-
35802
2025-06-13 22:40
0
0
ᠪᠣᠷᠣ ᠰᠦᠭᠮᠧᠯ
ᠲᠤᠰ ᠡᠮ ᠪᠣᠯ ᠭᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠪᠣᠷᠣ ᠰᠦᠭᠮᠧᠯ ᠦ᠋ᠨ ᠪᠣᠯᠪᠠᠰᠤᠷᠠᠮᠠᠯ ᠵᠢᠮᠢᠰ ᠮᠥᠨ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃1 ~ 3cm ᠥᠨᠳᠥᠷ᠂ ᠦᠨᠳᠦᠰᠦᠯᠢᠭ ᠡᠰᠢ ᠨᠢ ᠬᠥᠨᠳᠡᠯᠡᠨ ᠤᠷᠭᠤᠨ᠎ᠠ᠃ ᠡᠰᠢ ᠨᠢ ᠰᠢᠯᠤᠭᠤᠨ᠂ ᠨᠠᠪᠴᠢ ᠨᠢ2 ᠮᠥᠷ᠃ ᠨᠠᠪᠴᠢ ᠨᠢ ᠥᠷᠭᠡᠨ ᠬᠠᠪᠲᠠᠭᠠᠢ ᠲᠡᠪᠡᠨᠡ ᠬᠡᠯᠪᠡᠷᠢ ᠲᠡᠢ᠂20 ~ 35cm ᠤᠷᠲᠤ᠂3 ~ 6cm ᠥᠷᠭᠡᠨ᠂ ᠱᠣᠪᠲᠤᠭᠤᠷ ᠦᠵᠦᠭᠦᠷ᠂ ᠥᠷᠭᠡᠨ ᠱᠠᠭᠠᠨᠲᠠᠭ ᠤᠭ ᠲᠠᠢ᠂ ᠨᠠᠷᠢᠨ ᠬᠢᠷᠥᠭᠡᠨ ᠰᠢᠳᠦᠲᠦ ᠬᠥᠪᠡᠭᠡ ᠲᠡᠢ ᠪᠥᠭᠡᠳ ᠵᠢᠵᠢᠭ ᠬᠠᠲᠠᠭᠤ ᠦᠰᠦ ᠲᠡᠢ᠂ ᠥᠪᠥᠷ ᠲᠠᠯ᠎ᠠ ᠨᠢ ᠭᠦᠨ ᠨᠣᠭᠣᠭᠠᠨ᠂ ᠠᠷᠤ ᠨᠢ ᠭᠦᠢᠬᠡᠨ ᠨᠣᠭᠣᠭᠠᠨ᠂ ᠬᠣᠶᠠᠷ ᠲᠠᠯ᠎ᠠ ᠳ᠋ᠤᠨᠢ ᠦᠰᠦ ᠦᠭᠡᠢ᠃ ᠴᠠᠴᠤᠭ ᠬᠡᠯᠪᠡᠷᠢᠲᠦ ᠪᠠᠭ ᠨᠢ ᠡᠰᠢᠨ ᠦ᠌ ᠣᠷᠣᠢ ᠳ᠋ᠤ᠌ ᠳᠡᠯᠭᠡᠷᠡᠨ᠎ᠡ᠃ ᠰᠢᠯᠤᠭᠤᠨ᠂8 ~ 15cm ᠤᠷᠲᠤ᠂ ᠴᠣᠮᠣᠷᠯᠢᠭ ᠭᠠᠷᠬᠤ ᠦᠶ᠎ᠡ ᠳ᠋ᠡᠭᠡᠨ ᠲᠣᠭᠳᠣᠢ ᠰᠢᠭ᠋ ᠪᠠᠭᠯᠠᠭᠴᠢ ᠢᠯᠲᠠᠰᠤ ᠳᠣᠲᠣᠷ᠎ᠠ ᠨᠢ ᠨᠢᠭᠤᠭᠳᠠᠵᠤ ᠪᠠᠢᠳᠠᠭ᠃ ᠪᠠᠭ ᠴᠡᠴᠡᠭ ᠦ᠋ᠨ ᠪᠠᠷᠢᠭᠤᠯ ᠨᠢ ᠴᠡᠴᠡᠭᠯᠡᠬᠦ ᠦᠶ᠎ᠡ ᠳ᠋ᠦ᠍ ᠵᠢᠭᠠᠬᠠᠨ ᠮᠤᠷᠤᠢᠨ᠎ᠠ᠃ ᠤᠯᠠᠪᠤᠷ ᠥᠩᠭᠡ ᠲᠡᠢ᠂ ᠮᠠᠰᠢ ᠣᠬᠣᠷ ᠵᠥᠭᠡᠯᠡᠨ ᠦᠰᠦ ᠲᠡᠢ᠃ ᠴᠡᠴᠡᠭ ᠦ᠋ᠨ ᠪᠠᠷᠢᠭᠤᠯ ᠨᠢ1 ~ 2mm ᠤᠷᠲᠤ᠃ ᠪᠠᠭᠯᠠᠭᠴᠢ ᠢᠯᠲᠠᠰᠤ ᠨᠢ ᠬᠠᠯᠢᠰᠤᠯᠢᠭ᠂ ᠤᠯᠠᠪᠤᠷ ᠥᠩᠭᠡ ᠲᠡᠢ᠃ ᠴᠡᠴᠡᠭ ᠦ᠋ᠨ ᠲᠣᠭᠳᠣᠢ ᠨᠢ ᠴᠣᠷᠭᠣ ᠰᠢᠭ᠋᠂1.2cm ᠣᠷᠴᠢᠮ ᠤᠷᠲᠤ᠂3 ᠭᠦᠢᠬᠡᠨ ᠬᠡᠷᠴᠢᠶᠡᠰᠦ ᠣᠨᠢ ᠲᠠᠢ᠂ ᠨᠢᠭᠡ ᠬᠠᠵᠠᠭᠤ ᠶ᠋ᠢᠨ ᠬᠢᠨᠢ ᠭᠦᠨ ᠣᠨᠢ ᠭᠠᠷᠳᠠᠭ᠂ ᠣᠬᠣᠷ ᠵᠥᠭᠡᠯᠡᠨ ᠦᠰᠦ ᠲᠡᠢ᠃ ᠴᠡᠴᠡᠭ ᠦ᠋ᠨ ᠳᠡᠯᠪᠢ ᠶ᠋ᠢᠨ ᠴᠣᠷᠭᠣ ᠨᠢ ᠲᠣᠭᠳᠣᠢ ᠶ᠋ᠢᠨ ᠴᠣᠷᠭᠣ ᠲᠠᠢ ᠪᠠᠨ ᠪᠠᠷᠤᠭ ᠲᠡᠩᠴᠡᠭᠦᠦ ᠤᠷᠲᠤ᠂3 ᠰᠡᠵᠢᠭᠦᠷ ᠢᠯᠲᠠᠰᠤ ᠲᠠᠢ ᠤᠷᠲᠤᠯᠵᠢᠨ ᠲᠣᠭᠣᠷᠢᠭ ᠬᠡᠯᠪᠡᠷᠢ ᠲᠡᠢ᠂1.8cm ᠤᠷᠲᠤ᠂ ᠳᠡᠭᠡᠷ᠎ᠡ ᠲᠠᠯ᠎ᠠ ᠶ᠋ᠢᠨ ᠢᠯᠲᠠᠰᠤ ᠨᠢ ᠪᠠᠭᠠᠬᠠᠨ ᠥᠷᠭᠡᠨ᠂ ᠭᠠᠳᠠᠷ ᠨᠢ ᠵᠥᠭᠡᠯᠡᠨ ᠣᠬᠣᠷ ᠦᠰᠦ ᠲᠡᠢ᠃ ᠤᠷᠤᠭᠤᠯ ᠬᠡᠯᠲᠡᠰ ᠨᠢ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂2cm ᠣᠷᠴᠢᠮ ᠤᠷᠲᠤ᠂ ᠶᠠᠭᠠᠨ ᠥᠩᠭᠡ ᠲᠡᠢ ᠪᠥᠭᠡᠳ ᠤᠯᠠᠭᠠᠨ ᠵᠤᠷᠪᠤᠰᠯᠢᠭ ᠠᠷᠲᠠᠢ᠂3 ᠭᠦᠢᠬᠡᠨ ᠣᠨᠢᠲᠤ ᠦᠵᠦᠭᠦᠷ ᠲᠡᠢ᠂ ᠳᠤᠮᠳᠠᠬᠢ ᠰᠡᠵᠢᠭᠦᠷ ᠢᠯᠲᠠᠰᠤ ᠨᠢ ᠭᠦᠳᠦᠭᠦᠷ᠂ ᠳᠣᠯᠭᠢᠶᠠᠯᠢᠭ ᠬᠥᠪᠡᠭᠡ ᠲᠡᠢ᠃ ᠳᠣᠷᠣᠢᠲᠠᠭᠰᠠᠨ ᠡᠷ᠎ᠡ ᠲᠣᠭᠣᠷᠴᠣᠭ ᠨᠢ ᠰᠢᠪᠦᠭᠡᠨ ᠬᠡᠯᠪᠡᠷᠢ ᠲᠡᠢ᠂2mm ᠣᠷᠴᠢᠮ ᠤᠷᠲᠤ᠃1 ᠡᠷ᠎ᠡ ᠲᠣᠭᠣᠷᠴᠣᠭ ᠲᠠᠢ᠂ ᠳᠣᠬᠢᠭᠤᠷ ᠨᠢ ᠬᠠᠪᠲᠠᠭᠠᠢ᠂ ᠨᠠᠷᠢᠬᠠᠨ᠂ ᠪᠠᠷᠤᠭ1.2cm ᠤᠷᠲᠤ᠂ ᠲᠣᠭᠣᠰᠣᠪᠴᠢ ᠨᠢ ᠲᠣᠭᠣᠷᠢᠭ ᠬᠡᠯᠪᠡᠷᠢ ᠲᠡᠢ᠂7mm ᠣᠷᠴᠢᠮ ᠤᠷᠲᠤ᠂ ᠲᠣᠭᠣᠰᠣᠪᠴᠢ ᠶ᠋ᠢᠨ ᠲᠠᠰᠤᠯᠤᠪᠴᠢ ᠶ᠋ᠢᠨ ᠦᠵᠦᠭᠦᠷ ᠲᠤᠨᠢ ᠲᠣᠭᠣᠷᠢᠭ ᠲᠠᠬᠢᠶᠠᠨ ᠰᠡᠴᠢᠭ ᠰᠢᠭ ᠳᠠᠭᠠᠯᠳᠤᠪᠤᠷᠢ ᠡᠳ᠋ ᠲᠡᠢ᠃ ᠨᠢᠭ ᠴᠡᠯᠮᠡᠨ ᠦᠰᠦ ᠲᠡᠢ᠃ ᠳᠡᠭᠡᠷ᠎ᠡ ᠬᠡᠰᠡᠭ ᠲᠦ᠋ᠨᠢ2 ᠰᠢᠲᠠᠮ ᠰᠢᠭ ᠳᠠᠭᠠᠯᠳᠤᠪᠤᠷᠢ ᠡᠳ᠋ ᠲᠡᠢ᠂ ᠴᠡᠴᠡᠭ ᠦ᠋ᠨ ᠪᠠᠭᠠᠨ᠎ᠠ ᠨᠢ ᠨᠠᠷᠢᠨ ᠤᠷᠲᠤ᠂ ᠪᠠᠭᠠᠨ᠎ᠠ ᠶ᠋ᠢᠨ ᠠᠮᠠᠰᠠᠷ ᠨᠢ ᠲᠣᠯᠣᠭᠠᠢ ᠬᠡᠯᠪᠡᠷᠢ ᠲᠡᠢ᠂ ᠲᠠᠷᠮᠠᠭ ᠢᠷᠮᠡᠭ ᠦᠰᠦ ᠲᠡᠢ᠃ ᠬᠣᠩᠭᠣᠷᠴᠣᠭᠲᠤ ᠵᠢᠮᠢᠰ ᠨᠢ ᠵᠤᠤᠪᠠᠩ ᠬᠡᠯᠪᠡᠷᠢ ᠲᠡᠢ᠂1.5 ~2cm ᠤᠷᠲᠤ᠂ ᠳ᠋ᠢᠶᠠᠮᠧᠲ᠋ᠷ ᠨᠢ1cm ᠣᠷᠴᠢᠮ᠂ ᠬᠠᠭᠠᠷᠠᠬᠤ ᠦᠭᠡᠢ᠂ ᠲᠠᠷᠮᠠᠭ ᠦᠰᠦ ᠲᠡᠢ ᠪᠤᠶᠤ ᠭᠥᠯᠢᠭᠡᠷ᠂ ᠵᠢᠮᠢᠰ ᠦ᠋ᠨ ᠬᠠᠯᠢᠰᠤᠨ ᠳᠡᠭᠡᠷ᠎ᠡ ᠨᠢ ᠢᠯᠡᠬᠡᠨ ᠭᠤᠯᠳᠤ ᠴᠣᠷᠭᠣᠯᠢᠭ ᠪᠠᠭᠴᠠ ᠶ᠋ᠢᠨ ᠵᠤᠷᠪᠤᠰᠯᠢᠭ ᠠᠷᠲᠠᠢ᠂ ᠪᠣᠯᠪᠠᠰᠤᠷᠠᠪᠠᠯ ᠰᠢᠷᠠᠩᠭᠤᠢ ᠨᠣᠭᠣᠭᠠᠨ ᠪᠣᠯᠳᠠᠭ᠃ ᠣᠯᠠᠨ ᠦᠷ᠎ᠡ ᠲᠡᠢ᠃ ᠪᠦᠳᠡᠭᠢ ᠤᠯᠠᠪᠤᠷ ᠥᠩᠭᠡ ᠲᠡᠢ᠂ ᠣᠯᠠᠨ ᠲᠠᠯᠠᠲᠤ ᠬᠡᠯᠪᠡᠷᠢ ᠲᠡᠢ᠃1 ~ 3 ᠳ᠋ᠤᠭᠠᠷ ᠰᠠᠷ᠎ᠠ ᠳ᠋ᠤ᠌ ᠴᠡᠴᠡᠭᠯᠡᠵᠦ᠂3 ~ 6 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠣᠢ ᠶ᠋ᠢᠨ ᠳᠣᠲᠣᠷ᠎ᠠ᠂ ᠰᠡᠭᠦᠳᠡᠷ ᠲᠦ᠍ ᠤᠷᠭᠤᠨ᠎ᠠ᠃ ᠭᠤᠸᠠᠩᠳᠦ᠋ᠩ᠂ ᠬᠠᠢᠨᠠᠨ ᠳ᠋ᠤ᠌ ᠲᠠᠷᠬᠠᠴᠠ ᠲᠠᠢ᠃ ᠹᠦᠵᠢᠶᠠᠨ᠂ ᠭᠤᠸᠠᠩᠰᠢ᠂ ᠶᠦᠨᠨᠠᠨ ᠳ᠋ᠤ᠌ ᠠᠷᠠᠴᠢᠯᠠᠨ ᠲᠠᠷᠢᠵᠤ ᠪᠠᠢᠨ᠎ᠠ᠃
[ ᠲᠡᠭᠦᠵᠦ ᠪᠣᠯᠪᠠᠰᠤᠷᠠᠭᠤᠯᠬᠤ]5 ~ 6 ᠳ᠋ᠤᠭᠠᠷ ᠰᠠᠷ᠎ᠠ ᠶ᠋ᠢᠨ ᠬᠣᠭᠣᠷᠣᠨᠳᠣ ᠵᠢᠮᠢᠰ ᠨᠢ ᠰᠢᠷᠠᠩᠭᠤᠢ ᠨᠣᠭᠣᠭᠠᠨ ᠪᠣᠯᠬᠤ ᠦᠶ᠎ᠡ ᠳ᠋ᠦ᠍ ᠲᠡᠭᠦᠵᠦ᠂ ᠴᠢᠬᠢᠷᠰᠦᠨ ᠳᠡᠭᠡᠷ᠎ᠡ ᠳᠡᠯᠭᠡᠨ᠂ ᠨᠠᠷᠠᠨ ᠳ᠋ᠤ᠌ ᠬᠠᠲᠠᠭᠠᠬᠤ ᠪᠤᠶᠤ ᠬᠠᠭᠰᠠᠭᠠᠵᠤ ᠬᠠᠲᠠᠭᠠᠨ᠎ᠠ᠃ [ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ᠂ ᠪᠦᠯᠢᠶᠡᠨ ᠴᠢᠨᠠᠷ ᠲᠠᠢ᠂ ᠬᠥᠩᠭᠡᠨ᠂ ᠬᠠᠭᠤᠷᠠᠢ᠂ ᠲᠣᠰᠣᠯᠢᠭ᠂ ᠬᠤᠷᠴᠠ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠪᠥᠭᠡᠷᠡᠨ ᠦ᠌ ᠬᠦᠢᠲᠡᠨ ᠢ᠋ ᠠᠷᠢᠯᠭᠠᠬᠤ᠂ ᠬᠡᠢ ᠶ᠋ᠢ ᠳᠠᠷᠤᠬᠤ᠂ ᠢᠯᠴᠢ ᠶ᠋ᠢ ᠰᠡᠯᠪᠢᠬᠦ᠂ ᠢᠳᠡᠭᠡᠨ ᠢ᠋ ᠰᠢᠩᠭᠡᠭᠡᠬᠦ᠂ ᠳᠤᠷ᠎ᠠ ᠶ᠋ᠢ ᠨᠡᠭᠡᠭᠡᠬᠦ᠂ ᠪᠥᠭᠡᠯᠵᠢᠬᠦ ᠶ᠋ᠢ ᠵᠣᠭᠰᠣᠭᠠᠬᠤ ᠴᠢᠳᠠᠯ ᠲᠠᠢ᠂ ᠭᠣᠣᠯᠳᠠᠭᠤ ᠪᠥᠭᠡᠷᠡᠨ ᠦ᠌ ᠬᠦᠢᠲᠡᠨ᠂ ᠪᠥᠭᠡᠷᠡᠨ ᠦ᠌ ᠬᠡᠢ᠂ ᠪᠥᠭᠡᠷᠡᠨ ᠦ᠌ ᠠᠷᠬᠠᠭ᠂ ᠪᠥᠭᠡᠷᠡᠨ ᠦ᠌ ᠳ᠋ᠠᠷᠭᠠᠨ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 益智仁 (益智)
ᠠᠩᠭ᠌ᠯᠢ ᠨᠡᠷ᠎ᠡ᠄Alpinia oxyphlla Miq.