 

ᠡᠷᠲᠡᠨ ‍ᠣ ᠤᠢᠷᠠᠳ ᠪᠤᠯᠤᠨ ᠲᠦᠷᠦᠭ᠂ ᠬᠢᠷᠬᠢᠰ᠂ ᠬᠢᠲᠠᠨ ᠲᠠᠢ ᠬᠤᠯᠪᠤᠭᠳᠠᠬᠤ ᠠᠰᠠᠭᠤᠳᠠᠯ

2019-09-28 12:34
  59
  0
   ᠡᠷᠲᠡᠨ ‍ᠣ ᠤᠢᠷᠠᠳ ᠪᠤᠯᠤᠨ ᠲᠦᠷᠦᠭ᠂ ᠬᠢᠷᠬᠢᠰ᠂ ᠬᠢᠲᠠᠨ ᠲᠠᠢ ᠬᠤᠯᠪᠤᠭᠳᠠᠬᠤ ᠠᠰᠠᠭᠤᠳᠠᠯ      
  
   ᠳᠡᠭᠡᠷ᠎ᠠ ᠪᠢᠳᠡᠨ᠂ ᠡᠷᠲᠡᠨ ‍ᠣ ᠲᠠᠩ ᠤᠯᠤᠰ ᠤᠨ ᠦᠶ᠎ᠡ ᠶᠢᠨ ᠲᠡᠥᠬᠡᠨ ᠪᠠᠷᠢᠮᠳ᠋ᠨ ᠳᠤ ᠲᠤᠯᠭᠤᠷᠢᠯᠠᠨ᠂ ᠪᠦᠧᠧ ᠮᠠ ᠤᠯᠤᠰ︵驳马国ᠦᠬᠡᠷ᠎ᠠ ᠨᠡᠷ᠎ᠠ ᠨᠢ ᠾᠧ ᠯᠠ ᠤᠯᠤᠰ曷剌国︶᠂ ᠲᠡᠳᠡᠨ ‍ᠣ ᠪᠦᠷᠢᠯᠳᠦᠬᠦᠨ ᠳᠡᠬᠢ ᠧ ᠯᠦᠧᠧ ᠽᠢ︵遏罗支︶᠂ ᠪᠢ ᠯᠠ︵弊剌︶ᠠᠢᠮᠠᠭ ᠬᠡᠮᠡᠭᠰᠡᠨ ᠢ ᠨᠠᠷᠢᠨ ᠰᠢᠨᠵᠢᠯᠡᠵᠦ᠂ ᠪᠤᠮᠪᠠ᠂ ᠤᠢᠷᠠᠳ᠂ ᠦᠬᠡᠯᠡᠳ᠂ ᠪᠤᠷᠢᠶᠠᠳ ᠬᠡᠮᠡᠨ ᠰᠡᠷᠬᠦᠭᠡᠨ ᠤᠩᠰᠢᠵᠤ᠂ ᠬᠤᠯᠪᠤᠭᠳᠠᠬᠤ ᠠᠰᠠᠭᠤᠳᠠᠯ ᠢ ᠲᠤᠳᠤᠷᠬᠠᠢᠯᠠᠭᠰᠠᠨ ᠪᠤᠯᠤᠨ᠎ᠠ᠃   
   ᠲᠠᠩ ᠤᠯᠤᠰ ᠡᠴᠡ ᠬᠤᠢᠰᠢᠬᠢ ᠲᠡᠥᠬᠡᠨ ᠰᠤᠷᠪᠤᠯᠵᠢ ᠳᠤ ᠪᠦᠧᠧ ᠮᠠ ᠤᠯᠤᠰ︵ᠾᠧ ᠯᠠ ᠤᠯᠤᠰ︶ ᠲᠤᠬᠠᠢ ᠮᠡᠳᠡᠭᠯᠡᠯ ᠬᠠᠷᠢᠴᠠᠩᠭᠤᠢ ᠴᠦᠬᠡᠨ᠂ ᠲᠠᠩ ᠤᠯᠤᠰ ᠪᠤᠯᠤᠨ ᠲᠠᠩ ᠤᠯᠤᠰ ᠠᠴᠠ ᠬᠤᠢᠰᠢᠬᠢ ᠬᠢᠲᠠᠳ ᠤᠨ ᠲᠡᠥᠬᠡᠨ ᠰᠤᠷᠪᠤᠯᠵᠢ  ᠠᠴᠠ ᠪᠦᠧᠧ ᠮᠠ ᠨᠢ ᠬᠡᠵᠢᠶ᠎ᠡ ᠲᠦᠷᠦᠭ ᠬᠠᠭᠠᠨᠲᠤ ᠤᠯᠤᠰ ᠤᠨ ᠬᠠᠷᠢᠶᠠᠨ ᠳᠤ ᠤᠷᠤᠭᠰᠠᠨ᠂ ᠪᠦᠧᠧ ᠮᠠ ᠨᠢ ᠲᠦᠷᠦᠭ ᠦᠨ ᠬᠠᠭᠠᠨᠲᠤ ᠤᠯᠤᠰ ᠤᠨ ᠬᠠᠷᠢᠶᠠᠨ ᠳᠤ ᠤᠷᠤᠬᠤ ᠠᠴᠠ ᠡᠮᠦᠨ᠎ᠠ᠂ ᠶᠠᠮᠠᠷ ᠪᠠᠢᠳᠠᠯ ᠲᠠᠢ ᠤᠷᠤᠰᠢᠨ ᠲᠤᠭᠲᠠᠨᠢᠵᠤ ᠪᠠᠢᠭᠰᠠᠨ ᠪᠤᠢ᠂ ᠮᠦᠨ ᠲᠦᠷᠦᠭ ᠦᠨ ᠬᠠᠭᠠᠨᠲᠤ ᠤᠯᠤᠰ ᠮᠦᠬᠦᠭᠰᠡᠨ ‍ᠣ ᠳᠠᠷᠠᠭ᠎ᠠ᠂ ᠤᠢᠷᠠᠳ ᠶᠠᠮᠠᠷ ᠪᠠᠢᠳᠠᠯ ᠲᠠᠢ ᠪᠠᠢᠭᠰᠠᠨ ᠲᠤᠬᠠᠢ ᠰᠢᠬᠦᠵᠦ ᠰᠤᠨᠢᠷᠬᠠᠬᠤ ᠳᠤ᠂ ᠬᠤᠯᠪᠤᠭᠳᠠᠯᠲᠠᠢ ᠲᠡᠥᠬᠡᠨ ᠮᠠᠲ᠋ᠧᠷᠢᠶᠠᠯ ᠦᠨᠡᠭᠡᠷ ᠴᠦᠬᠡᠨ ᠪᠠᠢᠨ᠎ᠠ᠃  
   ᠲᠠᠩ ᠤᠯᠤᠰ ᠤᠨ ᠲᠡᠥᠬᠡᠨ ᠰᠤᠷᠪᠤᠯᠵᠢ ᠳᠤ᠂ ᠪᠦᠧᠧ ᠮᠠ ᠤᠯᠤᠰ︵ᠾᠧ ᠯᠠ ᠤᠯᠤᠰ︶ᠨᠢ ᠲᠦᠷᠦᠭ ᠦᠨ ᠶᠠᠭ ᠬᠤᠢᠭᠤᠷ᠂ ᠪᠠᠢᠭᠠᠯ ᠨᠠᠭᠤᠷ ᠤᠨ ᠤᠷᠢᠳᠤᠭᠤᠷ ᠨᠤᠲᠤᠭᠯᠠᠵᠤ ᠪᠠᠢᠭᠰᠠᠨ ᠭᠡᠵᠦ ᠲᠡᠮᠳᠡᠭᠯᠡᠭᠰᠡᠨ ᠪᠤᠢ᠂ ᠲᠡᠭᠡᠬᠦ ᠳᠡᠬᠡᠨ ᠪᠦᠧᠧ ᠮᠠ ᠤᠯᠤᠰ ᠪᠤᠶᠤ ᠾᠧ ᠯᠠ︵ᠤᠢᠷᠠᠳ︶ᠤᠯᠤᠰ ᠨᠢ ᠬᠡᠵᠢᠶ᠎ᠡ ᠲᠦᠷᠦᠭ ᠦᠨ ᠬᠠᠭᠠᠨᠲᠤ ᠤᠯᠤᠰ ᠤᠨ ᠬᠠᠷᠢᠶᠠᠲᠤ ᠪᠤᠯᠤᠭᠰᠠᠨ ᠲᠤᠬᠠᠢ ᠨᠠᠷᠢᠨ ᠮᠡᠳᠡᠭᠯᠡᠯ ᠪᠠᠢᠬᠤ ᠦᠬᠡᠢ᠂ ᠪᠦᠧᠧ ᠮᠠ ᠤᠯᠤᠰ ᠪᠤᠶᠤ ᠾᠧ ᠯᠠ︵ᠤᠢᠷᠠᠳ︶ᠤᠯᠤᠰ ᠤᠨ ᠲᠦᠷᠦᠭ ᠦᠨ ᠬᠠᠭᠠᠨᠲᠤ ᠤᠯᠤᠰ ᠤᠨ ᠬᠠᠷᠢᠶᠠᠨ ᠳᠤ ᠤᠷᠤᠭᠰᠠᠨ ᠴᠠᠭ ᠬᠤᠭᠤᠴᠠᠭ᠎ᠠ ᠶᠢ ᠬᠦᠷᠰᠢ ᠪᠠᠢᠭᠰᠠᠨ ᠬᠢᠷᠬᠢᠰ︵ᠲᠡᠳ᠋ᠨ ᠬᠢᠷᠬᠢᠰ ᠲᠠᠢ ᠳᠠᠢᠰᠦᠩᠨᠡᠵᠤ ᠪᠠᠢᠩᠭᠤ ᠪᠠᠢᠯᠳᠤᠵᠤ ᠪᠠᠢᠭᠰᠠᠨ  ᠨᠠᠷ᠂ ᠲᠷᠦᠺ ᠦᠨ ᠬᠠᠷᠢᠶᠠᠲᠤ ᠪᠤᠯᠤᠭᠰᠠᠨ ᠴᠠᠭ ᠬᠤᠭᠤᠴᠠᠭ᠎ᠠ ᠪᠠᠷ ᠠᠪᠴᠤ ᠦᠵᠡᠪᠠᠰᠤ᠂ ᠠᠰᠠᠭᠤᠳᠠᠯ ᠢ ᠨᠠᠷᠢᠪᠴᠢᠯᠠᠵᠤ ᠪᠤᠯᠬᠤ ᠰᠢᠭ ᠪᠠᠢᠨ᠎ᠠ᠃ 
   ︽ᠵᠸᠤ ᠤᠯᠤᠰ ᠤᠨ ᠪᠢᠴᠢᠭ︾ᠲᠠᠪᠢᠳᠤᠭᠠᠷ ᠪᠤᠳᠢ᠂ ᠲᠦᠷᠦᠭ ᠦᠨ ᠱᠠᠰᠲᠢᠷ ᠲᠤ ᠲᠡᠮᠳᠡᠭᠯᠡᠭᠰᠡᠨ ᠢᠶᠡᠷ᠄ ᠮᠦ ᠭᠠᠨ ᠬᠠᠭᠠᠨ︵553-572︶︽᠁又西破嚈哒,东走契丹,北并契骨,威服塞外诸国”᠁︾ᠭᠡᠵᠡᠢ᠂ ᠮᠤᠩᠭᠤᠯᠴᠢᠯᠠᠪᠠᠯ᠄︽᠁ ᠠᠬᠢᠭᠠᠳ ᠪᠠᠷᠠᠭᠤᠨᠰᠢ ᠪᠠᠨ ᠶᠠᠨ ᠳ᠋ᠠ ᠶᠢ ᠡᠪᠳᠡᠵᠦ᠂ ᠵᠡᠬᠦᠨᠰᠢ ᠪᠡᠨ ᠬᠢᠲᠠᠨ ᠢ ᠵᠠᠢᠯᠠᠭᠤᠯᠵᠤ᠂ ᠬᠤᠢᠰᠢ ᠪᠠᠨ ᠬᠢᠷᠬᠢᠰ ᠢ ᠨᠢᠬᠡᠳᠭᠡᠪᠡ᠂ ᠬᠢᠯᠢ ᠶᠢᠨ ᠭᠠᠳᠠᠨᠠᠬᠢ ᠤᠯᠠᠨ ᠤᠯᠤᠰ ᠢ ᠰᠦᠷ ᠢᠶᠡᠷ ᠨᠤᠮᠤᠳᠬᠠᠪᠠ︾ᠭᠡᠰᠡᠨ ᠲᠡᠮᠳᠡᠭᠯᠡᠯ ᠪᠤᠯᠤᠨ᠎ᠠ᠃ ᠡᠨᠡ ᠤᠢᠯᠨ ᠶᠠᠪᠤᠳᠠᠯ ᠤᠨ ᠪᠤᠳᠠᠲᠠᠢ ᠴᠠᠭ ᠬᠤᠭᠤᠴᠠᠭ᠎ᠠ ᠨᠢ ᠪᠠᠷᠤᠭᠴᠠᠭᠠᠳ ᠮᠦ ᠭᠠᠨ ᠬᠠᠭᠠᠨ ‍ᠣ ᠦᠶ᠎ᠡ ᠪᠤᠯᠬᠤ ᠪᠦᠬᠡᠳ ᠬᠢᠷᠬᠢᠰ  ᠦᠨ ᠵᠡᠬᠦᠨ ᠤᠷᠢᠳᠤᠭᠤᠷ ᠤᠷᠤᠰᠢᠨ ᠪᠠᠢᠭᠰᠠᠨ ᠪᠦᠧᠧ ᠮᠠ ᠨᠠᠷ᠂ ᠭᠠᠵᠠᠷ ᠵᠦᠢ ᠶᠢᠨ ᠪᠠᠢᠷᠢᠯᠠᠯ᠂ ᠬᠤᠯᠨ ᠤᠢᠷ᠎ᠠ ᠶᠢᠨ ᠵᠠᠢ ᠶᠢᠨ ᠬᠤᠪᠢ ᠳᠤ᠂ ᠲᠦᠷᠦᠭ ᠦᠨ ᠬᠠᠭᠠᠨᠲᠤ ᠤᠯᠤᠰ ᠤᠨ ᠬᠠᠷᠢᠶᠠᠲᠤ ᠪᠤᠯᠤᠭᠰᠠᠨ ᠴᠠᠭ ᠬᠤᠭᠤᠴᠠᠭ᠎ᠠ ᠨᠢ ᠡᠬᠦᠨ ᠡᠴᠡ ᠬᠤᠢᠰᠢ ᠪᠡᠨ ᠪᠠᠢᠭ᠎ᠠ ᠦᠬᠡᠢ ᠪᠤᠯᠤᠯᠲᠠᠢ᠃   
   ᠵᠧᠨ ᠭᠤᠸᠠᠨ ‍ᠣ 12 ᠤᠨ ᠪᠤᠶᠤ ᠮᠠᠨ ‍ᠣ ᠡᠷᠢᠨ ‍ᠣ 638 ᠤᠨ᠂ ᠲᠦᠷᠦᠭ ᠦᠨ ᠬᠠᠭᠠᠨᠲᠤ ᠤᠯᠤᠰ ᠨᠢ ᠵᠡᠬᠦᠨ ᠪᠠᠷᠠᠭᠤᠨ ᠪᠤᠯᠤᠨ ᠬᠠᠭᠠᠷᠠᠪᠠ᠂ ᠪᠠᠷᠠᠭᠤᠨ ᠲᠦᠷᠦᠭ ᠦᠨ ᠬᠠᠭᠠᠨᠲᠤ ᠤᠯᠤᠰ ᠤᠨ ᠬᠠᠷᠢᠶᠠᠨ ᠳᠤ ᠲᠦ᠋ ᠶᠦᠧᠧ ᠱᠢ᠂ ᠪᠠ ᠱᠢ ᠮᠢ᠂ ᠪᠦᠧᠧ ᠮᠠ᠂ ᠬᠢᠷᠬᠢᠰ᠂ ᠾᠦᠧᠧ ᠱᠦᠨ᠂ ᠴᠦ᠋ ᠲᠦ᠋ ᠺᠦᠨ ᠭᠡᠬᠦ ᠠᠢᠮᠠᠭ  ᠦᠳ ᠦᠨ ᠨᠡᠷ᠎ᠠ ᠳᠤᠷᠠᠳᠤᠭᠳᠠᠪᠠ᠂ ᠵᠢᠱᠢᠶᠡᠯᠡᠪᠡᠯ᠄︽ᠬᠠᠭᠤᠴᠢᠨ ᠲᠠᠩ ᠤᠯᠤᠰ ᠤᠨ ᠪᠢᠴᠢᠭ᠂ 140 ᠳ᠋ᠤᠭᠠᠷ ᠱᠠᠰᠲᠢᠷ᠂ ᠳᠤᠤᠷᠠᠳᠤ︾ᠳᠦ᠄︽ ᠁咄陆可汗建廷镞曷山西,谓之北庭。自厥越失、拔悉弥、驳马、结骨、火燖、触木昆诸国皆臣之᠁ ︾ᠭᠡᠵᠡᠢ᠂ ᠮᠤᠩᠭᠤᠯᠴᠢᠯᠠᠪᠠᠯ᠄ ︽᠁ ᠳ᠋ᠦᠧᠧ ᠯᠦ ᠬᠠᠭᠠᠨ᠂ ᠦᠷᠬᠦᠭᠡ ᠪᠡᠨ ᠵᠦ ᠾᠧ ᠠᠭᠤᠯᠨ ᠤ ᠪᠠᠷᠠᠭᠤᠨ ᠳᠤ ᠪᠠᠷᠢᠪᠠ᠃ ᠲᠦ᠋ ᠶᠦᠧᠧ ᠱᠢ᠂ ᠪᠠ ᠱᠢ ᠮᠢ᠂ ᠪᠦᠧᠧ ᠮᠠ᠂ ᠬᠢᠷᠬᠢᠰ᠂ ᠾᠦᠧᠧ ᠱᠦᠨ᠂ ᠴᠦ᠋ ᠲᠦ᠋ ᠺᠦᠨ ‍ᠣ ᠤᠯᠠᠨ ᠤᠯᠤᠰ ᠪᠦᠬᠦᠳ᠋ᠨ ᠢ ᠨᠢ ᠬᠠᠷᠢᠶᠠᠲᠤ ᠪᠠᠨ ᠪᠤᠯᠭᠠᠪᠠ᠃ ︾ᠭᠡᠰᠡᠨ ᠲᠡᠮᠳᠡᠭᠯᠡᠯ ᠪᠤᠯᠤᠨ᠎ᠠ᠃ ᠡᠨᠳ᠋ᠨ ᠡᠴᠡ ᠪᠢᠳ᠋ᠨ ᠪᠦᠧᠧ ᠨᠠ ᠨᠢ ᠮᠠᠨ ‍ᠣ ᠡᠷᠢᠨ ‍ᠣ 638 ᠤᠨ ‍ᠣ ᠦᠶ᠎ᠡ ᠪᠡᠷ ᠪᠠᠷᠠᠭᠤᠨ ᠲᠦᠷᠦᠭ ᠦᠨ ᠬᠠᠭᠠᠨᠲᠤ ᠤᠯᠤᠰ ᠤᠨ ᠬᠠᠷᠢᠶᠠᠲᠤ ᠪᠤᠯᠤᠭᠰᠠᠨ ᠢ ᠮᠡᠳᠡᠵᠦ ᠪᠤᠯᠤᠨ᠎ᠠ᠃   
   ᠲᠠᠩ ᠤᠯᠤᠰ ᠤᠨ ᠶᠦᠩ ᠸᠸᠢ ᠶᠢᠨ ᠬᠤᠶᠠᠷ ᠤᠨ ᠪᠤᠶᠤ ᠮᠠᠨ ‍ᠣ ᠡᠷᠢᠨ ‍ᠣ 651 ᠤᠨ ‍ᠣ ᠠᠷᠪᠠᠨ ᠬᠤᠶᠠᠷ ᠰᠠᠷ᠎ᠠ᠂ ᠪᠦᠧᠧ ᠮᠠ ᠨᠢ︽ᠡᠯᠴᠢ ᠶᠠᠪᠤᠭᠤᠯᠤᠨ ᠪᠡᠯᠡᠭ ᠪᠠᠷᠢᠪᠠᠢ︾ᠬᠡᠮᠡᠨ ᠲᠡᠮᠳᠡᠭᠯᠡᠵᠡᠢ᠂ ᠪᠦᠧᠧ ᠮᠠ ᠨᠢ ᠡᠨᠡ ᠦᠶ᠎ᠡ ᠪᠡᠷ᠂ ᠪᠠᠷᠠᠭᠤᠨ ᠲᠦᠷᠦᠭ ᠦᠨ ᠬᠠᠭᠠᠨᠲᠤ ᠤᠯᠤᠰ ᠤᠨ ᠬᠦᠴᠦ ᠰᠤᠯᠠᠳᠠᠭᠰᠠᠨ ᠢ ᠳᠠᠯᠢᠮᠳᠠᠭᠤᠯᠤᠨ᠂ ᠪᠡᠶ᠎ᠡ ᠪᠡᠨ ᠳᠠᠭᠠᠭᠠᠨ ᠲᠤᠰᠠᠭᠠᠷᠯᠠᠭᠰᠠᠨ ᠪᠠᠢᠳᠠᠯ ᠢᠶᠠᠷ ᠲᠠᠩ ᠤᠯᠤᠰ ᠲᠠᠢ ᠬᠠᠷᠢᠯᠴᠠᠵᠤ ᠪᠠᠢᠭ᠎ᠠ ᠶᠤᠮ ᠦᠦ᠃  
   ︽ᠯᠢᠶᠤᠤ ᠤᠯᠤᠰ ᠤᠨ ᠲᠡᠥᠬᠡ︾ᠬᠤᠶᠠᠳᠤᠭᠠᠷ ᠪᠤᠳᠢ᠂ ᠲᠠᠢᠽᠦ ᠶᠢᠨ ᠨᠠᠮᠲᠠᠷ ᠲᠤ᠄ ︽᠁ ᠨᠠᠮᠤᠷ ᠤᠨ ᠳᠤᠯᠤᠭᠠᠨ ᠰᠠᠷ᠎ᠠ ᠶᠢᠨ ᠴᠠᠭᠠᠭᠴᠢᠨ ᠭᠠᠬᠠᠢ ᠡᠳᠦᠷ᠂ ᠾᠧ ᠯᠠ ᠨᠠᠷ᠂ ᠰᠦ᠋ ᠺᠦᠨ ᠨᠠ ᠠᠭᠤᠯᠨ ‍ᠣ ᠵᠡᠬᠦᠨ ᠳᠡᠬᠢ ᠤᠪᠤᠭ ᠢ ᠲᠤᠪᠲᠤᠯᠠᠵᠤ ᠡᠪᠳᠡᠪᠡ︾ᠭᠡᠵᠤ ᠲᠡᠮᠳᠡᠭᠯᠡᠵᠡᠢ᠃ ᠰᠦ᠋ ᠺᠦᠨ ᠨᠠ︵素昆那︶ᠠᠭᠤᠯᠨ ‍ᠣ ᠵᠡᠬᠦᠨ ᠳᠡᠬᠢ ᠤᠪᠤᠭ ᠤᠳ ᠢ ᠤᠢᠷᠠᠳ ᠲᠤᠪᠲᠤᠯᠠᠵᠤ ᠪᠠᠢᠭᠰᠠᠨ ᠭᠡᠵᠤ ᠯᠢᠶᠤᠤ ᠤᠯᠤᠰ ᠠᠴᠠ ᠲᠤᠰᠬᠠᠢᠯᠠᠨ ᠲᠡᠮᠳᠡᠭᠯᠡᠭᠰᠡᠨ ᠡᠴᠡ ᠦᠵᠡᠬᠦ ᠳᠦ᠂ ᠡᠨᠳ᠋ᠨ ᠭᠠᠷᠴᠤ ᠪᠤᠢ ᠾᠧ ᠯᠠ ᠡᠴᠡ ᠪᠤᠰᠤᠳ ᠨᠢ ᠶᠠᠮᠠᠷ ᠶᠠᠮᠠᠷ ᠠᠢᠮᠠᠭ ᠪᠤᠯᠬᠤ ᠲᠤᠬᠠᠢ᠂ ᠰᠦ᠋ ᠺᠦᠨ ᠨᠠ ᠠᠭᠤᠯᠨ ᠨᠢ ᠤᠳᠤ ᠶᠢᠨ ᠶᠠᠮᠠᠷ ᠠᠭᠤᠯᠨ ᠪᠤᠯᠬᠤ᠂ ᠰᠦ᠋ ᠺᠦᠨ ᠨᠠ ᠠᠭᠤᠯᠨ ‍ᠣ ᠵᠡᠬᠦᠨ ᠳᠡᠬᠢ ᠤᠪᠤᠭ ᠭᠡᠳᠡᠭ ᠨᠢ ᠶᠠᠮᠠᠷ ᠤᠪᠤᠭ ᠪᠤᠯᠬᠤ ᠲᠤᠬᠠᠢ ᠲᠤᠳᠤᠷᠬᠠᠢᠯᠠᠬᠤ ᠬᠡᠷᠡᠭ ᠲᠡᠢ᠂ ᠲᠡᠭᠡᠬᠦ ᠳᠡᠬᠡᠨ ᠨᠠᠷᠢᠨ ᠮᠡᠳᠡᠭᠯᠡᠯ ᠪᠠᠢᠬᠤ ᠦᠬᠡᠢ᠂ ᠤᠢᠷᠠᠳ ᠤᠨ ᠡᠨᠡ ᠳᠤᠪᠲᠤᠯᠭᠠᠨ ᠢ ᠬᠢᠲᠠᠴᠤᠳ ᠡᠨᠡ ᠲᠤᠬᠠᠢ ᠶᠡᠬᠡᠯ᠎ᠡ ᠠᠩᠬᠠᠷᠤᠵᠤ ᠪᠠᠢᠭᠰᠠᠨ ᠪᠤᠯᠤᠯᠲᠠᠢ᠃  
   ᠲᠡᠥᠬᠡᠨ ᠰᠤᠷᠪᠤᠯᠵᠢ ᠠᠴᠠ ᠬᠠᠷᠠᠬᠤ ᠳᠤ᠂ ᠯᠢᠶᠤᠤ ᠤᠯᠤᠰ ᠪᠤᠯᠤᠨ ᠤᠢᠷᠠᠳ ᠤᠨ ᠬᠤᠭᠤᠷᠤᠨᠳᠤ ᠶᠠᠮᠠᠷ ᠨᠢᠬᠡᠨ ᠳᠠᠢᠨ ᠪᠤᠯᠤᠭᠰᠠᠨ ᠲᠤᠳᠤᠷᠬᠠᠢ ᠪᠠᠷᠢᠮᠳ᠋ᠨ ᠬᠠᠷᠠᠭᠳᠠᠬᠤ ᠦᠬᠡᠢ᠂ ᠯᠢᠶᠤᠤ ᠤᠯᠤᠰ ᠤᠨ ᠪᠠᠷᠠᠭᠤᠨᠰᠢ ᠳᠠᠢᠯᠠᠭᠰᠠᠨ ᠳᠠᠢᠨ ᠠᠴᠠ ᠰᠢᠯᠲᠠᠭᠠᠢᠯᠠᠨ᠂ ᠬᠢᠷᠬᠢᠰ᠂ ᠤᠢᠷᠠᠳ ᠢ ᠶᠠᠮᠠᠷ ᠨᠢᠬᠡᠨ ᠪᠠᠢᠳᠠᠯ ᠢᠶᠠᠷ ᠨᠦᠯᠦᠬᠡᠯᠡᠭᠰᠡᠨ ᠬᠡᠳᠡᠭ ᠢ ᠪᠢᠳ᠋ᠨ ᠭᠠᠷᠭᠠᠵᠤ ᠪᠤᠯᠬᠤ ᠦᠬᠡᠢ ᠪᠠᠢᠨ᠎ᠠ᠃  
   ︽ᠯᠢᠶᠤᠤ ᠤᠯᠤᠰ ᠤᠨ ᠲᠡᠥᠬᠡ︾ᠬᠤᠶᠠᠳᠤᠭᠠᠷ ᠪᠤᠳᠢ᠂ ᠲᠠᠢᠽᠦ ᠶᠢᠨ ᠨᠠᠮᠲᠠᠷ ᠲᠤ᠄ ︽᠁ ᠲᠢᠶᠠᠨ ᠽᠠᠨ ‍ᠣ ᠭᠤᠷᠪᠠᠨ ᠤᠨ ‍ᠣ ᠨᠠᠢ᠌ᠮᠠᠨ ᠰᠠᠷ᠎ᠠ ᠶᠢᠨ ᠬᠦᠬᠡ ᠮᠤᠷᠢᠨ ᠡᠳᠦᠷ᠂ ᠡᠷᠲᠡᠨ ‍ᠣ ᠴᠠᠨ ᠢᠥᠢ ᠶᠢᠨ ᠤᠯᠤᠰ ᠲᠤ ᠬᠦᠷᠪᠠ᠂ ᠠ ᠯᠢ ᠳ᠋ᠢᠶᠠᠨ ᠶᠠᠨ ᠳ᠋ᠧ ᠰᠢ ᠠᠭᠤᠯᠠᠨ ᠳᠤ ᠭᠠᠷᠪᠠ᠂ ᠨᠠᠢ᠌ᠮᠠᠨ ᠰᠠᠷ᠎ᠠ ᠶᠢᠨ ᠤᠯᠠᠭᠠᠨ ᠮᠡᠴᠢᠨ ᠡᠳᠦᠷ ᠦᠨ ᠰᠢᠨ᠎ᠠ ᠶᠢᠨ ᠨᠢᠬᠡᠨ ᠳᠦ᠂ ᠡᠷᠲᠡᠨ ‍ᠣ ᠤᠢᠭᠤᠷ ᠬᠤᠳ᠋ᠨ ᠳᠤ ᠦᠳᠡᠯᠡᠪᠡ᠂ ᠴᠠᠭᠠᠨ ᠬᠤᠯᠤᠭᠠᠨ᠎ᠠ ᠡᠳᠦᠷ᠂ ᠳ᠋ᠠᠢ ᠯᠢᠨ ᠳᠦ ᠨᠡᠷᠨ ᠲᠠᠬᠢᠪᠠ︾ᠭᠡᠵᠡᠢ᠃ ᠲᠢᠶᠠᠨ ᠽᠠᠨ ‍ᠣ ᠭᠤᠷᠪᠠᠨ ᠤᠨ ᠪᠤᠶᠤ ᠮᠠᠨ ‍ᠣ ᠡᠷᠢᠨ ‍ᠣ 924 ᠤᠨ ‍ᠣ ᠨᠠᠢ᠌ᠮᠠᠨ ᠰᠠᠷ᠎ᠠ ᠳᠤ᠂ ᠯᠢᠶᠤᠤ ᠤᠯᠤᠰ ᠤᠨ ᠲᠠᠢᠽᠦ ᠬᠠᠭᠠᠨ ᠶᠧ ᠯᠢᠥᠢ ᠠ ᠪᠤᠤ ᠵᠢᠢ᠂ ᠮᠤᠩᠭᠤᠯ ᠤᠨ ᠦᠨᠳᠦᠷᠯᠢᠭ ᠲᠦ ᠨᠡᠪᠲᠡᠷᠡᠨ᠂ ᠦ᠋ ᠭᠦ᠋ ᠠᠭᠤᠯᠠᠨ ‍ᠣ ᠤᠢᠷᠠᠯᠴᠠᠭ᠎ᠠ ᠬᠦᠷᠴᠦ᠂ ᠡᠷᠲᠡᠨ ‍ᠣ ᠾᠦᠩᠨᠦ ᠶᠢᠨ ᠴᠠᠨ ᠢᠥᠢ ᠶᠢᠨ ᠬᠤᠳ᠋ᠨ ‍ᠣ ᠪᠠᠭᠤᠷᠢ ᠲᠤ ᠦᠳᠡᠯᠡᠵᠦ᠂ ᠠ ᠯᠢ ᠳ᠋ᠢᠶᠠᠨ ᠶᠠᠨ ᠳ᠋ᠧ ᠠᠭᠤᠯᠨ ᠢ ᠲᠠᠬᠢᠭᠰᠠᠨ ᠪᠠᠢᠨ᠎ᠠ᠃ ᠲᠢᠶᠠᠨ ᠽᠠᠨ ‍ᠣ ᠭᠤᠷᠪᠠᠨ ᠤᠨ ᠪᠤᠶᠤ ᠮᠠᠨ ‍ᠣ ᠡᠷᠢᠨ ‍ᠣ 924 ᠤᠨ ‍ᠣ ᠶᠢᠰᠦᠨ ᠰᠠᠷ᠎ᠠ ᠳᠤ᠂ ᠸᠦᠧᠧ ᠡᠯ ᠬᠠᠨ ᠭᠤᠤᠯ ᠪᠤᠶᠤ ᠤᠷᠬᠤᠨ ᠭᠤᠤᠯ ᠤᠨ ᠬᠦᠪᠡᠬᠡ ᠪᠠᠢᠬᠤ ᠡᠷᠲᠡᠨ ‍ᠣ ᠤᠢᠭᠤᠷ ᠬᠤᠳ᠋ᠨ ᠳᠤ ᠪᠤᠴᠠᠭᠰᠠᠨ ᠪᠦᠬᠡᠳ ᠠᠯᠳᠠᠷ ᠭᠠᠪᠢᠶ᠎ᠠ ᠶᠢ ᠪᠡᠨ ᠬᠦᠰᠢᠶᠠᠨ ᠳᠤ ᠰᠢᠢᠯᠡᠬᠦᠯᠵᠦ ᠪᠤᠰᠬᠠᠭᠰᠠᠨ ᠬᠡᠮᠡᠨ ᠳᠤᠷᠠᠳᠴᠤ ᠪᠠᠢᠨ᠎ᠠ᠃  
   ᠡᠨᠳ᠋ᠨ ᠭᠠᠷᠴᠤ ᠪᠤᠢ ᠡᠷᠲᠡᠨ ‍ᠣ ᠴᠠᠨ ᠢᠥᠢ ᠶᠢᠨ ᠤᠯᠤᠰ ᠭᠡᠳᠡᠭ ᠨᠢ ︽ᠯᠢᠶᠤᠤ ᠤᠯᠤᠰ ᠤᠨ ᠲᠡᠥᠬᠡ︾ᠶᠡᠷᠢᠨ ᠭᠤᠷᠪᠠᠳᠤᠭᠠᠷ ᠪᠤᠳᠢ᠂ ᠰᠢᠶᠤᠤ ᠲᠦ᠋ ᠢᠥᠢ ᠶᠢᠨ ᠨᠠᠮᠲᠠᠷ ᠳᠦ ᠳᠤᠷᠠᠳᠤᠭᠰᠠᠨ ᠯᠦᠩ ᠤᠷᠳᠤᠨ ᠪᠤᠶᠤ ᠡᠷᠲᠡᠨ ‍ᠣ ᠾᠦᠩᠨᠦ ᠶᠢᠨ ᠴᠠᠨ ᠢᠥᠢ ᠶᠢᠨ ᠬᠤᠳ᠋ᠨ ᠪᠤᠯᠬᠤ ᠠᠵᠠᠢ᠃ ᠡᠨᠡ ᠬᠤᠳ᠋ᠨ ᠨᠢ ᠠ ᠯᠢ ᠳ᠋ᠢᠶᠠᠨ ᠶᠠᠨ ᠳ᠋ᠧ ᠰᠢ︵阿里典厌得斯︶ᠠᠭᠤᠯᠠᠨ ‍ᠣ ᠤᠢᠷᠠᠯᠴᠠᠭ᠎ᠠ ᠪᠤᠢ ᠬᠤᠳ᠋ᠨ ᠪᠤᠶᠤ ᠠᠵᠠᠢ᠂ ᠯᠢᠶᠤᠤ ᠤᠯᠤᠰ ᠨᠢ ᠡᠨᠳ᠋ᠨ ᠤᠷᠳᠤ︵窝鲁朵Ordo︶ᠬᠤᠳ᠋ᠨ ᠢ ᠪᠠᠷᠢᠭᠰᠠᠨ᠂ ᠲᠡᠢᠮᠦ ᠡᠴᠡ ᠨᠠᠮᠲᠠᠷ ᠲᠤ︽ᠤᠷᠳᠤ︵窝鲁朵Ordo︶ᠪᠤᠯᠪᠠᠰᠤ ᠡᠷᠲᠡᠨ ‍ᠣ ᠦᠶ᠎ᠡ ᠶᠢᠨ ᠯᠦᠩ ᠤᠷᠳᠤᠨ᠂ ᠴᠠᠨ ᠢᠥᠢ ᠶᠢᠨ ᠬᠤᠳ᠋ᠨ ᠪᠦᠯᠦᠬᠡ︾ᠭᠡᠵᠡᠢ᠂ ᠨᠦᠭᠦᠬᠡ ᠨᠢᠬᠡ ᠨᠢ ᠡᠷᠲᠡᠨ ‍ᠣ ᠤᠢᠭᠤᠷ ᠤᠨ ᠬᠤᠳ᠋ᠨ ᠨᠢ Kara-Balgassun ᠪᠤᠯᠤᠨ᠎ᠠ᠃  
   ᠦ᠋ ᠭᠦ᠋ ᠠᠭᠤᠯᠨ ᠨᠢ ᠬᠡᠨᠳᠠᠢ ᠠᠭᠤᠯᠨ ᠬᠡᠮᠡᠨ ᠬᠢᠲᠠᠳ ᠰᠤᠳᠤᠯᠠᠭᠠᠴᠢᠳ ᠦᠵᠡᠭᠰᠡᠨ ᠪᠠᠢᠨ᠎ᠠ᠂ ᠲᠡᠭᠡᠬᠦ ᠳᠡᠬᠡᠨ ᠶᠠᠮᠠᠷ ᠦᠨᠳᠦᠰᠦᠯᠡᠯ ᠪᠠᠷᠢᠮᠳ᠋ᠨ ᠬᠡᠳᠡᠭ ᠢ ᠳᠤᠷᠠᠳᠤᠭᠠᠳ ᠦᠬᠡᠢ᠂ ᠡᠢᠮᠦ ᠡᠴᠡ ᠪᠠᠰᠠᠴᠤ ᠲᠤᠳᠤᠷᠬᠠᠢ ᠦᠬᠡᠢ᠃
   ᠲᠦᠷᠦᠭ ᠲᠠᠢ ᠬᠤᠯᠪᠤᠭ᠎ᠠ ᠲᠠᠢ ᠬᠢᠲᠠᠳ ᠤᠨ ᠡᠷᠲᠡᠨ ‍ᠣ ᠲᠡᠥᠬᠡᠨ ᠰᠤᠷᠪᠤᠯᠵᠢ ᠳᠤ ᠲᠦᠷᠦᠭ ᠪᠤᠯᠤᠨ ᠾᠧ ᠯᠠ ᠤᠯᠤᠰ︵ ᠤᠢᠷᠠᠳ ᠤᠯᠤᠰ︶᠂ ᠪᠦᠧᠧ ᠮᠠ︵ᠾᠧ ᠯᠠ ᠤᠯᠤᠰ ᠪᠤᠶᠤ ᠤᠢᠷᠠᠳ ᠤᠯᠤᠰ ᠤᠨ ᠦᠬᠡᠷ᠎ᠠ ᠨᠢᠬᠡᠨ ᠨᠡᠷ᠎ᠠ︶ ᠤᠯᠤᠰ ᠤᠨ ᠬᠤᠭᠤᠷᠤᠨᠳᠤ᠂ ᠶᠠᠮᠠᠷ ᠨᠢᠬᠡᠨ ᠳᠠᠢᠨ ᠪᠠᠢᠯᠳᠤᠭᠠᠨ ᠪᠤᠯᠤᠭᠰᠠᠨ ᠲᠤᠬᠠᠢ ᠦᠰᠦᠭ ᠪᠢᠴᠢᠭ ᠦᠨ ᠲᠡᠮᠳᠡᠭᠯᠡᠯ ᠤᠳᠤᠬᠠᠨ ᠳᠠᠭᠠᠨ ᠬᠠᠷᠠᠭᠳᠠᠬᠤ ᠦᠬᠡᠢ᠂ ᠮᠤᠩᠭᠤᠯ ᠤᠯᠤᠰ ᠤᠨ ᠨᠤᠲᠤᠭ ᠳᠡᠪᠢᠰᠭᠡᠷ ᠡᠴᠡ ᠤᠯᠳᠠᠭᠰᠠᠨ ᠲᠦᠷᠦᠭ ᠦᠨ ᠬᠦᠰᠢᠶᠠᠨ ᠪᠢᠴᠢᠭ ᠳᠦ ᠮᠦᠨ ᠲᠡᠢᠮᠦ ᠲᠡᠮᠳᠡᠭᠯᠡᠯ ᠬᠠᠷᠠᠭᠳᠠᠬᠤ ᠦᠬᠡᠢ ᠪᠠᠢᠨ᠎ᠠ᠂ ᠬᠠᠷᠢᠨ ᠲᠦᠷᠦᠭ ᠤᠳ᠂ ᠬᠤᠢᠰᠢ ᠪᠠᠨ ᠬᠢᠷᠬᠢᠰ᠂ ᠦᠬᠡᠷ᠎ᠠ ᠠᠢᠮᠠᠭ ᠢ ᠳᠠᠢᠯᠠᠭᠰᠠᠨ ᠮᠡᠳᠡᠭᠯᠡᠯ ᠪᠤᠢ᠃ ᠬᠠᠷᠢᠨ ᠲᠠᠷᠢᠶᠠᠲᠤ ᠶᠢᠨ ᠬᠦᠰᠢᠶᠠᠨ ᠪᠢᠴᠢᠭᠡᠰᠦ ᠳᠦ ᠪᠤᠷᠢᠶᠠᠳ ᠬᠡᠮᠡᠭᠰᠡᠨ ᠠᠢᠮᠠᠭ ᠤᠨ ᠨᠡᠷ᠎ᠠ ᠲᠤᠬᠢᠶᠠᠯᠳᠤᠨ᠎ᠠ᠂ ᠡᠨᠡ ᠪᠤᠯ ᠭᠠᠭᠴᠠᠬᠠᠨ ᠵᠢᠱᠢᠶ᠎ᠡ ᠪᠠᠢᠨ᠎ᠠ᠂ ᠲᠡᠢᠮᠦ ᠡᠴᠡ ᠡᠷᠲᠡᠨ ‍ᠣ ᠬᠢᠲᠠᠳ ᠲᠡᠥᠬᠡᠨ ᠰᠤᠷᠪᠤᠯᠵᠢ ᠶᠢᠨ ᠲᠡᠮᠳᠡᠭᠯᠡᠯ ᠪᠤᠯᠤᠨ ᠲᠦᠷᠦᠭ ᠦᠨ ᠬᠦᠰᠢᠶᠠᠨ ᠪᠢᠴᠢᠭ ᠲᠦ ᠭᠠᠷᠴᠤ ᠪᠠᠢᠭ᠎ᠠ ᠨᠡᠷᠡᠰ ᠢ ᠤᠯᠠᠮ ᠴᠠᠭᠠᠰᠢᠳ᠋ᠨ ᠰᠤᠳᠤᠯᠠᠬᠤ ᠱᠠᠭᠠᠷᠳᠠᠯᠭ᠎ᠠ ᠪᠤᠢ᠃
   ᠲᠠᠩ ᠤᠯᠤᠰ ᠤᠨ ᠲᠡᠥᠬᠡᠨ ᠰᠤᠷᠪᠤᠯᠵᠢ ᠶᠢᠨ ᠪᠠᠷᠢᠮᠳ᠋ᠨ ᠢᠶᠠᠷ ᠪᠤᠯ ᠬᠢᠷᠬᠢᠰ ᠦᠳ︵结骨᠂ ᠡᠷᠲᠡᠨ ‍ᠣ ᠬᠢᠷᠬᠢᠰ︶ᠨᠢ ᠶᠧᠨᠧᠰᠠᠢ ᠮᠦᠷᠡᠨ ‍ᠣ ᠤᠷᠴᠢᠮ ᠢᠶᠠᠷ ᠠᠮᠢᠳᠤᠷᠴᠤ ᠪᠠᠢᠵᠠᠢ᠂︽᠁ ᠲᠡᠳᠡᠨ︵ᠤᠢᠷᠠᠳ︶ᠨᠢ ᠁ ᠵᠢᠶᠧ ᠭᠦ᠋ ᠲᠠᠢ ᠪᠠᠢᠩᠭᠤ ᠪᠠᠢᠯᠳᠤᠨ᠎ᠠ᠂ ᠲᠡᠳᠡᠨ ‍ᠣ ᠲᠦᠷᠬᠦ ᠨᠢ ᠵᠢᠶᠧ ᠭᠦ᠋ ᠲᠠᠢ ᠠᠳᠠᠯᠢᠬᠠᠨ ᠪᠤᠯᠪᠠᠴᠤ ᠬᠡᠯᠨ ᠨᠡᠪᠲᠡᠷᠡᠬᠦ ᠦᠬᠡᠢ᠂ ᠵᠢᠶᠧ ᠭᠦ᠋ ᠲᠠᠢ ᠬᠡᠳᠦᠨ ᠤᠳᠠᠭ᠎ᠠ ᠬᠤᠭᠤᠷᠤᠨᠳᠤ ᠪᠠᠨ ᠬᠠᠯᠳᠠᠨ ᠪᠠᠢᠯᠳᠤᠪᠠ︾ᠭᠡᠰᠡᠨ ᠪᠠᠢᠳᠠᠭ᠂ ᠬᠠᠷᠢᠨ ᠠᠷᠪᠠᠨ ᠭᠤᠷᠪᠠᠳᠤᠭᠠᠷ ᠵᠠᠭᠤᠨ ‍ᠣ ᠦᠶ᠎ᠡ᠂ ᠬᠢᠷᠬᠢᠰ ᠪᠤᠯᠤᠨ ᠤᠢᠷᠠᠳ ᠨᠢ ᠪᠠᠰᠨ ᠬᠦᠷᠰᠢ ᠪᠠᠢᠭᠰᠠᠨ ᠴᠤ ᠭᠠᠵᠠᠷ ᠨᠤᠲᠤᠭ ᠤᠨ ᠬᠤᠪᠢ ᠳᠤ ᠦᠬᠡᠷᠴᠢᠯᠡᠭ᠌ᠳᠡᠵᠤ᠂ ᠨᠠᠢ᠌ᠮᠠᠨ ᠭᠤᠤᠯ ᠤᠨ ᠤᠷᠴᠢᠮ ᠬᠡᠮᠡᠨ ᠲᠡᠮᠳᠡᠭᠯᠡᠭᠳᠡᠭᠰᠡᠨ ᠪᠠᠢᠨ᠎ᠠ᠃ ᠠᠩᠬ᠎ᠠ ᠤᠢᠷᠠᠳ ᠨᠢ ᠰᠡᠯᠡᠩᠬᠡ ᠭᠤᠤᠯ᠂ ᠪᠠᠢᠭᠠᠯ ᠨᠠᠭᠤᠷ ᠬᠦᠷᠲᠡᠯ᠎ᠠ᠂ ᠪᠠᠷᠠᠭᠤᠨᠰᠢ ᠪᠠᠨ ᠰᠠᠶᠠᠨ ᠠᠭᠤᠯᠨ ᠶᠢᠨ ᠬᠤᠷᠮᠤᠢ ᠬᠦᠷᠲᠡᠯᠠᠬᠢ ᠭᠠᠵᠠᠷ ᠨᠤᠲᠤᠭ ᠲᠤ ᠤᠷᠤᠰᠢᠵᠤ ᠪᠠᠢᠭᠰᠠᠨ ᠂ ᠬᠠᠷᠢᠨ ᠬᠡᠵᠢᠶ᠎ᠡ ᠠᠯᠲᠠᠢ ᠠᠭᠤᠯᠨ ᠳᠠᠪᠠᠵᠤ᠂ ᠨᠠᠢ᠌ᠮᠠᠨ ᠭᠤᠤᠯ ᠤᠨ ᠭᠠᠵᠠᠷ ᠨᠤᠲᠤᠭ ᠰᠢᠯᠵᠢᠭᠰᠠᠨ ᠲᠤᠬᠠᠢ᠂ ᠡᠨᠡ ᠬᠤᠭᠤᠷᠤᠨᠳᠤ ᠶᠠᠭᠤ ᠪᠤᠯᠤᠭᠰᠠᠨ ᠲᠤᠬᠠᠢ ᠰᠢᠨᠵᠢᠯᠡᠬᠡ ᠬᠢᠬᠦ ᠳᠦ ᠬᠠᠩᠭᠠᠯᠲᠠᠢ ᠲᠡᠥᠬᠡᠨ ᠪᠠᠷᠢᠮᠳ᠋ᠨ ᠤᠯᠳᠠᠬᠤ ᠦᠬᠡᠢ ᠪᠠᠢᠨ᠎ᠠ᠃  
   
 



  
     
     