- ᠪᠤᠷᠵᠢᠬᠢᠨ ᠪᠣᠦ ᠵᠦ
ᠨᠠᠢ᠌ᠮᠠᠨ ᠬᠣᠰᠢᠭᠤ
964
︽ ᠣᠨᠴᠠᠭᠠᠢ ᠲᠠᠪᠢᠯᠠᠩ︾ ᠭᠡᠬᠦ ᠨᠣᠮ ᠢ ᠤᠩᠰᠢᠭᠠᠳ
2022-08-08 17:35
66
0
ᠬᠦᠦ ᠶᠢᠨ ᠮᠢᠨᠢ ᠪᠥᠬᠡ ᠶᠢᠨ ᠱᠠᠩᠨᠠᠯ ᠢᠶᠠᠷ ᠣᠯᠤᠭᠰᠠᠨ ᠴᠢᠨᠤ᠎ᠠ ᠶᠢᠨ ᠱᠠᠭ᠎ᠠ ᠴᠤᠪᠤᠷᠠᠯ ᠪᠢᠴᠢᠭ᠌ ᠤᠨ︽ ᠣᠨᠴᠠᠭᠠᠢ ᠲᠠᠪᠢᠯᠠᠩ︾ ᠭᠡᠬᠦ ᠨᠣᠮ ᠢ ᠤᠩᠰᠢᠭᠠᠳ
-ᠨᠠᠢᠮᠠᠨ ᠬᠣᠰᠢᠭᠤᠨ ᠤ ᠪᠠᠢᠰᠢᠩᠲᠦ ᠳᠠᠬᠢ ᠮᠣᠩᠭᠤᠯ ᠦᠨᠳᠦᠰᠦᠲᠡᠨ ᠤ ᠰᠤᠷᠭᠠᠭᠤᠯᠢ ᠪᠤᠤ ᠵᠣ
ᠲᠤᠰ ᠨᠣᠮ ᠤᠨ ᠵᠣᠬᠢᠶᠠᠭᠴᠢ᠂ ᠮᠣᠩᠭᠣᠯ ᠣᠯᠣᠰ ᠤᠨ ᠠ᠊᠂ ᠴᠣᠢᠵᠠᠮᠰᠤ ᠪᠣᠯᠤᠨ᠎ᠠ᠃
ᠲᠤᠰ ᠨᠣᠮ ᠢ ᠪᠢ ᠬᠤᠶᠠᠷ ᠤᠳᠠᠭ᠎ᠠ ᠤᠩᠰᠢᠭᠠᠳ ᠵᠣᠬᠢᠶᠠᠯ ᠤᠨ ᠭᠣᠣᠯ ᠪᠠᠭᠠᠲᠤᠷ ᠴᠣᠢᠪᠠᠯᠰᠠᠩ ᠢ ᠳᠡᠮᠡᠢ ᠣᠢᠯᠠᠭᠠᠭ᠎ᠠ ᠦᠭᠡᠢ ᠪᠠᠢᠨ᠎ᠠ᠃︽ᠲᠡᠷᠡ ᠴᠣᠬᠤᠮ ᠮᠣᠩᠭᠤᠯ ᠳᠤ ᠠᠰᠢᠭ ᠬᠦᠷᠲᠡᠭᠡᠭᠰᠡᠨ ᠶᠤᠮ ᠦᠦ︖ ᠬᠣᠣᠷ ᠬᠦᠷᠭᠡᠭᠰᠡᠨ ᠶᠤᠮ ᠦᠦ︖︾ ᠭᠡᠳᠡᠭ ᠢ ᠳᠠᠷᠠᠭᠠᠴᠢ ᠶᠢᠨ ᠤᠩᠰᠢᠭᠴᠢᠳ᠂ ᠮᠡᠷᠭᠡᠳ ᠲᠠ ᠨᠠᠷ ᠤᠩᠰᠢᠨ ᠲᠤᠩᠭ᠋ᠠᠵᠦ ᠲᠣᠳᠤᠯᠠᠬᠤ ᠪᠣᠯᠪᠠᠤ︕︖
ᠨᠣᠮ ᠳᠠᠬᠢ ᠬᠡᠰᠡᠭᠯᠡᠯ ᠠᠴᠠ ᠰᠡᠢᠷᠡᠭᠦᠯᠦᠭᠰᠡᠨ ᠨᠢ᠄
ᠴᠣᠢᠪᠠᠯᠰᠠᠩ ᠳᠡᠭᠡᠭᠰᠢ ᠬᠠᠷᠠᠨ ᠬᠡᠪᠲᠡᠭᠡᠳ᠄
-ᠵᠠ ᠬᠦ᠋᠂ ᠡᠨᠡ ᠭᠠᠢ ᠲᠠᠢ ᠡᠪᠡᠳᠴᠢᠨ ᠢᠶᠠᠨ ᠡᠮᠴᠢᠯᠡᠭᠦᠯᠬᠦ ᠪᠠᠷ ᠵᠥᠪᠯᠡᠯᠲᠦ ᠤᠯᠤᠰ ᠲᠤ ᠶᠠᠪᠤᠬᠤ ᠠᠴᠠ ᠥᠭᠡᠷ᠎ᠡ ᠠᠷᠭ᠎ᠠ ᠦᠭᠡᠢ ᠪᠣᠯᠤᠯ᠎ᠠ᠃ ᠤᠴᠢᠵᠦ ᠦᠵᠡᠭᠡ ᠦᠭᠡᠢ ᠭᠠᠵᠠᠷ ᠪᠢᠰᠢ᠂ ᠣᠴᠢᠨ᠎ᠠ ᠯᠠ ᠪᠢᠵᠠ︙ ᠬᠠᠷᠢᠨ ᠡᠨᠡ ᠤᠳᠠᠭ᠎ᠠ ᠲᠡᠨᠳᠠ ᠠᠴᠠ ᠡᠰᠡᠨ ᠮᠡᠨᠳᠦ ᠡᠷᠭᠢᠵᠦ ᠢᠷᠡᠬᠦ ᠪᠣᠯᠪᠠ᠂ ᠶᠠᠭᠠᠬᠢᠬᠤ ᠪᠣᠯ︖ ᠤᠭ ᠨᠢ ᠪᠢ ᠵᠥᠪᠯᠡᠯᠲᠦ ᠶᠢᠨ ᠤᠳᠤᠷᠢᠳᠤᠭᠴᠢᠳ ᠰᠲ᠋ᠠᠯᠢᠨ᠂ ᠸᠤᠷᠤᠱᠢᠯᠤᠸ᠂ ᠮᠤᠯᠤᠲ᠋ᠤᠸ ᠨᠠᠷ ᠤᠨ ᠦᠭᠡ ᠵᠦᠪᠯᠠᠯᠭᠡ ᠶᠢ ᠪᠡᠶᠡᠯᠡᠭᠦᠯᠦᠭᠰᠡᠭᠡᠷ ᠢᠷᠡᠭᠰᠡᠨ᠃ ᠶᠠᠭ ᠦᠨᠡᠨ ᠳᠤ ᠪᠠᠨ ᠪᠢ ᠮᠣᠩᠭᠤᠯ- ᠵᠥᠪᠯᠡᠯᠲᠦ ᠶᠢᠨ ᠨᠠᠢᠷᠠᠮᠳᠤᠯ ᠢ ᠤᠷᠢᠳ ᠬᠡᠵᠢᠶ᠎ᠡ ᠴᠦ ᠪᠠᠢᠭ᠎ᠠ ᠦᠭᠡᠢ ᠥᠨᠳᠦᠷ ᠲᠡᠪᠴᠡᠩ ᠳᠤ ᠬᠦᠷᠭᠡᠭᠰᠡᠨ᠃ ᠡᠭᠦᠨ ᠢ ᠬᠡᠨ ᠴᠤ ᠦᠭᠡᠢᠰᠬᠡᠵᠦ ᠴᠢᠳᠠᠬᠤ ᠦᠭᠡᠢ᠃ ᠳᠠᠢᠨ ᠤ ᠬᠦᠨᠳᠦ ᠵᠢᠯ ᠤᠳ ᠲᠤ ᠪᠢᠳᠡ︽ᠪᠦᠬᠦᠨ ᠢ ᠹᠷᠣᠨᠲ᠋ ᠲᠤ︾᠂︽ᠪᠦᠬᠦᠨ ᠢ ᠢᠯᠠᠯᠲᠠ ᠶᠢᠨ ᠲᠥᠯᠦᠭᠡ︾ᠭᠡᠳᠡᠭ ᠤᠷᠢᠶ᠎ᠠ ᠶᠢᠨ ᠳᠣᠣᠷ᠎ᠠ ᠵᠥᠪᠯᠡᠯᠲᠦ ᠶᠢᠨ ᠤᠯᠠᠭᠠᠨ ᠠᠷᠮᠠᠢ ᠳᠤ ᠲᠤᠰᠠᠯᠠᠬᠤ ᠬᠥᠳᠡᠯᠭᠡᠭᠡᠨ ᠢ ᠥᠷᠨᠢᠭᠦᠯᠵᠦ︽ᠬᠤᠪᠢᠰᠬᠠᠯᠲᠦ ᠮᠣᠩᠭᠤᠯ︾ᠭᠡᠳᠡᠭ ᠲᠠᠩᠺ ᠶᠢᠨ ᠪᠠᠷᠢᠭᠠᠳᠠ᠂︽ᠮᠣᠩᠭᠤᠯ ᠠᠷᠠᠳ︾ᠭᠡᠳᠡᠭ ᠨᠢᠰᠬᠦ ᠣᠩᠭᠤᠴᠠᠨ ᠤ ᠡᠰᠺᠠᠳᠡᠷᠢᠯᠢ ᠶᠢ ᠥᠪᠡᠷ ᠤᠨ ᠤᠯᠤᠰ ᠤᠨ ᠬᠥᠷᠦᠩᠭᠡ ᠪᠠᠷ ᠪᠦᠲᠦᠭᠡᠵᠦ ᠹᠷᠣᠨᠲ᠋ ᠲᠤ ᠬᠦᠷᠭᠡᠭᠰᠡᠨ᠃ ᠬᠡᠳᠦᠨ ᠮᠢᠩᠭᠠᠨ ᠰᠢᠯᠢᠳᠡᠭ ᠠᠭᠲᠠ ᠮᠣᠷᠢ᠂ ᠬᠠᠭᠠᠰ ᠲᠠᠷᠪᠤᠮ ᠰᠢᠬᠠᠮ ᠲᠥᠭᠦᠷᠢᠭ ᠤᠨ ᠡᠳ᠋ ᠠᠭᠤᠷᠠᠰᠤ᠂ ᠭᠤᠷᠪᠠᠨ ᠵᠠᠭᠤᠨ ᠺᠢᠯᠣᠭ᠍ᠷᠠᠮ ᠰᠢᠵᠢᠷ ᠠᠯᠲᠠ ᠶᠢ ᠵᠥᠪᠯᠡᠯᠲᠦ ᠶᠢᠨ ᠠᠷᠠᠳ ᠲᠦᠮᠠᠨ ᠳᠤ ᠲᠤᠰᠠᠯᠠᠮᠵᠢ ᠪᠣᠯᠭᠠᠨ ᠪᠡᠯᠡᠭᠯᠡᠭᠰᠡᠨ ᠠᠴᠠ ᠭᠠᠳᠠᠨ᠎ᠠ ᠳᠣᠯᠤᠭᠠᠨ ᠵᠠᠭᠤ ᠳᠥᠴᠢ ᠣᠷᠴᠢᠮ ᠸᠠᠭᠤᠨ ᠬᠦᠨᠡᠰᠦ᠂ ᠬᠤᠪᠴᠠᠰᠤᠨ ᠤ ᠵᠦᠢᠯ ᠢ ᠮᠠᠨ ᠤ ᠲᠥᠯᠦᠭᠡᠯᠡᠭᠴᠢᠳ ᠹᠷᠣᠨᠲ᠋ ᠲᠤ ᠪᠡᠶ᠎ᠡ ᠪᠠᠷ ᠣᠴᠢᠨ ᠬᠦᠯᠢᠶᠡᠯᠭᠡᠵᠦ ᠥᠭᠭᠦᠭᠰᠡᠨ᠃ ᠬᠠᠮᠤᠭ ᠤᠨ ᠲᠣᠮᠤ ᠨᠢᠭᠡ ᠴᠤᠪᠤᠭ᠎ᠠ ᠶᠢ ᠨᠢ ᠪᠢ ᠥᠪᠡᠷ ᠢᠶᠠᠨ ᠤᠳᠤᠷᠢᠳᠤᠨ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠤᠨ ᠳᠠᠷᠤᠭ᠎ᠠ ᠪᠤᠮᠠᠴᠠᠨᠳᠠ᠂ ᠨᠠᠮ ᠤᠨ ᠲᠥᠪ ᠬᠣᠷᠢᠶᠠᠨ ᠤ ᠨᠠᠷᠢᠨ ᠪᠢᠴᠢᠭ᠌ ᠤᠨ ᠳᠠᠷᠤᠭ᠎ᠠ ᠰᠦᠷᠥᠡᠭᠵᠠᠪ᠂ ᠠᠵᠦ ᠠᠬᠤᠢ ᠰᠣᠶᠤᠯ ᠤᠨ ᠠᠯᠳᠠᠷᠲᠠᠨ ᠪᠣᠯᠬᠤ ᠤᠯᠤᠰ ᠤᠨ ᠰᠠᠢᠨ ᠮᠠᠯᠴᠢᠨ ᠴᠢᠪᠡᠭᠮᠢᠳ᠂ ᠵᠣᠬᠢᠶᠠᠯᠴᠢ ᠴ᠂ ᠳᠠᠮᠳᠢᠨᠰᠦ᠋ᠷᠦᠩ᠂ ᠵᠦᠴᠦᠭᠡᠴᠢᠨ ᠴᠠᠭᠠᠨ ᠤ ᠴᠢᠪᠡᠭᠮᠢᠳ᠂ ᠶᠡᠬᠡ ᠰᠤᠷᠭᠠᠭᠤᠯᠢ ᠶᠢᠨ ᠷᠸᠺᠲ᠋ᠤᠷ ᠰᠢᠷᠢᠨᠳᠢᠪ ᠨᠠᠷ ᠤᠨ ᠵᠡᠷᠭᠡ ᠬᠥᠮᠦᠰ ᠢ ᠳᠠᠭᠠᠭᠤᠯᠤᠨ ᠹᠷᠣᠨᠲ᠋ ᠲᠤ ᠤᠴᠢᠵᠦ ᠪᠡᠯᠡᠭ ᠢᠶᠠᠨ ᠭᠠᠷᠳᠠᠭᠤᠯᠤᠭᠰᠠᠨ ᠪᠢᠯᠡ᠃ ᠪᠢᠳᠠᠨ ᠤ ᠡᠨᠡ ᠠᠵᠢᠯ ᠢ ᠵᠥᠪᠯᠡᠯᠲᠦ ᠶᠢᠨ ᠨᠠᠢᠲᠡ ᠬᠥᠮᠦᠰ᠂ ᠤᠳᠤᠷᠢᠳᠤᠭᠴᠢᠳ᠂ ᠨᠥᠬᠦᠷ ᠰᠲ᠋ᠠᠯᠢᠨ ᠥᠨᠳᠦᠷ ᠢᠶᠠᠷ ᠦᠨᠡᠯᠡᠵᠦ ᠮᠠᠨ ᠤ ᠲᠥᠯᠦᠭᠡᠯᠡᠭᠴᠢᠳ ᠢ ᠪᠦᠬᠦ ᠪᠦᠷᠢᠯᠳᠦᠬᠦᠨ ᠢᠶᠠᠷ ᠨᠢ ᠺᠷᠸᠮᠠᠯᠢ ᠶᠢᠨ ᠣᠷᠳᠤᠨ ᠤ ᠡᠺᠲ᠋ᠧᠷᠢᠨ ᠤ ᠲᠢᠩᠬᠢᠮ ᠳᠤ ᠬᠦᠯᠢᠶᠡᠨ ᠠᠪᠴᠦ ᠪᠠᠶᠠᠷ ᠬᠦᠷᠭᠡᠵᠦ ᠪᠠᠢᠭᠰᠠᠨ ᠃
ᠴᠣᠢᠪᠠᠯᠰᠠᠩ ᠲᠠᠪᠢᠨ ᠵᠢᠷᠭᠤᠭᠠᠨ ᠨᠠᠰᠤᠨ ᠳᠡᠭᠡᠷ᠎ᠠ ᠪᠠᠨ ᠡᠪᠡᠳᠴᠢᠨ ᠢᠶᠠᠷ ᠮᠤᠰᠺᠸᠠ ᠳᠤ ᠲᠠᠭᠠᠯᠠᠯ ᠲᠡᠭᠦᠰᠴᠠᠢ᠃
ᠰᠡᠢᠷᠡᠭᠦᠯᠦᠭᠰᠡᠨ ᠬᠡᠯᠡᠴᠠ ᠬᠤᠶᠠᠷ᠄
ᠡᠵᠡᠨ ᠨᠣᠶᠠᠳ ᠲᠤ ᠡᠨᠡᠷᠢᠩᠭᠦᠢ ᠰᠡᠳᠭᠢᠯ ᠴᠢᠬᠤᠯᠠ᠂ ᠠᠯᠪᠠᠲᠦ ᠠᠷᠠᠳ ᠲᠤ ᠦᠨᠡᠨᠴᠢ ᠰᠡᠳᠭᠢᠯ ᠴᠢᠬᠤᠯᠠ
ᠲᠦᠷᠦᠭᠦᠯᠡᠵᠦ ᠳᠤᠤᠭᠠᠷᠤᠭᠰᠠᠨ ᠬᠥᠬᠦᠭᠡᠨ ᠤ ᠠᠮᠠ ᠬᠦᠯᠳᠠᠨᠠ
2022ᠤᠨ ᠊ᠣ᠌ 8 ᠰᠠᠷ᠎ᠠ ᠢᠨ 8 ᠊ᠣ᠌ ᠡᠳᠦᠷ
ᠪᠢᠴᠢᠭᠯᠡᠬᠦ ᠠᠷᠭ᠎ᠠ ᠶᠢᠨ ᠠᠰᠠᠭᠤᠳᠠᠯ ᠠᠴᠠ ᠪᠣᠯᠤᠭᠠᠳ ᠵᠠᠷᠢᠮ ᠦᠰᠦᠭ ᠪᠤᠷᠤᠭᠤ ᠭᠠᠷᠤᠭᠰᠠᠨ ᠢ ᠵᠠᠯᠠᠷᠠᠭᠤᠯᠤᠨ ᠦᠵᠡᠬᠦ ᠪᠣᠯᠪᠠᠤ︕︖