 

ᠳᠡᠯᠡᠬᠡᠢ ᠶᠢᠨ ᠬᠣᠶᠠᠳᠤᠭᠠᠷ ᠳᠠᠶᠢᠨ ᠳᠤ ᠮᠣᠩᠭᠣᠯ ᠤᠯᠤᠰ ᠣᠷᠣᠯᠴᠠᠵᠤ ᠥᠪᠥᠷ ᠮᠣᠩᠭᠣᠯ᠂ ᠮᠠᠨᠵᠤᠤᠷ ᠢ ᠡᠵᠡᠯᠡᠭᠰᠡᠨ ᠨ

2017-08-14 11:50
  465
  1
ᠳᠡᠯᠡᠬᠡᠢ ᠶᠢᠨ ᠬᠣᠶᠠᠳᠤᠭᠠᠷ ᠳᠠᠶᠢᠨ ᠳᠤ ᠮᠣᠩᠭᠣᠯ ᠤᠯᠤᠰ ᠣᠷᠣᠯᠴᠠᠵᠤ ᠥᠪᠥᠷ ᠮᠣᠩᠭᠣᠯ᠂ ᠮᠠᠨᠵᠤᠤᠷ ᠢ ᠡᠵᠡᠯᠡᠭᠰᠡᠨ ᠨᠢ  
              ᠱᠠᠭᠳᠤᠷ ᠤᠨ ᠦᠨᠡᠨᠲᠡᠭᠦᠰ 
 
 
  ᠳᠡᠯᠡᠬᠡᠢ ᠶᠢᠨ ᠬᠣᠶᠠᠳᠤᠭᠠᠷ ᠳᠠᠶᠢᠨ ᠤ ᠲᠡᠭᠦᠰᠬᠡᠯ ᠦᠶ᠎ᠡ ᠶᠢᠨ ᠪᠠᠶᠢᠯᠳᠤᠭᠠᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠣᠷᠣᠯᠴᠠᠭᠰᠠᠨ ᠨᠢ ᠳᠠᠷᠠᠭᠠᠬᠢ ᠵᠦᠢᠯ ᠲᠡᠢ ᠬᠣᠯᠪᠣᠭ᠎ᠠ ᠲᠠᠢ᠃
  ᠳᠡᠯᠡᠬᠡᠢ ᠶᠢᠨ ᠬᠣᠶᠠᠳᠤᠭᠠᠷ ᠳᠠᠶᠢᠨ ᠤ ᠶᠠᠪᠤᠴᠠ ᠳᠤ ᠵᠥᠪᠯᠡᠯᠲᠦ ᠬᠣᠯᠪᠣᠭᠠᠲᠤ ᠤᠯᠤᠰ᠂ ᠲᠡᠭᠦᠨ ᠦ ᠤᠳᠤᠷᠢᠳᠤᠭᠴᠢ ᠰᠲ᠋ᠠᠯᠢᠨ ᠤ ᠨᠡᠷ᠎ᠡ ᠬᠦᠨᠳᠦ ᠣᠯᠠᠨ ᠤᠯᠤᠰ ᠤᠨ ᠲᠠᠪᠴᠠᠩ ᠳᠡᠭᠡᠷ᠎ᠡ ᠠᠰᠤᠷᠤ ᠶᠡᠬᠡ ᠥᠰᠦᠭᠰᠡᠨ ᠶᠤᠮ᠃ ᠲᠡᠶᠢᠮᠦ ᠡᠴᠡ ᠴᠤ ᠳᠠᠶᠢᠨ ᠤ ᠳᠠᠷᠠᠭ᠎ᠠ ᠵᠥᠪᠯᠡᠯᠲᠦ ᠬᠣᠯᠪᠣᠭᠠᠲᠤ ᠤᠯᠤᠰ ᠤᠨ ᠠᠶᠤᠯ ᠦᠭᠡᠢ ᠪᠠᠶᠢᠳᠠᠯ ᠢ ᠬᠡᠷᠬᠢᠨ ᠬᠠᠩᠭᠠᠬᠤ ᠪᠤᠢ ᠭᠡᠳᠡᠭ ᠨᠢ ᠰᠲ᠋ᠠᠯᠢᠨ ᠤ ᠬᠤᠪᠢ ᠳᠤ ᠠᠮᠢᠨ ᠴᠢᠬᠤᠯᠠ ᠠᠰᠠᠭᠤᠳᠠᠯ ᠪᠠᠶᠢᠪᠠ᠃ ᠰᠲ᠋ᠠᠯᠢᠨ 1945 ᠣᠨ ᠤ 2 ᠳ᠋ᠤᠭᠠᠷ ᠰᠠᠷ᠎ᠠ ᠳᠤ ᠶᠠᠫᠣᠨ ᠤ ᠡᠰᠡᠷᠡᠭ ᠳᠠᠶᠢᠨ ᠳᠤ ᠤᠷᠤᠬᠤ ᠵᠥᠪᠯᠡᠯᠲᠦ ᠬᠣᠯᠪᠣᠭᠠᠲᠤ ᠤᠯᠤᠰ ᠤᠨ ᠪᠣᠯᠵᠣᠯ ᠤᠳ ᠤᠨ ᠨᠢᠭᠡᠨ ᠳᠦ《ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ  ᠤᠨ ᠣᠳᠣ ᠶᠢᠨ ᠪᠠᠶᠢᠳᠠᠯ ᠢ ᠬᠡᠪ ᠢᠶᠡᠷ ᠬᠠᠳᠠᠭᠠᠯᠠᠬᠤ》ᠭᠡᠰᠡᠨ ᠪᠣᠯᠵᠣᠯ ᠲᠠᠯᠪᠢᠭᠰᠠᠨ ᠪᠢᠯᠡ᠃《ᠪᠦᠬᠦ ᠠᠰᠠᠭᠤᠳᠠᠯ ᠤᠨ ᠭᠣᠣᠯ ᠭᠣᠭᠴᠣᠭ᠎ᠠ ᠨᠢ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠭᠠᠵᠠᠷ ᠵᠦᠢ ᠶᠢᠨ ᠪᠠᠶᠢᠷᠢᠯᠠᠯ ᠳᠤ ᠪᠠᠶᠢᠭᠰᠠᠨ ᠶᠤᠮ》ᠪᠠᠶᠢᠨ᠎ᠠ ᠃ 
  ᠭᠧᠷᠮᠠᠨ ᠳᠠᠷᠤᠭᠳᠠᠭᠰᠠᠨ ᠴᠤ ᠶᠠᠫᠣᠨ ᠡᠰᠡᠷᠭᠦᠴᠡᠨ ᠪᠠᠶᠢᠯᠳᠤᠭᠰᠠᠭᠠᠷ ᠪᠠᠶᠢᠭᠰᠠᠨ ᠲᠤᠯᠠ ᠳᠠᠶᠢᠨ ᠤ ᠭᠠᠯ ᠢ ᠤᠨᠲᠠᠷᠠᠭᠠᠬᠤ ᠦᠢᠯᠡ ᠠᠵᠢᠯᠯᠠᠭᠠᠨ ᠳᠤ ᠬᠤᠪᠢ ᠨᠡᠮᠡᠷᠢ ᠪᠡᠨ ᠤᠷᠤᠭᠤᠯᠬᠤ᠂ ᠥᠪᠡᠷ ᠦᠨ ᠣᠷᠣᠨ ᠤ ᠠᠶᠤᠯ ᠦᠭᠡᠢ ᠪᠠᠶᠢᠳᠠᠯ ᠢᠶᠠᠨ ᠬᠠᠩᠭᠠᠬᠤ᠂ 1936 ᠣᠨ ᠤ《ᠬᠠᠷᠢᠯᠴᠠᠨ ᠲᠤᠰᠠᠯᠠᠯᠴᠠᠬᠤ ᠫᠷᠣᠲ᠋ᠣᠺᠣᠯ︵ᠬᠡᠯᠡᠯᠴᠡᠭᠡᠷ︶》ᠶᠣᠰᠣᠭᠠᠷ ᠵᠥᠪᠯᠡᠯᠲᠦ  ᠳᠦ ᠲᠤᠰᠠᠯᠠᠬᠤ ᠡᠭᠦᠳᠡᠨ ᠡᠴᠡ 1945 ᠣᠨ ᠤ 8 ᠍ ᠳᠦᠭᠡᠷ ᠰᠠᠷ᠎ᠠ ᠶᠢᠨ 10 ᠍ ᠳᠦ ᠶᠠᠫᠣᠨ ᠳᠤ ᠳᠠᠶᠢᠨ ᠵᠠᠷᠯᠠᠪᠠ ᠃ ᠮᠣᠩᠭᠣᠯ ᠤᠨ 5᠂ 6᠂ 7᠂ 8 ᠳ᠋ᠤᠭᠠᠷ ᠮᠣᠷᠢᠲᠤ ᠳ᠋ᠢᠸᠢᠽ᠂ 7 ᠍ ᠳ᠋ᠤᠭᠠᠷ ᠮᠧᠬᠠᠨᠢᠭᠵᠢᠭᠤᠯᠤᠭᠰᠠᠨ ᠬᠤᠶᠠᠭᠲᠤ ᠪᠠᠷᠢᠭᠠᠳᠠ ᠂ ᠲᠠᠩᠺ ᠂ ᠶᠡᠬᠡ ᠪᠤᠤ ᠂ ᠠᠦ᠋ᠲ᠋ᠣ᠋ ᠲᠡᠭᠡᠭᠡᠪᠦᠷᠢ ᠶᠢᠨ ᠪᠣᠯᠤᠨ ᠬᠣᠯᠪᠣᠭᠠᠨ ᠤ ᠲᠤᠰᠬᠠᠢ ᠬᠣᠷᠢᠶ᠎ᠠ ᠂ ᠨᠢᠰᠬᠦ ᠬᠣᠯᠢᠮᠠᠭ ᠳ᠋ᠢᠸᠢᠽ ᠂ ᠬᠢᠮᠮᠦᠶᠢᠨ ᠢᠨᠵᠧᠨᠧᠷ ᠦᠨ ᠲᠤᠰᠬᠠᠢ ᠰᠠᠯᠠᠪᠤᠷᠢ ᠂ ᠬᠢᠯᠢ ᠶᠢᠨ ᠴᠡᠷᠢᠭ ᠂ ᠰᠠᠶᠢᠨ ᠳᠤᠷ᠎ᠠ ᠶᠢᠨ ᠮᠣᠷᠢᠲᠤ ᠣᠲᠷᠢᠶᠠᠳ᠋ ᠍ ᠤᠳ《ᠵᠥᠪᠯᠡᠯᠲᠦ ᠶᠢᠨ ᠥᠪᠥᠷ ᠪᠠᠶᠢᠭᠠᠯ ᠤᠨ ᠹᠷᠣᠨᠲ》 ᠤᠨ 《ᠡᠮᠦᠨᠡᠲᠦ ᠪᠦᠯᠦᠭ》 ᠍ᠳᠦ ᠪᠠᠭᠲᠠᠨ ᠣᠷᠣᠭᠰᠠᠨ᠃ ᠮᠣᠩᠭᠣᠯ ᠤᠨ ᠵᠡᠪᠰᠡᠭᠲᠦ ᠬᠦᠴᠦᠨ ᠢ ᠮᠠᠷᠱᠠᠯ ᠴᠣᠶᠢᠪᠠᠯᠰᠠᠩ ᠂ ᠳᠡᠰᠯᠡᠭᠴᠢ ᠭᠧᠨᠧᠷᠠᠯ ᠵ ∙ ᡀᠠᠭᠸᠠᠰᠦ᠋ᠷᠦᠩ ᠨᠠᠷ ᠤᠳᠤᠷᠢᠳᠴᠠᠢ ᠃ 
 
 
  1935-1945 ᠣᠨ ᠳᠤ ᠮᠣᠩᠭᠣᠯ ᠲᠥᠷᠥ ᠶᠢᠨ ᠵᠦᠭ ᠡᠴᠡ ᠪᠠᠲᠤᠯᠠᠨ ᠬᠠᠮᠠᠭᠠᠯᠠᠯᠲᠠ ᠳᠤ ᠶᠡᠬᠡ ᠠᠩᠬᠠᠷᠴᠤ 80 ᠮᠢᠩᠭᠠᠨ ᠰᠠᠶᠢᠨ ᠳᠤᠷ᠎ᠠ ᠶᠢᠨ ᠮᠣᠷᠢᠲᠤ ᠴᠡᠷᠢᠭ ᠢ ᠡᠯᠰᠡᠭᠦᠯᠵᠦ ᠂ ᠣᠷᠣᠰ ᠂ ᠮᠣᠩᠭᠣᠯ ᠳᠤ ᠡᠨᠡ ᠲᠥᠷᠥᠯ ᠦᠨ ᠮᠡᠷᠭᠡᠵᠢᠯᠲᠡᠨ ᠢ ᠣᠯᠠᠨ ᠢᠶᠠᠷ ᠪᠡᠯᠡᠳᠴᠦ ᠂ ᠣᠷᠣᠰ ᠠᠴᠠ 100 ᠰᠠᠶ᠎ᠠ ᠭᠠᠷᠤᠢ ᠷᠦᠪᠯᠢ ᠶᠢᠨ ᠵᠡᠪᠰᠡᠭ ᠬᠤᠳᠠᠯᠳᠤᠨ ᠠᠪᠴᠠᠢ ᠃ ᠴᠡᠷᠢᠭ ᠰᠲᠷᠠᠲ᠋ᠧᠭᠢ ᠶᠢᠨ ᠬᠣᠯᠪᠣᠭᠳᠠᠯ ᠲᠠᠢ ᠪᠠᠶᠠᠨ᠋ᠲᠦᠮᠡᠨ-ᠲᠠᠮᠰᠤᠭᠤᠪᠤᠯᠠᠭ ᠤᠨ ᠲᠡᠮᠦᠷ ᠵᠠᠮ (380 ᠺᠢᠯᠣᠮᠧᠲ᠋ᠷ) ᠂ ᠤᠯᠠᠭᠠᠨᠪᠠᠭᠠᠲᠤᠷ-ᠠᠯᠲᠠᠨᠪᠤᠯᠠᠭ ᠴᠢᠭᠯᠡᠯ ᠳᠦ ᠵᠠᠰᠠᠮᠠᠯ ᠵᠠᠮ ᠲᠠᠯᠪᠢᠵᠤ᠂ ᠴᠡᠷᠢᠭ ᠦᠨ ᠤᠲᠤᠭᠰᠠᠨ ᠬᠣᠯᠪᠣᠭ᠎ᠠ ᠶᠢ ᠪᠤᠢ ᠪᠣᠯᠭᠠᠵᠤ ᠂ ᠴᠡᠷᠢᠭ ᠦᠨ ᠬᠤᠪᠴᠠᠰᠤ ᠂ ᠮᠣᠷᠢᠨ ᠤ ᠬᠡᠷᠡᠭᠰᠡᠯ ᠪᠡᠯᠡᠳᠬᠡᠬᠦ ᠦᠢᠯᠡᠳᠪᠦᠷᠢ ᠪᠠᠶᠢᠭᠤᠯᠵᠠᠢ ᠃ 
  ᠮᠣᠩᠭᠣᠯᠴᠤᠳ ᠡᠬᠡ ᠣᠷᠣᠨ ᠤ ᠳᠠᠶᠢᠨ ᠳᠤ ᠪᠡᠶ᠎ᠡ ᠪᠡᠷ ᠣᠷᠣᠯᠴᠠᠭ᠎ᠠ ᠦᠭᠡᠢ ᠴᠤ ᠡᠳ᠋ ᠮᠠᠲ᠋ᠧᠷᠢᠶᠠᠯ ᠂ ᠰᠡᠳᠬᠢᠯ ᠰᠠᠨᠠᠭᠠᠨ ᠤ ᠠᠰᠤᠷᠤ ᠶᠡᠬᠡ ᠳᠡᠮ ᠢ ᠵᠥᠪᠯᠡᠯᠲᠦ ᠳᠦ ᠦᠵᠡᠭᠦᠯᠵᠦ 1936 ᠣᠨ ᠳᠤ ᠪᠠᠶᠢᠭᠤᠯᠤᠭᠰᠠᠨ《ᠬᠠᠷᠢᠯᠴᠠᠨ ᠲᠤᠰᠠᠯᠠᠯᠴᠠᠬᠤ ᠫᠷᠣᠲ᠋ᠣᠺᠣᠯ ᠳ᠋ᠠᠬᠢ ᠡᠭᠦᠷᠭᠡ ᠪᠡᠨ ᠪᠡᠶᠡᠯᠡᠭᠦᠯᠵᠡᠢ᠃
  ᠡᠬᠡ ᠣᠷᠣᠨ ᠤ ᠳᠠᠶᠢᠨ ᠤ ᠵᠢᠯ ᠦᠳ ᠲᠦ ᠮᠣᠩᠭᠣᠯᠴᠤᠳ ᠣᠷᠣᠰ ᠤᠨ ᠤᠯᠠᠭᠠᠨ ᠠᠷᠮᠢ ᠳᠤ 6 ᠡᠭᠡᠯᠵᠢ ᠪᠡᠷ ᠂ ᠭᠠᠯᠲᠤ ᠲᠡᠷᠭᠡᠨ ᠦ 11 ᠴᠤᠪᠤᠭ᠎ᠠ ᠪᠡᠯᠡᠭ ᠶᠠᠪᠤᠭᠤᠯᠤᠭᠰᠠᠨ ᠠᠴᠠ ᠭᠠᠳᠠᠨ᠎ᠠ ᠲ-34᠂ ᠲ-70 ᠮᠠᠷᠺ ᠤᠨ 53 ᠲᠠᠩᠺᠠᠨ ᠠᠴᠠ ᠪᠦᠷᠢᠳᠦᠭᠰᠡᠨ《 ᠬᠤᠪᠢᠰᠬᠠᠯᠲᠤ ᠮᠣᠩᠭᠣᠯ》ᠯᠠ-5 ᠮᠠᠷᠺ ᠤᠨ 12 ᠣᠩᠭᠣᠴᠠᠨ ᠠᠴᠠ ᠪᠦᠷᠢᠳᠦᠭᠰᠡᠨ《ᠮᠣᠩᠭᠣᠯ ᠠᠷᠠᠳ》ᠡᠰᠺᠠᠳ᠋ᠷᠢᠯ ᠢ ᠪᠡᠯᠡᠭᠯᠡᠭᠰᠡᠨ᠃ ᠮᠥᠨ 485 ᠮᠢᠩᠭᠠᠨ ᠮᠣᠷᠢ ᠬᠤᠳᠠᠯᠳᠤᠵᠤ 32.5 ᠮᠢᠩᠭ᠎ᠠ ᠶᠢ ᠪᠡᠯᠡᠭᠯᠡᠵᠦ ᠨᠡᠶᠢᠲᠡ ᠪᠡᠯᠡᠭ ᠨᠢ 53.5 ᠰᠠᠶ᠎ᠠ ᠲᠥᠭᠥᠷᠢᠭ ᠂ 300 ᠣᠷᠴᠢᠮ ᠺᠭ ᠴᠡᠪᠡᠷ ᠠᠯᠲᠠ ᠪᠣᠯᠵᠤ ᠂ ᠬᠤᠳᠠᠯᠳᠤᠭᠰᠠᠨ ᠪᠠᠷᠠᠭᠠᠨ ᠤ ᠥᠷᠲᠡᠭ ᠨᠢ 400 ᠰᠠᠶ᠎ᠠ ᠳᠤ ᠬᠦᠷᠴᠡᠢ ᠃ ᠮᠣᠩᠭᠣᠯ ᠤᠨ ᠠᠷᠠᠳ ᠲᠦᠮᠡᠨ ᠦ ᠪᠡᠯᠡᠭ ᠢ ᠪᠠᠷᠠᠭᠤᠨ᠂ ᠪᠠᠷᠠᠭᠤᠨ ᠬᠣᠶᠢᠲᠤ ᠹᠷᠣᠨᠲ᠂ ᠦᠺᠷᠠᠶᠢᠨ ᠤ 1 ᠍ ᠳᠦᠭᠡᠷ ᠹᠷᠣᠨᠲ ᠂ ᠺᠠᠯᠢᠨᠢᠨ ᠪᠣᠯᠤᠨ ᠸᠣᠯᠬᠤᠪ ᠤᠨ ᠹᠠᠷᠤᠨ᠋ᠲ ᠲᠤ ᠪᠦᠭᠦᠳᠡ 6 ᠤᠳᠠᠭ᠎ᠠ ᠬᠦᠷᠭᠡᠨ ᠥᠭᠴᠡᠢ ᠃ ᠮᠣᠩᠭᠣᠯ ᠳᠤ ᠰᠠᠭᠤᠵᠤ ᠪᠠᠶᠢᠭᠠᠳ ᠹᠠᠷᠤᠨ᠋ᠲ  ᠲᠤ ᠳᠠᠶᠢᠴᠢᠯᠠᠭᠳᠠᠭᠰᠠᠨ ᠣᠷᠣᠰ ᠤᠳ ᠤᠨ ᠠᠷᠤ ᠭᠡᠷ ᠲᠦ ᠰᠠᠷ᠎ᠠ ᠪᠦᠷᠢ 20-100 ᠲᠥᠭᠦᠷᠢᠭ ᠦᠨ ᠲᠡᠳᠬᠦᠮᠵᠢ ᠣᠯᠭᠤᠵᠤ ᠪᠠᠶᠢᠪᠠ᠃ 
  ᠲᠤᠰᠬᠠᠢ ᠠᠩᠴᠢᠳ ᠭᠠᠷᠭᠠᠨ ᠵᠡᠭᠡᠷ᠎ᠡ ᠂ ᠭᠠᠬᠠᠢ ᠠᠩᠨᠠᠵᠤ ᠵᠥᠪᠯᠡᠯᠲᠦ ᠴᠡᠷᠢᠭ ᠦᠨ ᠬᠦᠨᠡᠰᠦᠨ ᠳᠦ ᠨᠡᠶᠢᠯᠡᠭᠦᠯᠵᠦ ᠪᠠᠶᠢᠪᠠ ᠃ ᠤᠯᠤᠰ ᠤᠨ ᠨᠡᠶᠢᠲᠡ ᠲᠥᠰᠥᠪ ᠦᠨ ᠬᠠᠭᠠᠰ ᠨᠢ ᠪᠠᠲᠤᠯᠠᠨ ᠬᠠᠮᠠᠭᠠᠯᠠᠯᠲᠠ ᠳᠤ ᠰᠢᠩᠭᠡᠵᠦ ᠪᠠᠶᠢᠪᠠ ᠃ 
  ᠢᠩᠭᠢᠭᠡᠳ 1945 ᠣᠨ ᠤ 8 ᠳ᠋ᠤᠭᠠᠷ ᠰᠠᠷ᠎ᠠ ᠶᠢᠨ 9 ᠍ ᠳᠦ ᠳᠣᠯᠣᠨᠨᠠᠭᠤᠷ ᠴᠢᠭᠯᠡᠯ ᠳᠦ ᠳᠠᠪᠰᠢᠬᠤ ᠬᠦᠴᠦ ᠬᠢᠯᠢ ᠳᠠᠪᠠᠵᠤ ᠳᠠᠶᠢᠰᠤᠨ ᠤ ᠡᠰᠡᠷᠭᠦᠴᠡᠯ ᠢ ᠨᠢᠴᠤᠭᠠᠨ ᠱᠧᠨᠰᠢᠩ ᠦᠨ ᠣᠪᠣᠭ᠎ᠠ ᠂ ᠰᠢᠨᠠᠭ᠎ᠠ ᠂ ᠠᠷᠤ ᠴᠠᠭᠠᠨ ᠨᠠᠭᠤᠷ ᠂ ᠶᠠᠩᠳᠤ ᠰᠦᠮ᠎ᠡ᠂ ᠲᠠᠰ ᠤᠨ ᠣᠪᠣᠭ᠎ᠠ ᠶᠢ ᠴᠢᠯᠦᠭᠡᠯᠡᠵᠦ 13 ᠍ ᠳᠦ ᠳᠠᠯᠠᠢ ᠨᠠᠭᠤᠷ ᠲᠤ ᠬᠦᠷᠴᠡᠢ᠃ ᠲᠡᠨᠳᠡ ᠡᠴᠡ ᠴᠠᠬᠠᠷ ᠤᠨ 150 ᠺᠢᠯᠣᠮᠧᠲ᠋ᠷ ᠤᠷᠲᠤ ᠴᠥᠯ ᠢ ᠲᠤᠭᠤᠯᠵᠤ ᠳᠣᠯᠣᠨᠨᠠᠭᠤᠷ ᠢ ᠡᠵᠡᠯᠡᠭᠡᠳ (ᠬᠢᠯᠢ ᠡᠴᠡ 450 ᠺᠢᠯᠣᠮᠧᠲ᠋ᠷ ᠳᠦ) ᠴᠠᠰᠢ ᠳᠠᠪᠰᠢᠪᠠ ᠃ ᠮᠣᠩᠭᠣᠯ ᠠᠷᠠᠳ ᠤᠨ ᠬᠤᠪᠢᠰᠬᠠᠯᠲᠤ ᠴᠡᠷᠢᠭ ᠍ ᠶᠢᠨ 5᠂ 7 ᠳ᠋ᠤᠭᠠᠷ ᠳ᠋ᠢᠸᠢᠽ ᠣᠷᠣᠰ ᠤᠨ ᠴᠡᠷᠢᠭ ᠦᠨ ᠬᠠᠮᠲᠤ 8 ᠳ᠋ᠤᠭᠠᠷ ᠰᠠᠷ᠎ᠠ ᠶᠢᠨ 17 ᠍ ᠳᠦ ᠹᠤᠨᠢᠨ᠂ 20 ᠍ ᠳᠦ ᠰᠠᠨᠴᠠᠺᠣᠤ᠂ 21 ᠍ ᠳᠦ ᠯᠤᠨᠢᠬᠤ᠎ᠠ ᠡᠵᠡᠯᠡᠪᠡ ᠃ 
  ᠮᠣᠩᠭᠣᠯ ᠠᠷᠠᠳ ᠤᠨ ᠬᠤᠪᠢᠰᠬᠠᠯᠲᠤ ᠴᠡᠷᠢᠭ ᠍ ᠦᠨ 7᠂ 8 ᠳ᠋ᠤᠭᠠᠷ ᠳ᠋ᠢᠸᠢᠽ ᠣᠷᠣᠰ ᠴᠡᠷᠢᠭ ᠦᠨ ᠬᠠᠮᠲᠤ 8 ᠳ᠋ᠤᠭᠠᠷ ᠰᠠᠷ᠎ᠠ ᠶᠢᠨ 20 ᠍ ᠳᠦ ᠵᠢᠬᠦᠭ ᠠᠪᠤᠪᠠ᠃ ᠡᠨᠳᠡ ᠡᠴᠡ 8000 ᠭᠠᠷᠤᠢ ᠴᠡᠷᠢᠭ᠂ 9126 ᠸᠢᠨᠲ᠋ᠣᠸ᠂ 123 ᠫᠦᠯᠧᠮᠶᠣᠲ᠂ 15 ᠮᠢᠨᠦᠮᠢᠶᠣᠲ᠂ 6 ᠶᠡᠬᠡ ᠪᠤᠤ᠂ 3 ᠲᠠᠩᠺ ᠂ 300 ᠮᠠᠰᠢᠨ ᠂ 42 ᠠᠭᠤᠯᠬᠤ ᠣᠯᠵᠯᠠᠵᠤ ᠮᠠᠨᠵᠤᠤᠷ ᠳᠠᠬᠢ ᠺᠸᠠᠨᠲᠤᠨ ᠤ ᠠᠷᠮᠢ ᠶᠢ ᠤᠮᠠᠷᠠᠳᠤ ᠬᠢᠲᠠᠳ ᠳᠠᠬᠢ ᠪᠠᠭᠠᠵᠢ ᠠᠴᠠ ᠨᠢ ᠲᠠᠰᠤᠯᠵᠠᠢ ᠃ 6 ᠳ᠋ᠤᠭᠠᠷ ᠳ᠋ᠢᠸᠢᠽ 8 ᠍ ᠳᠦᠭᠡᠷ ᠰᠠᠷ᠎ᠠ ᠶᠢᠨ 21 ᠍ ᠳᠦ ᠠᠨᠵᠢᠲᠤᠩ ᠢ ᠡᠵᠡᠯᠡᠭᠡᠳ᠂ ᠭᠤᠶᠤᠪᠡᠶᠢᠺᠣᠤ ᠣᠷᠴᠢᠮ (ᠬᠢᠯᠢ ᠡᠴᠡ 1010 ᠺᠢᠯᠣᠮᠧᠲ᠋ᠷ ᠣᠷᠴᠢᠮ) 5 ᠳ᠋ᠤᠭᠠᠷ ᠳ᠋ᠢᠸᠢᠽ ᠲᠡᠢ ᠨᠡᠶᠢᠯᠡᠪᠡ ᠃ ᠴᠢᠨᠠᠭᠰᠢ ᠳᠠᠪᠰᠢᠨ ᠶᠠᠫᠣᠨ ᠤ ᠦᠯᠡᠮᠵᠢ ᠬᠦᠴᠦ ᠪᠥᠭᠡᠭᠡᠨᠡᠷᠡᠭᠰᠡᠨ ᠮᠠᠨ ᠳᠤ 8 ᠳ᠋ᠤᠭᠠᠷ ᠰᠠᠷ᠎ᠠ ᠶᠢᠨ 22 ᠍ ᠳᠦ ᠲᠤᠯᠪᠠ ᠃ 
 ᠵᠠᠮ ᠤᠨ-ᠡᠭᠦᠳᠡ ᠡᠴᠡ ᠴᠢᠭᠤᠯᠤᠯᠲᠤ ᠬᠠᠭᠠᠯᠭ᠎ᠠ ᠵᠦᠭ ᠬᠥᠳᠡᠯᠦᠭᠰᠡᠨ ᠮᠣᠩᠭᠣᠯ ᠂ ᠣᠷᠣᠰ ᠴᠡᠷᠢᠭ ᠦᠳ ᠶᠠᠫᠣᠨ᠂ ᠥᠪᠥᠷ ᠮᠣᠩᠭᠣᠯ ᠤᠨ ᠠᠩᠭᠢ ᠰᠠᠯᠠᠪᠤᠷᠢ ᠶᠢ ᠤᠰᠠᠳᠬᠠᠭᠠᠳ ᠴᠢᠨᠠᠭᠰᠢ ᠳᠠᠪᠰᠢᠨ ᠨᠢᠨᠽᠠᠨ ᠬᠣᠲᠠ ᠶᠢ ᠡᠵᠡᠯᠡᠭᠡᠳ 8 ᠍ ᠳ᠋ᠤᠭᠠᠷ ᠰᠠᠷ᠎ᠠ ᠶᠢᠨ 11 ᠍ ᠳᠦ ᠪᠠᠷᠠᠭᠤᠨ ᠰᠥᠨᠢᠳ᠂ ᠸᠠᠩ ᠤᠨ ᠬᠦᠷᠢᠶ᠎ᠡ ᠶᠢ (ᠬᠢᠯᠢ ᠡᠴᠡ 200 ᠺᠢᠯᠣᠮᠧᠲ᠋ᠷ) ᠴᠢᠯᠦᠭᠡᠯᠡᠪᠡ᠃ 
 
ᠴᠢᠨᠠᠭᠰᠢ ᠳᠠᠪᠰᠢᠨ ᠵᠠᠪᠰᠠᠷ (8 ᠳ᠋ᠤᠭᠠᠷ ᠰᠠᠷ᠎ᠠ ᠶᠢᠨ 13)᠂ ᠵᠠᠩᠪᠡᠢ (8 ᠍ᠳ᠋ᠤᠭᠠᠷ ᠰᠠᠷ᠎ᠠ ᠶᠢᠨ 18) ᠡᠵᠡᠯᠡᠭᠰᠡᠨ ᠢᠶᠡᠷ ᠵᠠᠩᠴᠠᠬᠦᠦ ᠳᠦ ᠲᠤᠯᠪᠠ᠃ ᠬᠢᠯᠢ ᠡᠴᠡ 560 ᠺᠢᠯᠣᠮᠧᠲ᠋ᠷ ᠳᠦ ᠤᠷᠤᠰᠢᠬᠤ ᠵᠠᠩᠴᠠᠬᠦᠦ ᠶᠢᠨ ᠳᠠᠪᠠᠭ᠎ᠠ ᠪᠣᠯ ᠬᠣᠶᠢᠲᠣ ᠲᠠᠯ᠎ᠠ ᠠᠴᠠ ᠴᠢᠭᠤᠯᠤᠯᠲᠤ ᠬᠠᠭᠠᠯᠭ᠎ᠠ ᠤᠷᠤᠬᠤ ᠵᠠᠮ ᠢ ᠬᠠᠯᠬᠠᠯᠠᠭᠰᠠᠨ ᠶᠠᠫᠣᠨ ᠤ ᠭᠣᠣᠯ ᠲᠦᠰᠢᠴᠡ ᠪᠠᠶᠢᠯ᠎ᠠ ᠃ ᠲᠡᠷᠡᠬᠦ 《ᠳᠠᠪᠠᠭᠳᠠᠰᠢ ᠦᠭᠡᠢ ᠴᠠᠶᠢᠵᠠ》 ᠪᠣᠯᠤᠭᠰᠠᠨ ᠪᠡᠬᠢᠯᠡᠯᠲᠡ ᠶᠢ ᠮᠣᠩᠭᠣᠯ ᠠᠷᠠᠳ ᠤᠨ ᠬᠤᠪᠢᠰᠬᠠᠯᠲᠤ ᠴᠡᠷᠢᠭ ᠦᠨ ᠬᠤᠷᠠᠨᠳᠠ ᠨᠢᠶᠠᠨᠲᠠᠶᠢᠰᠦ᠋ᠷᠦᠩ ᠦᠨ 7 ᠳ᠋ᠤᠭᠠᠷ ᠬᠤᠶᠠᠭᠲᠤ ᠪᠠᠷᠢᠭᠠᠳᠠ᠂ ᠵᠥᠪᠯᠡᠯᠲᠦ ᠶᠢᠨ 27 ᠍ ᠳ᠋ᠤᠭᠠᠷ ᠮᠣᠲ᠋ᠣᠪᠠᠭᠤᠳᠠᠯᠭ᠎ᠠ ᠶᠢᠨ ᠪᠠᠷᠢᠭᠠᠳᠠ 3 ᠬᠣᠨᠣᠭ ᠰᠢᠷᠦᠭᠦᠨ ᠪᠠᠶᠢᠯᠳᠤᠭᠰᠠᠨ ᠤ ᠡᠴᠦᠰ ᠲᠦ ᠡᠪᠳᠡᠨ 8 ᠍ ᠳ᠋ᠤᠭᠠᠷ ᠰᠠᠷ᠎ᠠ ᠶᠢᠨ 21 ᠍ ᠳᠦ ᠴᠢᠭᠤᠯᠤᠯᠲᠤ ᠬᠠᠭᠠᠯᠭ᠎ᠠ ᠣᠷᠴᠢᠮ ᠢ ᠴᠢᠯᠦᠭᠡᠯᠡᠵᠡᠢ ᠃ ᠡᠨᠡ ᠳᠠᠶᠢᠨ ᠳᠤ 78 ᠮᠣᠩᠭᠣᠯ ᠬᠦᠮᠦᠨ ᠠᠯᠠᠭᠳᠠᠵᠤ ᠤᠯᠤᠰ ᠠᠴᠠ 2 ᠳ᠋ᠦᠩᠰᠢᠭᠤᠷ ᠭᠠᠷᠤᠢ ᠲᠥᠭᠥᠷᠢᠭ ᠦᠨ ᠬᠣᠬᠢᠷᠠᠯ ᠭᠠᠷᠴᠠᠢ ᠃ ᠨᠡᠶᠢᠲᠡ 59.4 ᠲᠦᠮᠡᠨᠶᠠᠫᠣᠨ ᠴᠡᠷᠢᠭ ᠣᠯᠵᠯᠠᠭᠰᠠᠨ ᠤ 12318 ᠍ ᠶᠢ ᠨᠢ ᠮᠣᠩᠭᠣᠯᠴᠤᠳ ᠣᠯᠵᠯᠠᠭᠰᠠᠨ ᠪᠠᠶᠢᠨ᠎ᠠ᠃ ᠡᠨᠡ ᠳᠠᠶᠢᠨ ᠮᠣᠩᠭᠣᠯ ᠠᠷᠠᠳ ᠤᠨ ᠬᠤᠪᠢᠰᠬᠠᠯᠲᠤ ᠴᠡᠷᠢᠭ ᠨᠢ ᠡᠬᠡ ᠣᠷᠣᠨᠴᠢ ᠂ ᠵᠣᠷᠢᠭ ᠬᠠᠲᠠᠭᠤᠵᠢᠯᠲᠠᠢ ᠂ ᠴᠢᠳᠠᠪᠤᠷᠢᠯᠢᠭ ᠂ ᠣᠷᠴᠢᠨ ᠦᠶ᠎ᠡ ᠶᠢᠨ ᠠᠷᠮᠢ ᠪᠣᠯᠤᠭᠰᠠᠨ ᠢ ᠬᠠᠷᠠᠭᠤᠯᠤᠭᠰᠠᠨ ᠶᠤᠮ᠃ 
         2017.8.14ᠬᠦᠬᠡᠬᠣᠲᠠᠨ᠎ᠠ



  
     
     