-
2135914
ᠬᠤᠨᠢᠨ ᠤ ᠭᠤᠷᠪᠡᠨ ᠭᠡᠮ ᠢ ᠰᠡᠷᠭᠡᠶᠢᠯᠡᠨ ᠵᠠᠰᠠᠬᠤ
2019-05-20 15:29
480
0
ᠬᠤᠨᠢᠨ ᠤ ᠭᠤᠷᠪᠡᠨ ᠭᠡᠮ ᠪᠤᠯ ᠢᠭᠯᠢᠭ ᠰᠫᠤᠷᠳᠤ ᠰᠠᠪᠬᠠᠨ ᠪᠠᠺᠲ᠋ᠧᠷᠢ ᠳᠤ ᠬᠠᠷᠢᠶᠠᠯᠬᠠᠳᠠᠬᠤ ᠮᠢᠺᠷᠤᠪ ᠠᠴᠠ ᠪᠤᠢ ᠪᠤᠯᠤᠨ᠎ᠠ᠂
ᠡᠭᠦᠨ ᠳᠤ ᠬᠤᠨᠢᠨ ᠤ ᠲᠦᠷᠭᠡᠨ ᠭᠢᠵᠢᠭ᠂ ᠬᠤᠨᠢᠨ ᠤ ᠭᠡᠳᠡᠰᠤᠨ ᠳᠠᠬᠢ ᠬᠤᠤᠷᠳᠤ ᠴᠢᠰᠤᠨ ᠭᠡᠮ᠂ ᠬᠤᠨᠢ ᠢᠮᠠᠭᠠᠨ ᠤ ᠴᠤᠴᠢᠮᠠᠭ ᠦᠭᠦᠯ ᠭᠡᠮ
ᠵᠡᠷᠭᠡ ᠪᠠᠭᠳᠠᠨ᠎ᠠ᠃
ᠲᠡᠭᠡᠷᠡᠭᠢ ᠭᠤᠷᠪᠡᠨ ᠵᠤᠶᠢᠯ ᠤᠨ ᠭᠡᠮ ᠭᠢᠵᠢᠭ ᠨᠢ ᠴᠦᠮ ᠲᠦᠷᠭᠡᠨ ᠴᠢᠨᠠᠷᠳᠠᠢ ᠭᠡᠮ ᠭᠢᠵᠢᠭ ᠪᠤᠯᠤᠨ᠎ᠠ᠂ ᠶᠠᠷᠤ ᠠᠴᠠ ᠲᠠᠶᠢᠮᠤ
ᠤᠨᠴᠠᠭᠠᠢ ᠡᠮᠴᠢᠯᠡᠪᠤᠷᠢ ᠶᠢᠨ ᠭᠡᠮᠨᠡᠭᠰᠡᠨ ᠪᠠᠶᠢᠳᠠᠯ ᠦᠭᠡᠢ ᠪᠦᠭᠡᠳ ᠦᠭᠦᠵᠤ ᠬᠤᠭᠢᠷᠠᠬᠤ ᠪᠤᠯᠪᠠᠴᠤ ᠭᠡᠭᠦᠷ ᠰᠡᠭ ᠤᠨ ᠭᠡᠮ ᠤᠨ ᠬᠤᠪᠢᠷᠠᠯ ᠠᠴᠠ ᠵᠤᠭᠢᠬᠤ ᠭᠡᠮᠵᠢᠶ᠎ᠠ ᠪᠠᠷ ᠢᠯᠭᠠᠨ ᠲᠤᠳᠤᠯᠠᠬᠤ ᠭᠡᠷᠡᠭᠳᠡᠢ᠃
ᠬᠤᠨᠢᠨ ᠤ ᠲᠦᠷᠭᠡᠨ ᠭᠢᠵᠢᠭ ᠭᠤᠤᠯᠳᠠᠭᠤ ᠬᠤᠳᠤᠭᠤᠳᠤᠨ ᠠᠴᠠ ᠨᠢ ᠴᠢᠰᠤ ᠭᠠᠷᠬᠤ ᠪᠠ ᠦᠷᠪᠢᠰᠦᠯ ᠤᠨ ᠴᠢᠨᠠᠷᠳᠤ
ᠬᠤᠤᠷᠳᠠᠭᠤᠯᠬᠤ ᠤᠨᠴᠠᠯᠢᠭ ᠲᠠᠢ ᠶᠤᠮ᠂ ᠶᠠᠷᠤ ᠳᠡᠭᠡᠨ ᠰᠠᠯᠢᠰᠤᠳᠤ ᠪᠦᠷᠭᠦᠪᠴᠢ ᠳᠤᠨᠢ ᠦᠷᠭᠦᠯᠵᠢ ᠶᠡᠭᠡ ᠪᠠᠭ᠎ᠠ ᠨᠢ ᠠᠳᠠᠯᠢ ᠪᠤᠰᠤ ᠴᠢᠰᠤᠨ ᠲᠤᠯᠪᠤ ᠲᠠᠢ᠂ ᠭᠠᠳᠠᠷᠭᠤ ᠳᠤᠨᠢ ᠦᠭᠦᠵᠢᠨ ᠲᠦᠯᠡᠭᠳᠡᠭᠰᠡᠨ ᠰᠢᠨᠵᠢ ᠲᠠᠢ᠂ ᠴᠡᠭᠡᠵᠢᠨ ᠭᠦᠨᠳᠡᠢ ᠪᠤᠯᠤᠨ ᠭᠡᠪᠡᠯᠢ ᠶᠢᠨ ᠭᠦᠨᠳᠡᠢ ᠳᠤᠨᠢ ᠤᠰᠤ ᠬᠤᠷᠠᠵᠤ ᠴᠠᠷᠴᠠᠨ ᠡᠭᠡᠳᠡᠷᠡᠭᠰᠡᠨ ᠪᠠᠶᠢᠳᠠᠭ᠂ ᠬᠤᠨᠢᠨ ᠭᠡᠳᠡᠰᠤᠨ ᠳᠠᠬᠢ ᠬᠤᠤᠷᠳᠤ ᠴᠢᠰᠤᠨ ᠭᠡᠮ ᠤ ᠭᠡᠮᠳᠦᠭᠰᠡᠨ ᠬᠤᠪᠢᠷᠠᠯ ᠨᠢ ᠦᠷᠭᠦᠯᠵᠢ ᠲᠡᠵᠢᠭᠡᠯ ᠪᠤᠯᠪᠠᠰᠤᠷᠠᠭᠤᠯᠬᠤ ᠰᠠᠮᠰᠢᠭᠤ᠂ ᠠᠮᠢᠰᠬᠤᠯ ᠤᠨ ᠵᠠᠮ ᠪᠤᠯᠤᠨ ᠵᠢᠷᠦᠭᠡᠨ ᠰᠤᠳᠠᠯ ᠤᠨ ᠰᠢᠰᠲ᠋ᠧᠮ ᠳᠤ ᠭᠢᠵᠠᠭᠠᠷᠯᠬᠠᠳᠠᠬᠤ ᠪᠤᠯᠪᠠᠴᠤ ᠲᠤᠪᠤᠶᠢᠠᠠᠰᠠᠨ ᠭᠡᠮᠳᠦᠯ ᠤᠨ ᠬᠤᠪᠢᠷᠠᠯ
ᠨᠢ ᠤᠯᠠᠩᠭᠢ ᠳᠠᠭᠠᠨ ᠪᠦᠭᠡᠷᠡᠨ ᠤ ᠵᠦᠭᠡᠯᠡᠷᠡᠯᠳᠡ ᠪᠤᠯᠳᠠᠭ᠃ ᠬᠤᠨᠢ ᠢᠮᠠᠭᠠᠨ ᠤ ᠴᠤᠴᠢᠮᠠᠭ ᠦᠭᠦᠯ ᠤᠨ ᠤᠨᠴᠠᠯᠢᠭ ᠲᠠᠢ ᠭᠡᠮᠳᠦᠭᠰᠡᠨ ᠬᠤᠪᠢᠷᠠᠯ ᠨᠢ ᠭᠡᠪᠡᠯᠢ ᠶᠢᠨ ᠪᠦᠷᠭᠦᠪᠴᠢᠳᠤ ᠦᠷᠪᠢᠰᠦᠯ ᠪᠤᠯᠤᠨ ᠰᠢᠷᠬᠠᠯᠠᠭ᠎ᠠ ᠶᠢᠨ ᠴᠢᠨᠠᠷᠳᠠᠢ ᠭᠡᠳᠡᠰᠤᠨ ᠤ ᠦᠷᠪᠢᠰᠦᠯ ᠪᠤᠯᠳᠠᠭ ᠪᠠᠶᠢᠨ᠎ᠠ᠃
ᠡᠮᠨᠡᠨ ᠵᠠᠰᠠᠬᠤ᠄ ᠭᠡᠮᠨᠡᠭᠰᠡᠨ ᠬᠤᠭᠤᠴᠠᠭ᠎ᠠ ᠨᠢ ᠤᠬᠤᠷ ᠪᠤᠯᠬᠤᠷ ᠶᠠᠷᠤ ᠳᠡᠭᠡᠨ ᠡᠮᠨᠡᠨ ᠵᠠᠰᠠᠵᠤ ᠠᠮᠵᠢᠳᠠᠭ ᠦᠭᠡᠢ᠂ ᠭᠡᠮᠨᠡᠭᠰᠡᠨ
ᠬᠤᠭᠤᠴᠠᠭ᠎ᠠ ᠨᠢ ᠨᠡᠯᠢᠶᠡᠳ ᠤᠷᠳᠤ ᠰᠢᠭ᠋ ᠪᠤᠯ ᠴᠢᠩ ᠮᠸᠢ ᠰᠤ᠋ ᠶᠢᠨ ᠪᠤᠯᠴᠢᠩ ᠮᠢᠬᠠᠨ ᠤ ᠲᠠᠷᠢᠯᠭ᠎ᠠ ᠶᠢ ᠤᠳᠠᠭ᠎ᠠ ᠪᠦᠷᠢ 80 ~ 160 ᠲᠦᠮᠡᠨ ᠨᠢᠭᠡᠴᠢ ᠪᠠᠷ᠂ ᠡᠳᠤᠷ ᠲᠤ 2 ᠤᠳᠠᠭ᠎ᠠ ᠲᠠᠷᠢᠬᠤ ᠪᠤᠶᠤ ᠭᠦᠭᠦᠷᠯᠢᠭ ᠠᠮᠢᠨ ᠤ ᠫᠢᠷᠢᠮᠢᠳᠢᠨ ᠢ ᠤᠳᠠᠭ᠎ᠠ ᠪᠦᠷᠢ 5 ~ 6 ᠭᠷᠡᠮ ᠤᠤᠭᠤᠯᠭᠠᠵᠤ᠂ ᠦᠷᠭᠦᠯᠵᠢᠯᠡᠨ 3 ~ 4 ᠤᠳᠠᠭ᠎ᠠ ᠤᠤᠭᠤᠯᠭᠠᠬᠤ ᠪᠠ ᠡᠰᠡᠭᠦᠯ᠎ᠠ 10% ᠶᠢᠨ 10 ᠮᠢᠯᠢᠯᠢᠲᠷ ᠠᠨᠠᠯᠭᠢᠨ ᠲᠡᠭᠡᠷ᠎ᠡ 5% ᠶᠢᠨ 500 ~ 1000 ᠮᠢᠯᠢᠯᠢᠲᠷ ᠦᠵᠦᠮ ᠤᠨ ᠰᠢᠭᠢᠷ ᠤᠨ ᠠᠭᠤᠰᠤᠮᠠᠯ ᠢ ᠨᠡᠮᠡᠭᠡᠳ ᠨᠠᠮᠵᠢᠭᠤᠨ ᠰᠤᠳᠠᠯ ᠳᠤᠨᠢ ᠲᠠᠷᠢᠨ᠎ᠠ᠂ ᠪᠠᠰᠠ 10% ~20% ᠶᠢᠨ ᠴᠤᠬᠤᠢ ᠶᠢᠨ ᠤᠰᠤ ᠶᠢ ᠤᠳᠠᠭ᠎ᠠ ᠪᠦᠷᠢ 50 ~ 100 ᠮᠢᠯᠢᠯᠢᠲᠷ ᠤᠨ ᠭᠡᠮᠵᠢᠶ᠎ᠠ ᠪᠠᠷ ᠦᠷᠭᠦᠯᠵᠢᠯᠡᠨ 1 ~ 2 ᠤᠳᠠᠭ᠎ᠠ ᠤᠤᠭᠤᠯᠭᠠᠨ᠎ᠠ᠃
ᠤᠷᠢᠳᠴᠢᠯᠠᠨ ᠰᠡᠷᠭᠡᠶᠢᠯᠡᠭᠦ᠄ ᠦᠷᠭᠦᠯᠵᠢ ᠡᠭᠦᠰᠳᠡᠭ ᠭᠠᠵᠠᠷ ᠤᠷᠤᠨ ᠤ ᠬᠤᠨᠢᠨ ᠳᠤ ᠭᠤᠷᠪᠡᠨ ᠬᠤᠯᠪᠤᠯᠳᠤ ᠸᠠᠺᠼᠢᠨ ᠤ
ᠲᠠᠷᠢᠯᠭ᠎ᠠ ᠶᠢ ᠬᠤᠨᠢ ᠪᠦᠷᠢ ᠳᠤ ᠲᠤᠠᠠᠳ᠋ᠬᠠᠰᠠᠨ ᠬᠤᠭᠤᠴᠠᠭ᠎ᠠ ᠲᠠᠢ ᠪᠠᠷ ᠨᠠᠰᠤ ᠰᠢᠳᠤ ᠶᠢ ᠨᠢ ᠬᠠᠮᠢᠶᠠᠷᠤᠯ ᠦᠭᠡᠢ ᠪᠠᠷ ᠠᠷᠠᠰᠤᠨ ᠲᠤᠤᠷ᠎ᠡ ᠨᠢ 5 ᠮᠢᠯᠢᠯᠢᠲᠷ ᠲᠠᠷᠢᠨ᠎ᠠ᠂ ᠲᠠᠷᠢᠯᠭ᠎ᠠ ᠲᠠᠷᠢᠠᠠᠰᠠᠨ ᠤ ᠲᠠᠷᠠᠭᠠᠭᠢ 14 ᠡᠳᠤᠷ ᠲᠤ ᠭᠢᠵᠢᠭ ᠠᠴᠠ ᠭᠡᠯᠳᠦᠷᠢᠭᠦᠯᠭᠦ ᠴᠢᠳᠠᠪᠤᠷᠢ ᠲᠠᠢ ᠪᠤᠯᠤᠨ᠎ᠠ᠂ ᠭᠢᠵᠢᠭ ᠠᠴᠠ ᠭᠡᠯᠳᠦᠷᠢᠭᠦᠯᠭᠦ ᠬᠤᠭᠤᠴᠠᠭ᠎ᠠ ᠨᠢ ᠬᠠᠭᠠᠰ ᠵᠢᠯ ᠤᠨ ᠦᠢᠯᠡᠳᠦᠯ ᠲᠠᠢ ᠶᠤᠮ᠃