠤᠷᠴᠢᠨ ᠤᠷᠠᠨ ᠵᠤᠬᠢᠶᠠᠯ ᠤᠨ ᠰᠤᠳᠤᠯᠭᠠᠨ ᠤ ᠬᠤᠷᠠᠯ︾᠂ ᠪᠦᠷᠢᠨᠪᠠᠶᠠᠷ ᠤᠨ ᠮᠠᠳᠡᠬᠡᠯᠡᠯ ᠤᠨ ᠤᠷᠠᠨ ᠵᠤᠬᠢᠶᠠᠯ ︽ᠨᠢᠩᠵᠢᠨ ᠰᠡᠳᠭᠢᠯ︾ ᠤᠨ ᠲᠤᠬᠠᠢ ᠶᠠᠷᠢᠯᠴᠠᠬᠤ ᠬᠤᠷᠠᠯ᠂ ︽ᠪ᠊ · ᠬᠠᠩᠭᠠᠢ᠂ ᠰ᠊ · ᠪᠠᠭᠠᠳᠤᠷ ᠤᠨ ᠵᠤᠬᠢᠶᠠᠯ ᠪᠦᠳᠦᠬᠡᠯ ᠤᠨ ᠰᠤᠳᠤᠯᠤᠨ ᠶᠠᠷᠢᠯᠴᠠᠬᠤ ᠬᠤᠷᠠᠯ︾᠂ ᠪᠦᠬᠡᠳᠡᠯᠬᠡᠷ ᠤᠨ ᠪᠦᠳᠦᠬᠡᠯ ︽ᠲᠠᠷᠬᠠᠨ ᠴᠡᠩᠬᠡᠷ ᠠᠭᠤᠯᠠᠰ ᠤᠨ ᠶᠠᠷᠢᠯᠴᠠᠭ᠎ᠠ︾᠂ ᠪᠤᠷᠵᠢᠬᠢᠨ ᠡᠷᠬᠢᠮᠪᠠᠳᠤ ᠶᠢᠨ ᠪᠦᠳᠦᠬᠡᠯ — ︽ᠵᠤᠷᠢᠬᠳᠤ ᠪᠠᠭᠠᠳᠤᠷ ᠲᠤᠬᠳᠠᠬᠤ︾ ᠷᠤᠮᠡᠨ ᠢ ᠰᠤᠳᠤᠯᠤᠨ ᠶᠠᠷᠢᠯᠴᠠᠬᠤ ᠬᠤᠷᠠᠯ᠂ ︽ᠬᠠᠨ ᠲᠤᠭᠤ᠂ ᠪ᠊ · ᠵᠤᠷᠢᠬᠳᠤ ᠶᠢᠨ ᠵᠤᠬᠢᠶᠠᠯ ᠪᠦᠳᠦᠬᠡᠯ ᠢ ᠰᠤᠳᠤᠯᠤᠨ ᠶᠠᠷᠢᠯᠴᠠᠬᠤ ᠬᠤᠷᠠᠯ ᠁ ᠮᠠᠨ ᠤ ᠰᠡᠳᠬᠦᠯ ᠬᠡᠪᠯᠡᠯ ᠪᠠᠶᠢᠭᠤᠯᠤᠬᠳᠠᠬᠰᠠᠨ ᠠᠴᠠ ᠨᠠᠭᠠᠰᠢ ᠬᠤᠳᠠ ᠶᠢᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠵᠡᠷᠬᠡ ᠨᠢᠬᠡᠴᠢ ᠲᠠᠢ ᠬᠠᠮᠳᠤᠷᠠᠨ ᠤᠯᠠᠨ ᠤᠳᠠᠭ᠎ᠠ ᠶᠢᠨ ᠰᠢᠯᠢᠳᠡᠭ ᠵᠤᠬᠢᠶᠠᠯ ᠪᠦᠳᠦᠬᠡᠯ ᠤᠨ ᠲᠤᠬᠠᠢ ᠰᠤᠳᠤᠯᠤᠨ ᠶᠠᠷᠢᠯᠴᠠᠬᠤ ᠬᠤᠷᠠᠯ ᠢ ᠵᠤᠬᠢᠶᠠᠨ ᠪᠠᠶᠢᠭᠤᠯᠤᠨ ᠦᠷᠨᠢᠬᠦᠯᠵᠤ᠂ ᠮᠤᠩᠭᠤᠯ ᠤᠷᠠᠨ ᠵᠤᠬᠢᠶᠠᠯ ᠤᠨ ᠬᠦᠭᠵᠢᠯᠳᠠ ᠶᠢ ᠠᠬᠢᠭᠤᠯᠤᠬᠰᠠᠨ ᠪᠠᠶᠢᠨ᠎ᠠ᠃ ︽ᠬᠤᠷᠴᠢᠨ ᠤ ᠵᠠᠯᠠᠭᠤ ᠵᠤᠬᠢᠶᠠᠯᠴᠢᠳ ᠤᠨ ᠲᠤᠰᠬᠠᠢ ᠳ᠋ᠤᠭᠠᠷ︾᠂ ︽ᠬᠤᠷᠴᠢᠨ ᠤ ᠢᠳᠡᠷ ᠵᠤᠬᠢᠶᠠᠯᠴᠢᠳ ᠤᠨ ᠲᠤᠰᠬᠠᠢ ᠳ᠋ᠤᠭᠠᠷ︾᠂ ︽ᠬᠤᠷᠴᠢᠨ ᠤ ᠡᠮᠡᠭᠳᠡᠢ ᠵᠤᠬᠢᠶᠠᠯᠴᠢᠳ ᠤᠨ ᠲᠤᠰᠬᠠᠢ ᠳ᠋ᠤᠭᠠᠷ︾ ᠨᠡᠭᠡᠭᠡᠵᠦ ᠢᠷᠡᠭᠰᠡᠨ ᠪᠦᠭᠡᠳ ᠪᠠᠰᠠ ᠲᠤᠬᠳᠠᠮᠠᠯ ᠪᠤᠰᠤ ᠬᠤᠭᠤᠴᠠᠭ᠎ᠠ ᠲᠠᠢ ᠪᠠᠷ ︽ᠦᠵᠦᠭ ᠤᠨ ᠴᠤᠬᠯᠠᠭᠠᠨ︾᠂ ︽ᠦᠬᠡᠳᠡ ᠬᠤᠨᠳᠠᠭᠠᠳᠤ ᠤᠷᠠᠨ ᠵᠤᠬᠢᠶᠠᠯ ᠤᠨ ᠤᠷᠤᠯᠳᠤᠭᠠᠨ︾᠂ ︽ᠰᠤᠷᠤᠬᠴᠢᠳ ᠤᠨ ᠵᠤᠬᠢᠶᠠᠯ ᠤᠨ ᠱᠠᠩᠨᠠᠯᠳᠤ ᠤᠷᠤᠯᠳᠤᠭᠠᠨ︾ ᠵᠡᠷᠬᠡ ᠶᠢ ᠵᠤᠬᠢᠶᠠᠨ ᠪᠠᠶᠢᠭᠤᠯᠵᠤ ᠪᠠᠶᠢᠨ᠎ᠠ᠃ 
   ᠰᠤᠷᠪᠤᠯᠵᠢᠯᠠᠬᠴᠢ᠄ ︽ᠵᠢᠷᠢᠮ ᠤᠨ ᠤᠷᠠᠨ ᠵᠤᠬᠢᠶᠠᠯ︾ ᠤᠨ ᠪᠤᠰᠤᠳ ᠰᠡᠳᠬᠦᠯ ᠠᠴᠠ ᠢᠯᠭᠠᠬᠳᠠᠬᠤ ᠦᠪᠡᠷᠮᠢᠴᠡ ᠤᠨᠴᠠᠯᠢᠭ ᠬᠡᠪᠡᠯ ᠶᠠᠭᠤ ᠪᠠᠶᠢᠨ᠎ᠠ︖
   ᠪᠠᠢ ᠶᠢᠨ ᠱᠧᠩ᠄ ︽ᠵᠢᠷᠢᠮ ᠤᠨ ᠤᠷᠠᠨ ᠵᠤᠬᠢᠶᠠᠯ︾ ᠤᠷᠤᠨ ᠨᠤᠳᠤᠭ ᠤᠨ ᠤᠨᠴᠠᠯᠢᠭ ᠢᠶᠠᠷ ᠲᠤᠪᠤᠶᠢᠮ᠎ᠠ ᠪᠠᠶᠢᠵᠤ᠂ ᠢᠯᠡ ᠲᠤᠳᠤ ᠬᠤᠷᠴᠢᠨ ᠰᠤᠶᠤᠯ ᠤᠨ ᠢᠮ ᠲᠡᠮᠳᠡᠭ ᠲᠠᠢ᠃ ᠡᠨᠡ ᠨᠢ ᠨᠡᠶᠢᠳᠡᠯᠡᠭᠳᠡᠵᠤ ᠪᠠᠶᠢᠭ᠎ᠠ ᠵᠤᠬᠢᠶᠠᠯ ᠤᠨ ᠠᠭᠤᠯᠭ᠎ᠠ ᠵᠢᠴᠢ ᠵᠤᠬᠢᠶᠡᠨ ᠪᠦᠳᠦᠬᠡᠭᠴᠢᠳ ᠤᠨ ᠡᠩᠨᠡᠭᠡ ᠳᠤ ᠴᠦᠮ ᠢᠯᠡᠷᠡᠵᠤ ᠪᠠᠶᠢᠨ᠎ᠠ᠃ ᠪᠤᠳᠠᠳᠠᠢ ᠪᠠᠷ ᠬᠡᠯᠡᠪᠡᠯ᠂ ᠪᠦᠬᠦ ᠤᠯᠤᠰ ᠤᠨ ᠨᠠᠢᠮᠠᠨ ᠮᠤᠵᠢ ᠤᠷᠤᠨ ᠤ ᠮᠤᠩᠭᠤᠯ ᠤᠷᠠᠨ ᠪᠦᠳᠦᠬᠡᠯᠴᠢᠳ ᠠᠴᠠ ᠴᠦᠮ ᠮᠠᠨ ᠤ ᠰᠡᠳᠬᠦᠯ ᠳᠤ ᠡᠬᠡ ᠪᠢᠴᠢᠭ ᠢᠷᠡᠬᠦᠯᠳᠡᠭ ᠪᠤᠯᠪᠠᠴᠤ ᠤᠯᠠᠩᠬᠢ ᠨᠢ ᠵᠡᠬᠦᠨ ᠲᠦᠷᠪᠡᠨ ᠠᠶᠢᠮᠠᠭ ᠬᠤᠳᠠ ᠶᠢᠨ ᠬᠢ ᠪᠠᠶᠢᠵᠤ᠂ ᠵᠤᠬᠢᠶᠠᠯ ᠪᠦᠳᠦᠬᠡᠯ ᠤᠨ ᠠᠭᠤᠯᠭ᠎ᠠ ᠶᠢᠨ ᠬᠤᠪᠢ ᠳᠤ ᠴᠤ ᠬᠡᠰᠡᠨ ᠬᠤᠷᠴᠢᠨ ᠤ ᠠᠮᠢᠳᠦᠷᠠᠯ᠂ ᠬᠤᠷᠴᠢᠨ ᠰᠤᠶᠤᠯ ᠢᠶᠠᠷ ᠭᠤᠤᠯᠯᠠᠳᠠᠭ᠃ 
   ᠲᠤᠭᠤᠵᠢᠰ ᠤᠨ ᠵᠤᠬᠢᠶᠠᠯ ᠨᠢ ᠶᠡᠭᠡ ᠬᠡᠮᠵᠢᠶᠠᠨ ᠤ ᠬᠠᠭᠤᠳᠠᠰᠦ ᠬᠡᠮᠵᠢᠶ᠎ᠠ ᠶᠢ ᠡᠵᠡᠯᠡᠬᠦ ᠪᠤᠯ ︽ᠵᠢᠷᠢᠮ ᠤᠨ ᠤᠷᠠᠨ ᠵᠤᠬᠢᠶᠠᠯ︾ ᠰᠡᠳᠬᠦᠯ ᠤᠨ ᠤᠨᠴᠠᠯᠢᠭ ᠪᠦᠬᠡᠳ ᠲᠠᠪᠠᠭᠤᠯᠢᠭ ᠬᠡᠵᠤ ᠬᠡᠯᠡᠵᠤ ᠪᠤᠯᠤᠨ᠎ᠠ᠃ ᠮᠠᠨ ᠤ ᠰᠡᠳᠬᠦᠯ ᠤᠷᠠᠨ ᠵᠤᠬᠢᠶᠠᠯ ᠤᠨ ᠰᠡᠳᠬᠦᠯ ᠪᠤᠯᠪᠠᠴᠤ ᠬᠤᠷᠴᠢᠨ ᠤ ᠤᠯᠠᠮᠵᠢᠯᠠᠯᠳᠤ ᠰᠤᠶᠤᠯ ᠢᠶᠠᠨ ᠤᠯᠠᠮᠵᠢᠯᠠᠨ ᠬᠦᠭᠵᠢᠬᠦᠯᠬᠦ ᠡᠬᠦᠷᠬᠡ ᠬᠠᠷᠢᠭᠤᠴᠠᠯᠭ᠎ᠠ ᠶᠢ ᠴᠤ ᠡᠬᠦᠷᠭᠡᠯᠡᠭᠰᠡᠭᠡᠷ ᠢᠷᠡᠭᠰᠡᠨ ᠶᠤᠮ᠃ ᠪᠤᠳᠠᠳᠠᠢ ᠪᠠᠷ ᠬᠡᠯᠡᠪᠡᠯ᠂ ︽ᠦᠪ ᠰᠤᠶᠤᠯ︾ ᠬᠡᠬᠦ ᠲᠤᠰᠬᠠᠢ ᠪᠤᠯᠤᠩ ᠢ ᠤᠳᠠᠭᠠᠨ ᠵᠢᠯ ᠪᠠᠷᠢᠮᠳᠠᠯᠠᠭᠰᠠᠭᠠᠷ ᠢᠷᠡᠵᠤ᠂ ᠬᠤᠷᠴᠢᠨ ᠤ ᠲᠡᠦᠬᠡ ᠰᠤᠶᠤᠯ ᠢ ᠲᠠᠨᠢᠯᠴᠠᠭᠤᠯᠵᠤ ᠪᠤᠢ᠃ ᠤᠢᠢᠷ᠎ᠠ ᠶᠢᠨ ᠵᠢᠯ ᠠᠴᠠ᠂ ᠬᠤᠭᠤᠴᠠᠭ᠎ᠠ ᠪᠦᠷᠢ ᠶᠢᠨ ᠰᠡᠳᠬᠦᠯ ᠳᠡᠭᠡᠨ ᠬᠤᠷᠴᠢᠨ ᠤ ᠪᠠᠷ ᠵᠢᠷᠤᠭ ᠤᠨ ᠪᠦᠳᠦᠬᠡᠯ ᠢᠶᠠᠷ ᠨᠢᠭᠤᠷ ᠤᠨ ᠬᠠᠪᠢᠰᠦ ᠪᠠᠨ ᠪᠣᠯᠭᠠᠵᠤ᠂ ᠨᠢᠬᠡᠨ ᠢᠯᠡ ᠲᠤᠳᠤ ᠤᠨᠴᠠᠯᠢᠭ ᠢ ᠪᠦᠷᠢᠯᠳᠦᠬᠦᠯᠦᠭᠰᠠᠨ ᠪᠠᠶᠢᠨ᠎ᠠ᠃ 
   ᠰᠤᠷᠪᠤᠯᠵᠢᠯᠠᠬᠴᠢ᠄ ᠰᠡᠳᠬᠦᠯ ᠤᠨ ᠬᠢᠨ ᠰᠢ ᠶᠢᠨ ᠫᠢᠩ ᠤᠨ ᠰᠢᠨ᠎ᠠ ᠴᠠᠭ ᠦᠶ᠎ᠠ ᠶᠢᠨ ᠤᠳᠬ᠎ᠠ ᠤᠷᠠᠯᠢᠭ ᠤᠨ ᠦᠵᠡᠯ ᠰᠠᠨᠠᠭ᠎ᠠ ᠶᠢ ᠬᠡᠷᠬᠢᠨ ᠦᠢᠯᠡᠳᠦᠯᠬᠡᠵᠢᠬᠦᠯᠵᠤ ᠪᠠᠶᠢᠬᠤ ᠪᠤᠢ︖ 
   ᠪᠠᠢ ᠶᠢᠨ ᠱᠧᠩ᠄ 2014 ᠤᠨ ᠤ 11 ᠳ᠋ᠤᠭᠡᠷ ᠬᠤᠭᠤᠴᠠᠭᠠᠨ ᠳᠤ ︽ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶ᠎ᠠ ᠶᠢ ᠰᠠᠶᠢᠳᠤᠷ ᠰᠤᠷᠤᠯᠴᠠᠵᠤ᠂ ᠤᠳᠬ᠎ᠠ ᠤᠷᠠᠯᠢᠭ ᠤᠨ ᠦᠢᠯᠡᠰ ᠤᠨ ᠶᠡᠭᠡ ᠬᠦᠭᠵᠢᠯᠳᠠ ᠶᠢ ᠠᠬᠢᠭᠤᠯᠤᠶ᠎ᠠ︾ ᠬᠡᠬᠦ ᠲᠤᠰᠬᠠᠢ ᠶᠠᠷᠢᠯᠴᠠᠭᠠᠨ ᠤ ᠪᠤᠯᠤᠩ ᠡᠷᠬᠢᠯᠡᠵᠤ᠂ ᠶᠡᠷᠦᠩᠬᠡᠢ ᠱᠦᠵᠢ ᠰᠢ ᠶᠢᠨ ᠫᠢᠩ ᠤᠨ ᠰᠢᠨ᠎ᠠ ᠴᠠᠭ ᠦᠶ᠎ᠠ ᠶᠢᠨ ᠤᠳᠬ᠎ᠠ ᠤᠷᠠᠯᠢᠭ ᠤᠨ ᠦᠵᠠᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠤᠬᠰᠠᠨ ᠵᠤᠬᠢᠶᠠᠯ ᠪᠦᠳᠦᠬᠡᠯ ᠢ ᠨᠡᠶᠢᠳᠡᠯᠡᠬᠦᠯᠵᠡᠢ᠃ ᠲᠤᠰ ᠵᠢᠯ ᠪᠠᠰᠠ ︽ᠲᠤᠮᠳᠠᠳᠤ ᠶᠢᠨ ᠬᠦᠰᠡᠯ ᠵᠡᠬᠦᠳᠤ︾ ᠦᠬᠦᠯᠡᠯᠬᠡ ᠨᠠᠶᠢᠷᠠᠭᠤᠯᠤᠯ ᠤᠨ ᠲᠤᠰᠬᠠᠢ ᠪᠤᠯᠤᠩ ᠡᠷᠬᠢᠯᠡᠭᠰᠡᠨ ᠪᠠ 2015 ᠤᠨ ᠤ 1 ᠳ᠋ᠤᠬᠡᠷ ᠬᠤᠭᠤᠴᠠᠭ᠎ᠠ ᠠᠴᠠ ᠡᠬᠢᠯᠡᠵᠤ᠂ ︽ᠬᠠᠯᠠᠭᠤᠨ ᠰᠢᠷᠦᠢ︾ ᠬᠡᠬᠦ ᠪᠤᠯᠤᠩ ᠨᠡᠬᠡᠬᠡᠵᠤ᠂ ᠵᠤᠬᠢᠶᠠᠯᠴᠢᠳ ᠤᠨ ︽ᠠᠮᠢᠳᠦᠷᠠᠯ ᠳᠤ ᠬᠦᠨᠵᠡᠬᠡᠶᠢᠷᠡᠵᠤ᠂ ᠠᠷᠠᠳ ᠲᠦᠮᠡᠨ ᠤ ᠲᠤᠮᠳᠠ ᠦᠨᠳᠦᠰᠦᠯᠡᠬᠦ︾ ᠴᠢᠭᠯᠡᠬᠦᠯᠦᠯᠳᠤ ᠴᠢᠨᠠᠷᠳᠠᠢ ᠵᠤᠬᠢᠶᠠᠯ ᠪᠦᠳᠦᠬᠡᠯ ᠢ ᠨᠡᠶᠢᠳᠡᠯᠡᠵᠤ ᠡᠬᠢᠯᠡᠭᠰᠠᠨ ᠪᠠᠶᠢᠨ᠎ᠠ᠃ ᠰᠡᠳᠬᠦᠯ ᠤᠨ ᠨᠠᠶᠢᠷᠠᠭᠤᠯᠤᠬᠴᠢᠳ ᠤᠨ ᠬᠤᠪᠢ ᠳᠤ᠂ ︽ᠨᠡᠶᠢᠬᠡᠮ ᠵᠢᠷᠦᠮ ᠳᠤ ᠦᠢᠯᠡᠴᠢᠯᠡᠬᠦ᠂ ᠠᠷᠠᠳ ᠲᠦᠮᠡᠨ ᠳᠤ ᠦᠢᠯᠡᠴᠢᠯᠡᠬᠦ︾ ᠰᠡᠳᠬᠦᠯ ᠡᠷᠬᠢᠯᠡᠬᠦ ᠴᠢᠭᠯᠡᠯ ᠢ ᠢᠮᠠᠬᠳᠠ ᠴᠢᠩᠭ᠎ᠠ ᠪᠠᠷᠢᠮᠳᠠᠯᠠᠵᠤ᠂ ᠵᠤᠬᠢᠶᠠᠯ ᠪᠦᠳᠦᠬᠡᠯ ᠢ ᠬᠢᠨᠠᠵᠤ ᠨᠠᠶᠢᠷᠠᠭᠤᠯᠬᠤ ᠠᠵᠢᠯ ᠲᠤᠮᠳᠠ ᠪᠠᠨ ᠤᠯᠤᠰ ᠲᠦᠷᠦ ᠶᠢᠨ ᠵᠦᠪ ᠴᠢᠭᠯᠡᠯ ᠢ ᠭᠤᠶᠢᠪᠢᠰᠢ ᠦᠬᠡᠢ ᠴᠢᠩᠭ᠎ᠠ ᠪᠠᠷᠢᠮᠳᠠᠯᠠᠵᠤ᠂ ᠨᠠᠮ᠂ ᠡᠬᠡ ᠤᠷᠤᠨ᠂ ᠠᠷᠠᠳ ᠲᠦᠮᠡᠨ᠂ ᠪᠠᠭᠠᠳᠤᠷᠴᠤᠳ ᠢᠶᠠᠨ ᠮᠠᠬᠳᠠᠨ ᠲᠠᠭᠤᠯᠠᠬᠰᠠᠨ᠂ ᠦᠵᠡᠯ ᠰᠠᠨᠠᠭ᠎ᠠ ᠨᠢ ᠬᠦᠨᠵᠡᠬᠡᠢ᠂ ᠤᠷᠠᠯᠢᠭ ᠨᠢ ᠭᠤᠶᠢᠳᠠ᠂ ᠵᠤᠬᠢᠶᠠᠨ ᠪᠦᠳᠦᠬᠡᠯᠬᠡ ᠤᠬᠢ ᠰᠠᠶᠢᠨ ᠰᠤᠳᠤᠨ ᠪᠦᠳᠦᠬᠡᠯ ᠤᠳ ᠢ ᠠᠷᠠᠳ ᠤᠯᠠᠨ ᠳᠠᠭᠠᠨ ᠬᠦᠷᠬᠡᠵᠤ᠂ ᠲᠡᠳᠡ ᠨᠡᠷ ᠤᠨ ᠤᠷᠤᠬᠰᠢ ᠲᠠᠪᠰᠢᠬᠤ ᠳᠤᠨᠢ ᠬᠡᠷᠡᠯ ᠬᠡᠬᠡ᠂ ᠵᠦᠭ ᠴᠢᠭᠯᠡᠯ ᠢ ᠵᠢᠭᠠᠵᠤ ᠦᠭᠴᠦ ᠪᠠᠶᠢᠨ᠎ᠠ᠃
   ᠰᠤᠷᠪᠤᠯᠵᠢᠯᠠᠬᠴᠢ᠄ ︽ᠵᠢᠷᠢᠮ ᠤᠨ ᠤᠷᠠᠨ ᠵᠤᠬᠢᠶᠠᠯ︾ ᠰᠡᠳᠬᠦᠯ ᠤᠨ ᠬᠤᠶᠢᠰᠢᠳᠠ ᠶᠢᠨ ᠬᠦᠭᠵᠢᠯᠳᠠ ᠶᠢᠨ ᠲᠦᠰᠦᠪ ᠲᠦᠯᠦᠪᠯᠡᠭᠡ ᠶᠠᠭᠤ ᠪᠠᠶᠢᠨ᠎ᠠ︖ 
   ᠪᠡᠢ ᠶᠢᠨ ᠱᠧᠩ᠄ ᠨᠢᠳᠤᠨᠤᠨ ᠠᠴᠠ ᠨᠠᠭᠠᠰᠢ᠂ ᠬᠤᠰᠢᠭᠤ ᠲᠡᠰ ᠤᠨ ᠵᠢᠩᠬᠢᠨᠢ ᠳ᠋ᠤᠭᠠᠷ ᠦᠬᠡᠢ ᠰᠡᠳᠬᠦᠯ ᠤᠳ ᠢ ᠴᠦᠮ ᠬᠡᠪᠯᠡᠯ ᠵᠤᠬᠰᠤᠭᠠᠬᠰᠠᠨ ᠲᠤᠯᠠ ᠬᠤᠰᠢᠭᠤ ᠰᠢᠶᠠᠨ ᠤ ᠲᠤᠰᠬᠠᠢ ᠳ᠋ᠤᠭᠠᠷ ᠢ ᠨᠡᠬᠡᠬᠡᠵᠤ᠂ ᠦᠨᠳᠦᠰᠦᠨ ᠱᠠᠳᠤᠨ ᠤ ᠮᠠᠯᠴᠢᠨ ᠲᠠᠷᠢᠶᠠᠴᠢᠨ ᠵᠤᠬᠢᠶᠠᠬᠴᠢᠳ ᠲᠤ ᠵᠤᠬᠢᠶᠠᠯ ᠪᠦᠳᠦᠬᠡᠯ ᠢᠶᠠᠨ ᠨᠡᠶᠢᠳᠡᠯᠡᠬᠦᠯᠬᠦ ᠲᠠᠪᠴᠠᠩ ᠬᠠᠩᠭᠠᠵᠤ ᠦᠭᠬᠦ ᠲᠦᠯᠦᠪᠯᠡᠭᠡ ᠪᠠᠶᠢᠨ᠎ᠠ᠃ ᠵᠤᠬᠢᠶᠠᠯ ᠪᠦᠳᠦᠬᠡᠯ ᠤᠨ ᠢᠷᠡᠯᠳᠡ ᠶᠢ ᠪᠠᠳᠤᠯᠠᠵᠤ ᠶᠠᠰᠦ ᠴᠢᠨᠡᠷ ᠢ ᠲᠡᠬᠡᠭᠰᠢᠯᠡᠬᠦᠯᠬᠦ ᠶᠢᠨ ᠲᠦᠯᠦᠬᠡ ᠬᠡᠷᠡᠳᠤ ᠵᠤᠬᠢᠶᠠᠯᠴᠢ ᠶᠢᠨ ᠲᠦᠷᠢᠮ ᠢ ᠬᠡᠷᠡᠭᠵᠢᠬᠦᠯᠵᠤ᠂ ᠡᠬᠡ ᠪᠢᠴᠢᠭ ᠤᠨ ᠬᠠᠷᠠᠮᠵᠢ ᠮᠦᠩᠬᠦ ᠪᠠᠨ ᠠᠯᠢ ᠴᠢᠳᠠᠬᠤ ᠪᠠᠷ ᠲᠡᠬᠡᠭᠰᠢᠯᠡᠬᠦᠯᠦᠨ᠎ᠠ᠃ ᠲᠦᠷᠦᠬᠦᠬᠡᠨ ᠰᠠᠶ᠋ᠢ ᠤᠩᠰᠢᠭᠴᠢᠳ ᠲᠠᠢ ᠵᠤᠯᠭᠠᠬᠰᠠᠨ ︽ᠵᠢᠷᠢᠮ ᠤᠨ ᠤᠷᠠᠨ ᠵᠤᠬᠢᠶᠠᠯ︾ ᠰᠡᠳᠬᠦᠯ ᠤᠨ ᠵᠢᠷᠬᠢᠶ᠎ᠠ ᠲᠠᠪᠴᠠᠩ ᠢᠶᠠᠨ ᠰᠠᠶᠢᠳᠤᠷ ᠡᠷᠬᠢᠯᠡᠵᠤ᠂ ᠨᠡᠩ ᠪᠡᠶᠡᠯᠢᠭ᠋ ᠠᠭᠤᠯᠭ᠎ᠠ ᠪᠠᠷ ᠦᠷᠬᠡᠨ ᠤᠯᠠᠨ ᠤᠩᠰᠢᠬᠴᠢᠳ ᠤᠨ ᠢᠶᠠᠨ ᠤᠶᠤᠨ ᠤ ᠮᠡᠯᠮᠡᠢ ᠶᠢ ᠮᠢᠯᠢᠶᠡᠵᠤ᠂ ᠤᠬᠠᠭᠠᠨ ᠤ ᠲᠡᠯᠡᠬᠡᠢ ᠶᠢ ᠨᠢ ᠬᠡᠶᠢᠬᠦᠯᠦᠨ᠎ᠡ᠃  ᠵᠣᠬᠢᠶᠠᠭᠴᠢ᠄  ᠰᠢᠦ ᠬᠤᠸᠠ    
     
     