

ᠦᠪᠡᠳᠡᠭᠰᠢ ᠶᠡᠭᠡ  ᠪᠠᠷ ᠡᠬᠢᠯᠡᠪᠡ

2019-10-19 21:41
  57
  0
ᠳᠤᠯᠤᠳᠤᠭᠠᠷ ᠬᠤᠭᠤᠴᠠᠭᠠᠨ ᠤ ᠳᠡᠯᠡᠬᠡᠢ ᠶᠢᠨ ᠴᠡᠷᠢᠭ ᠬᠦᠮᠦᠨ ᠤ ᠳᠠᠮᠢᠷ ᠤᠨ ᠴᠤᠬᠯᠠᠭᠠᠨ ᠦᠬᠠᠨ ᠳᠤ ᠦᠪᠡᠳᠡᠭᠰᠢ ᠶᠡᠭᠡ ᠪᠠᠷ ᠡᠬᠢᠯᠡᠪᠡ

  ᠰᠢ ᠶᠢᠨ ᠫᠢᠩ ᠡᠬᠢᠯᠠᠯᠳᠠ ᠶᠢᠨ ᠶᠤᠰᠤᠯᠠᠯ ᠳᠤ ᠤᠷᠤᠯᠴᠠᠬᠰᠠᠨ ᠪᠦᠬᠡᠳ ᠳᠠᠮᠢᠷ ᠤᠨ ᠴᠤᠬᠯᠠᠭᠠᠨ ᠡᠬᠢᠯᠡᠭᠰᠡᠨ ᠢ ᠵᠠᠷᠯᠠᠵᠠᠢ  

 10 ᠰᠠᠷ᠎ᠠ ᠶᠢᠨ 18 ᠤ ᠡᠳᠤᠷ᠂ ᠨᠠᠮ ᠤᠨ ᠳᠦᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠳᠡᠷᠢᠬᠦᠯᠡᠭᠴᠢ᠂ ᠳᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠳᠡᠷᠢᠬᠦᠯᠡᠭᠴᠢ ᠰᠢ ᠶᠢᠨ ᠫᠢᠩ ᠦᠬᠠᠨ ᠳᠤ ᠳᠤᠯᠤᠳᠤᠭᠠᠷ ᠬᠤᠭᠤᠴᠠᠭᠠᠨ ᠤ ᠳᠡᠯᠡᠬᠡᠢ ᠶᠢᠨ ᠴᠡᠷᠢᠭ ᠬᠦᠮᠦᠨ ᠤ ᠳᠠᠮᠢᠷ ᠤᠨ ᠴᠤᠬᠯᠠᠭᠠᠨ ᠤ ᠡᠬᠢᠯᠡᠯᠳᠡ ᠶᠢᠨ ᠶᠤᠰᠤᠯᠠᠯ ᠳᠤ ᠤᠷᠤᠯᠴᠠᠬᠰᠠᠨ ᠪᠦᠬᠡᠳ ᠳᠠᠮᠢᠷ ᠤᠨ ᠴᠤᠬᠯᠠᠭᠠᠨ ᠡᠬᠢᠯᠡᠭᠰᠡᠨ ᠢ ᠵᠠᠷᠯᠠᠵᠠᠢ᠃
         ᠰᠢᠨᠬᠤᠸᠠ ᠬᠤᠷᠢᠶᠠᠨ ᠤ ᠰᠤᠷᠪᠤᠯᠵᠢᠯᠠᠭᠴᠢ ᠯᠢ ᠭᠠᠩ ᠰᠡᠬᠦᠳᠡᠷᠯᠡᠪᠡ 

   ᠰᠢᠨᠬᠤᠸᠠ ᠬᠤᠷᠢᠶᠠᠨ ᠤ ᠦᠬᠠᠨ ᠤ 10 ᠰᠠᠷ᠎ᠠ ᠶᠢᠨ 18 ᠤ ᠴᠠᠬᠢᠯᠭᠠᠨ ᠮᠡᠳᠡᠭᠡ ︵ᠰᠤᠷᠪᠤᠯᠵᠢᠯᠠᠬᠴᠢ ᠯᠢ ᠰᠢᠤᠸᠠᠢ ᠶᠦᠩ ᠯᠢ ᠰᠢᠤᠸᠠᠨ ᠯᠢᠶᠠᠩ ᠯᠢ ᠶᠢᠨ ᠹᠧᠩ︶ ᠴᠡᠷᠢᠭ ᠬᠦᠮᠦᠨ ᠤ ᠢᠷᠠᠭᠤ ᠠᠯᠳᠠᠷ ᠢ ᠡᠬᠦᠳᠴᠤ᠂ ᠳᠡᠯᠡᠬᠡᠢ ᠶᠢᠨ ᠡᠩᠬᠡ ᠳᠠᠶᠢᠪᠤᠩ ᠢ ᠴᠤᠬᠴᠠᠯᠠᠨ᠎ᠠ᠃ ᠳᠤᠯᠤᠳᠤᠭᠠᠷ ᠬᠤᠭᠤᠴᠠᠭᠠᠨ ᠤ ᠳᠡᠯᠡᠬᠡᠢ ᠶᠢᠨ ᠴᠡᠷᠢᠭ ᠬᠦᠮᠦᠨ ᠤ ᠳᠠᠮᠢᠷ ᠤᠨ ᠴᠤᠬᠯᠠᠭᠠᠨ 18 ᠤ ᠤᠷᠤᠢ ᠬᠤᠪᠸᠢ ᠮᠤᠵᠢ ᠶᠢᠨ ᠦᠬᠠᠨ ᠬᠤᠳᠠ ᠳᠤ ᠦᠪᠡᠳᠡᠭᠰᠢ ᠶᠡᠭᠡ ᠪᠠᠷ ᠡᠬᠢᠯᠡᠪᠡ᠃ ᠨᠠᠮ ᠤᠨ ᠳᠦᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠳᠡᠷᠢᠬᠦᠯᠡᠭᠴᠢ᠂ ᠳᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠳᠡᠷᠢᠬᠦᠯᠡᠭᠴᠢ ᠰᠢ ᠶᠢᠨ ᠫᠢᠩ ᠡᠬᠢᠯᠡᠯᠳᠡ ᠶᠢᠨ ᠶᠤᠰᠤᠯᠠᠯ ᠳᠤ ᠤᠷᠤᠯᠴᠠᠬᠰᠠᠨ ᠪᠦᠬᠡᠳ ᠳᠠᠮᠢᠷ ᠤᠨ ᠴᠤᠬᠯᠠᠭᠠᠨ ᠡᠬᠢᠯᠡᠭᠰᠡᠨ ᠢ ᠵᠠᠷᠯᠠᠵᠠᠢ᠃
   ᠳᠤᠯᠤᠳᠤᠭᠠᠷ ᠬᠤᠭᠤᠴᠠᠭᠠᠨ ᠤ ᠳᠡᠯᠡᠬᠡᠢ ᠶᠢᠨ ᠴᠡᠷᠢᠭ ᠬᠦᠮᠦᠨ ᠤ ᠳᠠᠮᠢᠷ ᠤᠨ ᠴᠤᠬᠯᠠᠭᠠᠨ ᠪᠤᠯ ᠮᠠᠨ ᠤ ᠤᠯᠤᠰ ᠤᠨ ᠳᠠᠭᠠᠭᠠᠴᠢᠯᠠᠨ ᠡᠷᠬᠢᠯᠡᠭᠰᠡᠨ ᠠᠩᠬᠠᠳᠠᠭᠴᠢ ᠶᠡᠷᠦᠩᠬᠡᠶᠢᠯᠡᠭᠰᠡᠨ ᠴᠢᠨᠠᠷᠳᠠᠢ ᠤᠯᠠᠨ ᠤᠯᠤᠰ ᠤᠨ ᠴᠡᠷᠢᠭ ᠤᠨ ᠪᠡᠶ᠎ᠡ ᠶᠢᠨ ᠳᠠᠮᠢᠷ ᠤᠨ ᠤᠷᠤᠯᠳᠤᠭᠠᠨ ᠮᠦᠨ᠂ ᠪᠠᠰᠠ ᠴᠤ ᠪᠡᠬᠡᠵᠢᠩ ᠤᠨ ᠤᠯᠢᠮᠫᠢᠺ ᠤᠨ ᠳᠠᠮᠢᠷ ᠤᠨ ᠴᠤᠬᠯᠠᠭᠠᠨ ᠤ ᠳᠠᠷᠠᠭ᠎ᠠ ᠮᠠᠨ ᠤ ᠤᠯᠤᠰ ᠤᠨ ᠡᠷᠬᠢᠯᠡᠨ ᠶᠠᠪᠤᠭᠳᠠᠭᠤᠯᠤᠭᠰᠠᠨ ᠬᠡᠪᠴᠢᠶ᠎ᠠ ᠪᠠᠷ ᠬᠠᠮᠤᠭ ᠤᠨ ᠶᠡᠭᠡ ᠤᠯᠠᠨ ᠤᠯᠤᠰ ᠤᠨ ᠪᠡᠶ᠎ᠠ ᠶᠢᠨ ᠳᠠᠮᠢᠷ ᠤᠨ ᠦᠪᠡᠳᠡᠭᠰᠢ ᠴᠤᠬᠯᠠᠭᠠᠨ ᠪᠤᠯᠤᠨ᠎ᠠ᠃ 109 ᠤᠯᠤᠰ ᠠᠴᠠ ᠬᠦᠷᠦᠯᠴᠡᠨ ᠢᠷᠡᠭᠰᠡᠨ 9300 ᠭᠠᠷᠤᠢ ᠴᠡᠷᠢᠭ ᠤᠨ ᠳᠠᠮᠢᠷᠴᠢᠨ ᠦᠬᠠᠨ ᠳᠤ ᠴᠤᠭᠯᠠᠷᠠᠵᠤ᠂ ᠨᠢᠬᠡ ᠳᠠᠯᠠᠪᠤᠷ ᠲᠤ ᠤᠷᠤᠯᠳᠤᠨ ᠨᠦᠬᠦᠷᠯᠡᠯ ᠢᠶᠠᠨ ᠵᠤᠵᠠᠭᠠᠳᠬᠠᠬᠤ ᠪᠤᠯᠤᠨ᠎ᠡ᠃
   18 ᠤ ᠤᠷᠤᠢ᠂ 6 ᠳᠦᠮᠡ ᠰᠢᠬᠠᠮ ᠦᠵᠡᠭᠴᠢ ᠶᠢ ᠪᠠᠭᠳᠠᠭᠠᠵᠥ ᠳᠡᠶᠢᠯᠬᠦ ᠦᠬᠠᠨ ᠤ ᠪᠡᠶ᠎ᠡ ᠶᠢᠨ ᠳᠠᠮᠢᠷ ᠤᠨ ᠳᠦᠪ ᠤᠨ ᠭᠤᠤᠯ ᠳᠠᠮᠢᠷ ᠤᠨ ᠤᠷᠳᠤᠨ ᠳᠤ ᠬᠦᠮᠦᠨ ᠤ ᠳᠠᠯᠠᠢ ᠪᠤᠴᠠᠯᠵᠤ᠂ ᠬᠦᠷ ᠬᠦᠭᠵᠢᠶᠡᠨ ᠢᠶᠠᠷ ᠪᠢᠯᠬᠠᠨ᠎ᠠ᠃
   20 ᠴᠠᠬ ᠲᠤ ᠶᠤᠰᠤᠯᠠᠯ ᠤᠨ ᠪᠦᠷᠢᠶ᠎ᠠ ᠡᠬᠢᠯᠡᠨ ᠬᠠᠩᠬᠢᠨᠠᠵᠤ᠂ ᠰᠢ ᠶᠢᠨ ᠫᠢᠩ ᠤᠯᠠᠨ ᠤᠯᠤᠰ ᠤᠨ ᠴᠡᠷᠢᠭ ᠤᠨ ᠪᠡᠶ᠎ᠡ ᠶᠢᠨ ᠳᠠᠮᠢᠷ ᠤᠨ ᠬᠡᠷᠡᠭ ᠡᠷᠬᠢᠯᠡᠭᠴᠢᠳ ᠤᠨ ᠬᠤᠷᠠᠯ ᠤᠨ ᠳᠡᠷᠢᠬᠦᠯᠡᠭᠴᠢ ᠫᠢᠴᠢᠷᠢᠯᠦ᠋ᠸᠧ ᠨᠠᠷ ᠲᠠᠢ ᠠᠬᠤᠢ ᠳᠠᠯᠠᠪᠠᠢ ᠳᠤ ᠠᠯᠬᠤᠨ ᠤᠷᠤᠬᠤ ᠳᠤ ᠳᠠᠯᠠᠪᠠᠢ ᠳᠠᠶᠠᠭᠠᠷ ᠨᠢᠵᠢᠬᠢᠨᠡᠳᠡᠯ᠎ᠡ ᠠᠯᠠᠭ᠎ᠠ ᠳᠠᠰᠢᠪᠠ᠃ ᠳᠤᠯᠤᠳᠤᠭᠠᠷ ᠬᠤᠭᠤᠴᠠᠭᠠᠨ ᠤ ᠳᠡᠯᠡᠬᠡᠢ ᠶᠢᠨ ᠴᠡᠷᠢᠭ ᠬᠦᠮᠦᠨ ᠤ ᠳᠠᠮᠢᠷ ᠤᠨ ᠴᠤᠬᠯᠠᠭᠠᠨ ᠤ ᠡᠬᠢᠯᠡᠯᠳᠡ ᠶᠢᠨ ᠶᠤᠰᠤᠯᠠᠯ ᠵᠢᠩᠬᠢᠨᠢ ᠪᠠᠷ ᠡᠬᠢᠯᠡᠯ᠎ᠡ᠃
   ︽ᠤᠯᠠᠭᠠᠨ ᠳᠤᠭ ᠨᠠᠮᠢᠷᠠᠨ᠎ᠠ︾ ᠳᠠᠭᠤᠤ ᠶᠢᠨ ᠠᠶᠠᠰ ᠲᠤᠮᠳᠠ ᠨᠢᠬᠡᠨ ᠯᠤᠳᠤ ᠶᠡᠭᠡ ᠳᠠᠪᠤᠨ ᠤᠳᠤᠳᠤ ᠤᠯᠠᠭᠠᠨ ᠳᠤᠭ ᠤᠨ ᠵᠢᠷᠤᠭ ᠳᠠᠮᠢᠷ ᠤᠨ ᠤᠷᠳᠤᠨ ᠢ ᠪᠦᠷᠬᠦᠵᠥ᠂ ᠳᠠᠷᠠᠭ᠎ᠠ ᠨᠢ ︽ᠳᠤᠮᠳᠠᠳᠤ ᠤᠯᠤᠰ︾ ᠬᠡᠬᠦ ᠦᠰᠦᠭ ᠪᠤᠯᠵᠥ ᠬᠤᠪᠢᠷᠠᠪᠠ᠃ ᠳ᠋ᠧᠩ ᠤᠨ ᠬᠡᠷᠡᠯ᠂ ᠠᠶ᠎ᠠ ᠳᠠᠭᠤᠤ ᠶᠢᠨ ᠬᠤᠪᠢᠷᠠᠯ ᠢ ᠳᠠᠭᠠᠯᠳᠤᠨ ᠳᠤᠯᠤᠳᠤᠭᠠᠷ ᠬᠤᠭᠤᠴᠠᠭᠠᠨ ᠤ ᠳᠡᠯᠡᠬᠡᠢ ᠶᠢᠨ ᠴᠡᠷᠢᠭ ᠬᠦᠮᠦᠨ ᠤ ᠳᠠᠮᠢᠷ ᠤᠨ ᠴᠤᠬᠯᠠᠭᠠᠨ ᠤ ᠰᠦᠯᠳᠡ ᠲᠡᠮᠳᠡᠭ ︽ᠡᠩᠬᠡ ᠳᠠᠶᠢᠪᠤᠩ ᠨᠦᠬᠦᠷᠯᠡᠯ ᠤᠨ ᠬᠤᠯᠪᠤᠭᠠᠰᠤ︾ ᠬᠡᠷᠡᠯᠳᠦᠵᠥ᠂ ᠡᠩᠬᠡ ᠳᠠᠶᠢᠪᠤᠩ ᠤᠨ ᠳᠠᠬᠳᠠᠭ᠎ᠠ ᠶᠢᠨ ᠵᠢᠷᠤᠭ ᠳᠠᠯᠠᠪᠠᠢ ᠶᠢᠨ ᠳᠦᠪ ᠲᠤ ᠢᠯᠡᠷᠡᠪᠡ᠃
   ᠤᠷᠤᠯᠳᠤᠭᠠᠨ ᠳᠤ ᠤᠷᠤᠯᠴᠠᠬᠤ ᠡᠯ᠎ᠡ ᠤᠯᠤᠰ ᠤᠨ ᠳᠦᠯᠦᠬᠡᠯᠡᠭᠴᠢᠳ ᠤᠨ ᠪᠦᠯᠬᠦᠮ ᠤᠯᠤᠰ ᠤᠨ ᠢᠶᠠᠨ ᠹᠷᠠᠨᠼᠢ ᠨᠡᠷᠡᠶᠢᠳᠦᠯ ᠤᠨ ᠠᠩᠬᠠᠨ ᠤ ᠭᠠᠯᠢᠭ ᠤᠨ ᠳᠠᠷᠠᠭᠠᠯᠠᠯ ᠶᠤᠰᠤᠭᠠᠷ ᠳᠠᠷᠠᠭᠠᠯᠠᠨ ᠳᠠᠯᠠᠪᠠᠢ ᠳᠤ ᠤᠷᠤᠪᠠ᠃ ᠠᠳᠠᠯᠢ ᠪᠤᠰᠤ ᠤᠯᠤᠰ ᠤᠳ ᠤᠨ ᠤᠯᠤᠰ ᠤᠨ ᠳᠤᠭ ᠳᠡᠷᠢᠬᠦᠯᠡᠭᠴᠢ ᠶᠢᠨ ᠳᠠᠶᠢᠰᠠᠨ ᠤ ᠡᠮᠤᠨᠡᠬᠦᠷ ᠦᠩᠬᠡᠷᠡᠬᠦ ᠦᠶᠡᠰ ᠠᠬᠤᠢ ᠳᠠᠯᠠᠪᠠᠢ ᠶᠢᠨ ᠦᠵᠡᠭᠴᠢᠳ ᠴᠦᠮ ᠬᠠᠯᠠᠭᠤᠨ ᠠᠯᠠᠭ᠎ᠠ ᠳᠠᠰᠢᠵᠥ᠂ ᠠᠯᠤᠰ ᠠᠴᠠ ᠬᠦᠷᠦᠯᠴᠡᠨ ᠢᠷᠡᠭᠰᠡᠨ ᠳᠠᠮᠢᠷᠴᠢᠳ ᠢ ᠪᠠᠶᠠᠷᠯᠠᠨ ᠤᠬᠳᠤᠵᠥ ᠪᠠᠶᠢᠬᠤ ᠪᠠᠨ ᠢᠯᠡᠳᠬᠡᠪᠡ᠃ ᠡᠷᠬᠢᠯᠡᠭᠴᠢ ᠤᠯᠤᠰ ᠳᠤᠮᠳᠠᠳᠤ ᠤᠯᠤᠰ ᠤᠨ ᠳᠦᠯᠦᠬᠡᠯᠡᠭᠴᠢᠳ ᠤᠨ ᠪᠦᠯᠬᠦᠮ ᠬᠠᠮᠤᠭ ᠤᠨ ᠰᠡᠬᠦᠯ ᠳᠤ ᠳᠠᠯᠠᠪᠠᠢ ᠳᠤ ᠤᠷᠤᠵᠥ᠂ ᠳᠠᠮᠢᠷᠴᠢᠳ ᠤᠨ ᠴᠡᠷᠢᠭ ᠤᠨ ᠬᠡᠪ ᠰᠤᠷᠳᠠᠯ ᠲᠦᠪ ᠴᠢᠩᠭ᠎ᠠ᠂ ᠴᠤᠬ ᠵᠢᠪᠬᠤᠭ᠎ᠠ ᠪᠠᠳᠠᠷᠠᠩᠭᠤᠢ ᠪᠠᠶᠢᠵᠥ᠂ ᠳᠠᠪᠤᠨ ᠤᠳᠤᠳᠤ ᠤᠯᠠᠭᠠᠨ ᠳᠤᠭ ᠢᠶᠠᠨ ᠦᠨᠳᠦᠷ ᠡᠷᠬᠦᠨ ᠳᠡᠷᠢᠬᠦᠯᠡᠭᠴᠢ ᠶᠢᠨ ᠳᠠᠶᠢᠰᠠᠨ ᠤ ᠡᠮᠤᠨᠡᠬᠦᠷ ᠦᠩᠬᠡᠷᠡᠪᠡ᠃ ᠰᠢ ᠶᠢᠨ ᠫᠢᠩ ᠪᠤᠰᠴᠤ ᠵᠤᠬᠰᠤᠨ ᠭᠠᠷ ᠳᠠᠯᠠᠯᠤᠨ ᠮᠡᠨᠳᠤᠴᠢᠯᠡᠯ ᠬᠦᠷᠬᠡᠵᠥ᠂ ᠳᠠᠯᠠᠪᠠᠢ ᠳᠠᠶᠠᠭᠠᠷ ᠲᠤ ᠠᠯᠠᠭ᠎ᠠ ᠳᠠᠰᠢᠯᠳᠠ ᠶᠢᠨ ᠳᠠᠭᠤᠨ᠂ ᠤᠤᠬᠠᠢᠢᠯᠡᠨ ᠬᠠᠰᠬᠢᠷᠬᠤ ᠳᠠᠭᠤᠨ ᠲᠠᠰᠤᠷᠠᠯᠳᠠ ᠦᠭᠡᠢ ᠦᠷᠭᠦᠯᠵᠢᠯᠡᠨ᠎ᠠ᠃ ᠳᠤᠮᠳᠠᠳᠤ ᠤᠯᠤᠰ ᠤᠨ ᠳᠦᠯᠦᠬᠡᠯᠡᠭᠴᠢᠳ ᠤᠨ ᠪᠦᠯᠬᠦᠮ ᠨᠡᠶᠢᠳᠡ 553 ᠬᠦᠮᠦᠨ ᠲᠠᠢ ᠪᠠᠶᠢᠵᠥ᠂ ᠳᠤᠰ ᠬᠤᠭᠤᠴᠠᠭᠠᠨ ᠤ ᠳᠡᠯᠡᠬᠡᠢ ᠶᠢᠨ ᠴᠡᠷᠢᠭ ᠬᠦᠮᠦᠨ ᠤ ᠳᠠᠮᠢᠷ ᠤᠨ ᠴᠤᠬᠯᠠᠭᠠᠨ ᠤ ᠤᠷᠤᠯᠳᠤᠭᠠᠨ ᠳᠤ ᠤᠷᠤᠯᠴᠠᠭᠰᠠᠨ ᠲᠠᠮᠢᠷᠴᠢᠨ ᠤ ᠲᠤᠭ᠎ᠠ ᠪᠠᠷ ᠬᠠᠮᠤᠭ ᠤᠨ ᠤᠯᠠᠨ ᠳᠦᠯᠦᠬᠡᠯᠡᠭᠴᠢᠳ ᠤᠨ ᠪᠦᠯᠬᠦᠮ ᠪᠤᠯᠵᠠᠢ᠃
   ︽ᠳᠠᠪᠤᠨ ᠤᠳᠤᠳᠤ ᠤᠯᠠᠭᠠᠨ ᠳᠤᠭ ᠰᠠᠯᠬᠢᠨ ᠤ ᠠᠶ᠎ᠠ ᠪᠠᠷ ᠨᠠᠮᠢᠷᠠᠨ᠎ᠠ᠂ ᠢᠯᠠᠯᠳᠠ ᠶᠢᠨ ᠳᠠᠭᠤᠨ ᠶᠠᠭᠠᠬᠢᠭᠰᠠᠨ ᠬᠠᠩᠬᠢᠨᠠᠮ᠎ᠠ ᠪᠤᠢ ᠁︾᠂ ︽ᠡᠬᠡ ᠤᠯᠤᠰ ᠢᠶᠠᠨ ᠮᠠᠬᠳᠠᠨ ᠳᠠᠭᠤᠯᠠᠶ᠎ᠠ︾ ᠶᠢᠨ ᠬᠠᠩᠬᠢᠨᠠᠮ᠎ᠠ ᠳᠠᠭᠤᠨ ᠤ ᠲᠤᠮᠳᠠ 16 ᠶᠤᠰᠤᠯᠠᠯ ᠤᠨ ᠴᠡᠷᠢᠭ ᠳᠦᠪ ᠴᠢᠩᠭ᠎ᠠ ᠠᠯᠬᠤᠭ᠎ᠠ ᠪᠠᠷ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠤᠰ ᠤᠨ ᠳᠤᠭ᠂ ᠤᠯᠠᠨ ᠤᠯᠤᠰ ᠤᠨ ᠴᠡᠷᠢᠭ ᠤᠨ ᠪᠡᠶ᠎ᠡ ᠶᠢᠨ ᠳᠠᠮᠢᠷ ᠤᠨ ᠬᠡᠷᠡᠭ ᠡᠷᠬᠢᠯᠡᠭᠴᠢᠳ ᠤᠨ ᠬᠤᠷᠠᠯ ᠤᠨ ᠬᠤᠷᠠᠯ ᠤᠨ ᠳᠤᠭ ᠢ ᠳᠤᠰ ᠳᠤᠰ ᠬᠠᠮᠠᠭᠠᠯᠠᠵᠥ ᠠᠬᠤᠢ ᠳᠠᠯᠠᠪᠠᠢ ᠳᠤ ᠠᠯᠬᠤᠵᠥ ᠤᠷᠤᠯ᠎ᠠ᠃ ᠳᠡᠷᠢᠬᠦᠯᠡᠭᠴᠢ ᠶᠢᠨ ᠳᠠᠶᠢᠰᠠᠠ ᠤ ᠡᠮᠤᠨᠡᠬᠦᠷ ᠦᠩᠬᠡᠷᠡᠬᠦ ᠦᠶᠡᠰ ᠶᠤᠰᠤᠯᠠᠯ ᠤᠨ ᠴᠡᠷᠢᠭ ᠳᠤᠭ ᠢᠶᠠᠨ ᠦᠨᠳᠦᠷ ᠡᠷᠬᠦᠵᠥ᠂ ᠳᠦᠪ ᠠᠯᠬᠤᠭ᠎ᠠ ᠪᠠᠷ ᠤᠷᠤᠬᠰᠢᠯᠠᠪᠠ᠃ ᠰᠦᠷ ᠵᠢᠪᠬᠤᠯᠠᠩᠳᠤ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠦᠯᠳᠡ ᠳᠠᠭᠤᠤ ᠶᠢᠨ ᠳᠤᠮᠳᠠ᠂ ᠳᠠᠪᠤᠨ ᠤᠳᠤᠳᠤ ᠤᠯᠠᠭᠠᠨ ᠳᠤᠭ ᠠᠯᠭᠤᠷ ᠮᠠᠨᠳᠤᠯ᠎ᠠ᠃ ᠳᠠᠷᠠᠭ᠎ᠠ ᠨᠢ ᠤᠯᠠᠨ ᠤᠯᠤᠰ ᠤᠨ ᠴᠡᠷᠢᠭ ᠤᠨ ᠪᠡᠶ᠎ᠡ ᠶᠢᠨ ᠳᠠᠮᠢᠷ ᠤᠨ ᠬᠡᠷᠡᠭ ᠡᠷᠬᠢᠯᠡᠭᠴᠢᠳ ᠤᠨ ᠬᠤᠷᠠᠯ ᠤᠨ ᠰᠦᠯᠳᠡ ᠳᠠᠭᠤᠤ ᠶᠢ ᠬᠦᠭᠵᠢᠮᠳᠡᠵᠥ᠂ ᠤᠯᠠᠨ ᠤᠯᠤᠰ ᠤᠨ ᠴᠡᠷᠢᠭ ᠤᠨ ᠪᠡᠶ᠎ᠡ ᠶᠢᠨ ᠳᠠᠮᠢᠷ ᠤᠨ ᠬᠡᠷᠡᠭ ᠡᠷᠬᠢᠯᠡᠭᠴᠢᠳ ᠤᠨ ᠬᠤᠷᠠᠯ ᠤᠨ ᠬᠤᠷᠠᠯ ᠤᠨ ᠳᠤᠭ ᠢ ᠮᠠᠨᠳᠤᠭᠤᠯᠪᠠ᠃
   ᠲᠤᠯᠤᠳᠤᠭᠠᠷ ᠬᠤᠭᠤᠴᠠᠭᠠᠨ ᠤ ᠲᠡᠯᠡᠭᠡᠢ ᠶᠢᠨ ᠴᠡᠷᠢᠭ ᠬᠦᠮᠦᠨ ᠤ ᠲᠠᠮᠢᠷ ᠤᠨ ᠴᠤᠬᠯᠠᠭᠠᠨ ᠤ ᠵᠤᠬᠢᠶᠠᠨ ᠪᠠᠶᠢᠭᠤᠯᠬᠤ ᠺᠤᠮᠢᠰ ᠤᠨ ᠲᠡᠷᠢᠬᠦᠯᠡᠭᠴᠢ᠂ ᠨᠠᠮ ᠤᠨ ᠲᠦᠪ ᠬᠤᠷᠢᠶᠠᠨ ᠤ ᠤᠯᠤᠰ ᠲᠦᠷᠦ ᠶᠢᠨ ᠲᠤᠪᠴᠢᠶᠠᠨ ᠤ ᠭᠡᠰᠢᠬᠦᠨ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠳ᠋ ᠲᠡᠷᠢᠬᠦᠯᠡᠭᠴᠢ ᠰᠢᠦᠢ ᠴᠢ ᠯᠢᠶᠠᠩ ᠪᠠᠶᠠᠷ ᠤᠨ ᠦᠭᠡ ᠬᠡᠯᠡᠵᠤ᠂ ᠵᠤᠬᠢᠶᠠᠨ ᠪᠠᠶᠢᠭᠤᠯᠬᠤ ᠺᠤᠮᠢᠰ ᠤᠨ ᠡᠮᠦᠨ᠎ᠠ ᠠᠴᠠ ᠲᠡᠯᠡᠭᠡᠢ ᠶᠢᠨ ᠡᠯ᠎ᠡ ᠤᠯᠤᠰ ᠠᠴᠠ ᠬᠦᠷᠦᠯᠴᠡᠨ ᠢᠷᠡᠭᠰᠡᠨ ᠲᠠᠮᠢᠷᠴᠢᠳ᠂ ᠰᠤᠷᠭᠠᠭᠴᠢᠳ ᠪᠤᠯᠤᠨ ᠵᠤᠴᠢᠳ ᠢ ᠪᠠᠶᠠᠷᠯᠡᠨ ᠤᠬᠳᠤᠵᠤ ᠪᠠᠶᠢᠬᠤ ᠪᠠᠨ ᠢᠯᠡᠳᠭᠡᠪᠡ᠃
   ᠤᠯᠠᠨ ᠤᠯᠤᠰ ᠤᠨ ᠴᠡᠷᠢᠭ ᠤᠨ ᠪᠡᠶ᠎ᠡ ᠶᠢᠨ ᠲᠠᠮᠢᠷ ᠤᠨ ᠭᠡᠷᠡᠭ ᠡᠷᠬᠢᠯᠡᠭᠴᠢᠳ ᠤᠨ ᠬᠤᠷᠠᠯ ᠤᠨ ᠲᠡᠷᠢᠬᠦᠯᠡᠭᠴᠢ ᠫᠢᠴᠢᠷᠢᠯᠦ᠋ᠸᠧ ᠪᠠᠶᠠᠷ ᠤᠨ ᠦᠭᠡ ᠬᠡᠯᠡᠵᠤ᠂ ᠲᠤᠮᠳᠠᠳᠤ ᠤᠯᠤᠰ ᠤᠨ ᠵᠠᠰᠠᠭ ᠤᠨ ᠤᠷᠳᠤᠨ᠂ ᠲᠤᠮᠳᠠᠳᠤ ᠤᠯᠤᠰ ᠤᠨ ᠴᠡᠷᠢᠭ ᠠᠩᠭᠢ ᠪᠤᠯᠤᠨ ᠬᠤᠪᠸᠢ ᠮᠤᠵᠢ᠂ ᠦᠬᠠᠨ ᠬᠤᠳᠠ ᠶᠢᠨ ᠬᠢᠨ ᠤ ᠲᠤᠰ ᠬᠤᠭᠤᠴᠠᠭᠠᠨ ᠤ ᠲᠡᠯᠡᠭᠡᠢ ᠶᠢᠨ ᠴᠡᠷᠢᠭ ᠬᠦᠮᠦᠨ ᠤ ᠲᠠᠮᠢᠷ ᠤᠨ ᠴᠤᠬᠯᠠᠭᠠᠨ ᠢ ᠰᠡᠳᠬᠢᠯ ᠲᠠᠯᠪᠢᠨ ᠨᠠᠷᠢᠯᠢᠭ ᠪᠡᠯᠡᠳᠭᠡᠭᠰᠡᠨ ᠳᠤ ᠲᠠᠯᠠᠷᠬᠠᠵᠤ ᠪᠠᠶᠢᠬᠤ ᠪᠠᠨ ᠢᠯᠡᠳᠭᠡᠵᠤ᠂ ᠲᠠᠮᠢᠷᠴᠢᠳ ᠤᠨ ᠰᠠᠶᠢᠨ ᠬᠢᠷᠢ ᠪᠦᠳᠦᠮᠵᠢ ᠤᠯᠬᠤ ᠶᠢ ᠬᠦᠰᠡᠨ ᠵᠦᠡᠭᠨᠡᠪᠡ᠃
   ᠲᠡᠯᠡᠭᠡᠢ ᠶᠢᠨ ᠤᠯᠢᠮᠫᠢᠺ ᠤᠨ ᠪᠡᠶ᠎ᠠ ᠶᠢᠨ ᠲᠠᠮᠢᠷ ᠤᠨ ᠬᠦᠳᠡᠯᠭᠡᠭᠡᠨ ᠤ ᠵᠦᠪᠯᠡᠯ ᠤᠨ ᠲᠡᠷᠢᠬᠦᠯᠡᠭᠴᠢ ᠪᠠᠾᠧ ᠸᠢᠳᠢᠣ᠋ ᠪᠠᠷ ᠪᠠᠶᠠᠷ ᠤᠨ ᠦᠭᠡ ᠭᠡᠯᠡᠬᠦ ᠳᠡᠭᠡᠨ᠂ ᠲᠤᠰ ᠬᠤᠭᠤᠴᠠᠭᠠᠨ ᠤ ᠲᠡᠯᠡᠭᠡᠢ ᠶᠢᠨ ᠴᠡᠷᠢᠭ ᠬᠦᠮᠦᠨ ᠤ ᠲᠠᠮᠢᠷ ᠤᠨ ᠴᠤᠬᠯᠠᠭᠠᠨ ᠶᠠᠭ ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠬᠳᠠᠬᠰᠡᠨ 70 ᠵᠢᠯ ᠤᠨ ᠤᠢ ᠳᠤ ᠲᠤᠬᠢᠶᠠᠯᠳᠤᠪᠠ᠂ ᠡᠨᠡ ᠬᠦ ᠵᠠᠪᠰᠢᠶᠠᠨ ᠢᠶᠠᠷ ᠲᠤᠮᠳᠠᠳᠤ ᠤᠯᠤᠰ ᠤᠨ ᠠᠷᠠᠳ ᠲᠦᠮᠡᠨ ᠳᠤ ᠬᠠᠯᠠᠭᠤᠨ ᠪᠠᠶᠠᠷ ᠬᠦᠷᠭᠡᠵᠤ ᠪᠠᠶᠢᠬᠤ ᠪᠠᠨ ᠢᠯᠡᠳᠭᠡᠵᠤ ᠪᠠᠶᠢᠨ᠎ᠠ᠂ ᠲᠠᠮᠢᠷ ᠤᠨ ᠴᠤᠬᠯᠠᠭᠠᠨ ᠤ ᠲᠡᠬᠦᠰ ᠠᠮᠵᠢᠯᠳᠠ ᠤᠯᠬᠤ ᠶᠢ ᠬᠦᠰᠡᠨ ᠵᠦᠡᠭᠨᠡᠵᠤ ᠪᠠᠶᠢᠨ᠎ᠡ ᠭᠡᠵᠤ ᠢᠯᠡᠳᠭᠡᠪᠡ᠃
   ᠤᠯᠠᠨ ᠤᠯᠤᠰ ᠤᠨ ᠴᠡᠷᠢᠭ ᠤᠨ ᠪᠠᠶ᠎ᠡ ᠶᠢᠨ ᠲᠠᠮᠢᠷ ᠤᠨ ᠭᠡᠷᠡᠭ ᠡᠷᠬᠢᠯᠡᠭᠴᠢᠳ ᠤᠨ ᠬᠤᠷᠠᠯ ᠤᠨ ᠬᠤᠷᠠᠯ ᠤᠨ ᠲᠤᠭ ᠤᠨ ᠡᠮᠤᠨ᠎ᠡ᠂ ᠲᠤᠮᠳᠠᠳᠤ ᠤᠯᠤᠰ ᠤᠨ ᠡᠮᠡᠭᠳᠠᠢ ᠶᠢᠨ ᠠᠯᠠᠭᠠᠳᠠᠬᠤ ᠪᠦᠮᠪᠦᠭᠡ ᠶᠢᠨ ᠲᠠᠮᠢᠷᠴᠢᠨ ᠶᠤᠸᠠᠨ ᠰᠢᠨ ᠶᠤᠸᠠᠢ᠂ ᠲᠡᠯᠡᠭᠡᠢ ᠶᠢᠨ ᠲᠡᠰ ᠤᠨ ᠰᠠᠬᠰᠤᠨ ᠪᠦᠮᠪᠦᠭᠡ ᠶᠢᠨ ᠤᠷᠤᠯᠳᠤᠭᠠᠨ ᠤ ᠬᠢᠨᠠᠭᠴᠢ ᠸᠧᠨ ᠺᠧ ᠮᠢᠩ ᠲᠤᠰ ᠪᠦᠷᠢ ᠲᠡᠯᠡᠭᠡᠢ ᠶᠢᠨ ᠴᠡᠷᠢᠭ ᠬᠦᠮᠦᠨ ᠤ ᠲᠠᠮᠢᠷ ᠤᠨ ᠴᠤᠬᠯᠠᠭᠠᠨ ᠳᠤ ᠤᠷᠤᠯᠴᠠᠬᠰᠡᠨ ᠲᠠᠮᠢᠷᠴᠢᠳ᠂ ᠬᠢᠨᠠᠭᠴᠢᠳ ᠢ ᠲᠦᠯᠦᠭᠡᠯᠡᠨ ᠲᠠᠩᠭᠠᠷᠢᠬᠯᠠᠪᠠ᠃
   21 ᠴᠠᠭ ᠤᠨ ᠦᠶ᠎ᠡ ᠪᠠᠷ᠂ ᠰᠢ ᠶᠢᠨ ᠫᠢᠩ᠄ ︽ᠲᠤᠯᠤᠳᠤᠭᠠᠷ ᠬᠤᠭᠤᠴᠠᠭᠠᠨ ᠤ ᠲᠡᠯᠡᠭᠡᠢ ᠶᠢᠨ ᠴᠡᠷᠢᠭ ᠬᠦᠮᠦᠨ ᠤ ᠲᠠᠮᠢᠷ ᠤᠨ ᠴᠤᠬᠯᠠᠭᠠᠨ ᠡᠬᠢᠯᠡᠯ᠎ᠡ︕︾ ᠭᠡᠵᠤ ᠵᠠᠷᠯᠠᠬᠰᠡᠨ ᠳᠤ ᠲᠡᠯᠡᠪᠡᠢ ᠲᠠᠶᠠᠭᠠᠷ ᠨᠢᠵᠢᠬᠢᠨᠡᠳᠡᠯ᠎ᠡ ᠠᠯᠠᠭ᠎ᠠ ᠲᠠᠰᠢᠵᠤ᠂ ᠪᠠᠶᠠᠷᠯᠠᠯᠳᠤᠨ ᠬᠦᠭᠡᠷᠦᠯᠳᠦᠪᠠ᠃
   ᠨᠦᠬᠦᠷᠯᠡᠯ ᠢ ᠬᠠᠮᠳᠤ ᠪᠠᠷ ᠡᠳ᠋ᠯᠡᠵᠤ᠂ ᠡᠩᠭᠡ ᠲᠠᠶᠢᠪᠤᠩ ᠢ ᠬᠠᠮᠳᠤ ᠪᠠᠷ ᠴᠤᠬᠴᠠᠯᠠᠨ᠎ᠡ᠃ ᠠᠬᠤᠢ ᠲᠠᠯᠠᠪᠠᠢ ᠳᠤ ᠨᠡᠪᠳᠡᠷᠡᠬᠦᠯᠦᠭᠰᠡᠨ ᠲᠤᠯᠤᠳᠤᠭᠠᠷ ᠬᠤᠭᠤᠴᠠᠭᠠᠨ ᠤ ᠲᠡᠯᠡᠭᠡᠢ ᠶᠢᠨ ᠴᠡᠷᠢᠭ ᠬᠦᠮᠦᠨ ᠤ ᠲᠠᠮᠢᠷ ᠤᠨ ᠴᠤᠬᠯᠠᠭᠠᠨ ᠤ ᠤᠬᠠᠭᠤᠯᠭ᠎ᠠ ᠶᠢᠨ ᠹᠢᠯᠢᠮ ᠨᠢ ᠬᠤᠭᠤᠴᠠᠭ᠎ᠠ ᠪᠦᠷᠢ ᠶᠢᠨ ᠲᠡᠯᠡᠭᠡᠢ ᠶᠢᠨ ᠴᠡᠷᠢᠭ ᠬᠦᠮᠦᠨ ᠤ ᠲᠠᠮᠢᠷ ᠤᠨ ᠴᠤᠬᠯᠠᠭᠠᠨ ᠤ ᠪᠠᠶᠢᠳᠠᠯ ᠢ ᠡᠷᠬᠢᠴᠡᠬᠦᠯᠵᠤ᠂ ᠲᠤᠮᠳᠠᠳᠤ ᠤᠯᠤᠰ ᠤᠨ ᠴᠡᠷᠢᠭ ᠠᠩᠭᠢ ᠶᠢᠨ ᠲᠡᠯᠡᠭᠡᠢ ᠶᠢᠨ ᠴᠡᠷᠢᠭ ᠬᠦᠮᠦᠨ ᠤ ᠲᠠᠮᠢᠷ ᠤᠨ ᠴᠤᠬᠯᠠᠭᠠᠨ ᠳᠤ ᠤᠷᠤᠯᠴᠠᠬᠰᠡᠨ ᠲᠡᠤᠭᠡᠨ ᠶᠠᠪᠤᠴᠠ ᠶᠢ ᠲᠠᠨᠢᠯᠴᠠᠭᠤᠯᠪᠠ᠃
   ᠲᠠᠷᠠᠭ᠎ᠠ ᠨᠢ ᠡᠬᠢᠯᠡᠯᠳᠠ ᠶᠢᠨ ᠶᠤᠰᠤᠯᠠᠯ ᠤᠨ ᠤᠷᠠᠨ ᠰᠠᠶᠢᠬᠠᠨ ᠤ ᠲᠤᠬᠯᠠᠯᠳᠠ ︽ᠡᠩᠭᠡ ᠲᠠᠶᠢᠪᠤᠩ ᠤᠨ ᠭᠠᠯ︾ ᠬᠦᠰᠢᠭᠡ ᠪᠠᠨ ᠰᠡᠬᠦᠪᠡ᠃ ᠤᠷᠠᠨ ᠰᠠᠶᠢᠬᠠᠨ ᠤ ᠲᠤᠬᠯᠠᠯᠳᠠ ᠶᠢᠨ ᠲᠡᠭᠡᠳᠤ ᠪᠦᠯᠦᠭ ︽ᠠᠤᠭ᠎ᠠ ᠶᠡᠭᠡ ᠲᠤᠮᠳᠠᠳᠤ ᠤᠯᠤᠰ · ᠦᠶ᠎ᠡ ᠶᠢᠨ ᠦᠶ᠎ᠡ ᠳᠤ ᠤᠷᠤᠰᠢᠨ ᠲᠤᠬᠳᠠᠨᠢᠨ᠎ᠡ︾ ᠨᠢ ᠪᠤᠯᠪᠠᠰᠤᠨ ᠤ ᠭᠡᠷᠡᠯ ᠬᠢᠯᠪᠠᠭ᠎ᠠ᠂ ᠨᠠᠶᠢᠷᠠᠮᠳᠠᠯ ᠬᠠᠮᠳᠤᠷᠠᠯᠴᠠᠭ᠎ᠠ ᠶᠢᠨ ᠶᠤᠰᠤᠨ᠂ ᠵᠢᠷᠤᠭ ᠮᠡᠳᠦ ᠨᠤᠳᠤᠭ ᠤᠰᠤ᠂ ᠲᠤᠷᠭᠠᠨ ᠵᠠᠮ᠂ ᠤᠴᠢ ᠶᠢᠨ ᠭᠠᠯ ᠵᠡᠷᠭᠡ 5 ᠫᠷᠤᠭ᠍ᠷᠡᠮ ᠢᠶᠠᠷ ᠪᠦᠷᠢᠯᠳᠦᠵᠤ᠂ ᠲᠡᠤᠭᠡ ᠶᠢ ᠡᠷᠬᠢᠴᠡᠬᠦᠯᠬᠦ ᠪᠠᠷ ᠲᠠᠮᠵᠢᠨ ᠦᠨᠢ ᠤᠳᠠᠭᠠᠨ ᠲᠡᠦᠬᠡ ᠲᠠᠢ ᠳᠤᠮᠳᠠᠳᠤ ᠶᠢᠨ ᠪᠤᠯᠪᠠᠰᠤᠨ ᠪᠤᠯᠤᠨ ᠦᠷᠭᠡᠨ ᠲᠡᠯᠭᠡᠷ ᠬᠦᠨ ᠬᠦᠨᠵᠡᠭᠡᠢ ᠲᠤᠮᠳᠠᠳᠤ ᠶᠢᠨ ᠡᠷᠳᠡᠨ ᠤ ᠴᠡᠷᠢᠭ ᠤᠨ ᠰᠤᠶᠤᠯ ᠵᠢᠴᠢ ᠬᠦᠮᠦᠨ ᠲᠦᠷᠦᠯᠬᠢᠳᠠᠨ ᠤ ᠨᠡᠶᠢᠭᠡᠮ ᠤᠨ ᠲᠠᠪᠰᠢᠯᠳᠠ ᠶᠢ ᠠᠬᠢᠭᠤᠯᠬᠤ ᠳᠤ ᠦᠵᠡᠬᠦᠯᠦᠭᠰᠡᠨ ᠴᠢᠬᠤᠯᠠ ᠬᠤᠪᠢ ᠨᠠᠮᠠᠷᠢ ᠶᠢ ᠬᠠᠷᠠᠭᠤᠯᠪᠠ᠃ ᠲᠤᠤᠷᠠᠳᠤ ᠪᠦᠯᠦᠭ ︽ᠵᠠᠮ ᠪᠦᠬᠦᠨ ᠬᠤᠯᠪᠤᠯᠳᠤᠨ ᠨᠡᠪᠳᠡᠷᠡᠯᠴᠡᠵᠦ · ᠭᠤᠸ᠎ᠡ ᠰᠠᠶᠢᠬᠠᠨ ᠪᠦᠬᠦᠨ ᠢ ᠬᠠᠮᠳᠤ ᠪᠠᠷ ᠡᠳ᠋ᠯᠡᠨ᠎ᠡ︾ ᠨᠢ ᠡᠩᠭᠡ ᠲᠠᠶᠢᠪᠤᠩ ᠤᠨ ᠴᠡᠷᠢᠭ ᠠᠩᠭᠢ᠂ ᠰᠢᠨ᠎ᠡ ᠶᠢᠷᠳᠢᠨᠴᠤ᠂ ︽ᠨᠢᠭᠡ ᠪᠦᠰᠡ ᠨᠢᠭᠡ ᠵᠠᠮ︾᠂ ᠬᠤᠪᠢ ᠵᠠᠶᠠᠭ᠎ᠠ ᠪᠠᠨ ᠬᠤᠯᠪᠤᠨ᠎ᠡ᠂ ᠬᠦᠰᠡᠯ ᠤᠨ ᠲᠡᠬᠦᠯᠢᠯᠳᠠ ᠵᠡᠷᠭᠡ 5 ᠫᠷᠤᠭ᠍ᠷᠡᠮ ᠢᠶᠠᠷ ᠪᠦᠷᠢᠯᠳᠤᠵᠤ᠂ ᠢᠷᠡᠭᠡᠳᠦᠢ ᠶᠢ ᠪᠠᠷᠠᠯᠠᠬᠤ ᠪᠠᠷ ᠲᠠᠮᠵᠢᠨ ᠠᠷᠠᠳ ᠤᠨ ᠴᠡᠷᠢᠭ ᠠᠩᠭᠢ ᠶᠢᠨ ᠴᠡᠷᠢᠭ ᠢ ᠬᠦᠴᠦᠷᠭᠡᠭᠵᠢᠬᠦᠯᠵᠤ ᠴᠡᠷᠢᠭ ᠢ ᠮᠠᠨᠳᠤᠭᠤᠯᠬᠤ ᠴᠤ᠋ ᠰᠢᠨ᠎ᠡ ᠲᠦᠷᠢ ᠲᠦᠷᠬᠦ ᠶᠢ ᠢᠯᠡᠷᠡᠬᠦᠯᠵᠤ᠂ ᠲᠤᠮᠳᠠᠳᠤ ᠶᠢᠨ ᠦᠨᠳᠦᠰᠦᠳᠡᠨ ᠤ ᠰᠡᠷᠬᠦᠨ ᠮᠠᠨᠳᠤᠯᠳᠠ ᠲᠠᠶᠢᠰᠢ ᠤᠷᠤᠬᠰᠢᠯᠠᠵᠤ ᠪᠠᠶᠢᠭ᠎ᠠ ᠰᠦᠷ ᠲᠠᠯᠠᠶᠢᠴᠠᠳᠠᠢ ᠲᠦᠷᠰᠤ ᠪᠠᠶᠢᠳᠠᠯ ᠢ ᠢᠯᠡᠷᠡᠬᠦᠯᠵᠤ᠂ ᠲᠤᠮᠳᠠᠳᠤ ᠤᠯᠤᠰ ᠤᠨ ᠠᠷᠠᠳ ᠲᠦᠮᠡᠨ ᠤ ᠲᠡᠯᠡᠭᠡᠢ ᠶᠢᠨ ᠡᠯ᠎ᠡ ᠤᠯᠤᠰ ᠤᠨ ᠠᠷᠠᠳ ᠲᠦᠮᠡᠨ ᠲᠠᠢ ᠬᠠᠮᠳᠤ ᠪᠠᠷ ᠬᠦᠮᠦᠨ ᠲᠦᠷᠦᠯᠬᠢᠳᠠᠨ ᠤ ᠬᠤᠪᠢ ᠵᠠᠶᠠᠭᠠᠨ ᠤ ᠬᠠᠮᠳᠤ ᠶᠢᠨ ᠴᠤᠬᠴᠠ ᠶᠢᠨ ᠪᠠᠶᠢᠭᠤᠯᠤᠯᠳᠠ ᠶᠢ ᠠᠬᠢᠭᠤᠯᠬᠤ ᠡᠷᠡᠰ ᠪᠠᠳᠤ ᠢᠳᠡᠭᠡᠯ ᠪᠢᠰᠢᠷᠡᠯ ᠢ ᠲᠠᠮᠵᠢᠭᠤᠯᠪᠠ᠃ ᠪᠦᠬᠦ᠋ᠢᠯᠡ ᠲᠤᠬᠯᠠᠯᠳᠠ ᠨᠢ ᠬᠠᠳᠤᠨ ᠭᠤᠤᠯ ᠪᠤᠯᠤᠨ ᠰᠢᠷ᠎ᠡ ᠬᠦᠷᠤᠰᠤᠳᠤ ᠦᠨᠳᠦᠷᠯᠢᠭ ᠢᠶᠠᠷ ᠠᠷᠤ ᠦᠵᠡᠭᠳᠡᠯ ᠢᠶᠠᠨ ᠪᠤᠯᠭᠠᠨ᠂ ᠪᠠᠶᠠᠯᠢᠭ ᠰᠠᠶᠢᠬᠠᠨ ᠳ᠋ᠧᠩ ᠤᠨ ᠭᠡᠷᠡᠯ ᠲᠠᠶᠢᠰᠠᠨ ᠤ ᠤᠷᠠᠯᠠᠯ ᠢᠶᠠᠷ ︽ᠲᠤᠮᠳᠠᠳᠤ ᠶᠢᠨ ᠡᠭᠡ︾ ᠶᠢᠨ ᠲᠦᠷᠢ ᠲᠦᠷᠬᠦ ᠶᠢ ᠱᠤᠭᠤᠨ ᠪᠦᠳᠦᠭᠡᠵᠤ᠂ ᠦᠶ᠎ᠡ ᠦᠶ᠎ᠡ ᠶᠢᠨ ᠲᠤᠮᠳᠠᠳᠤ ᠶᠢᠨ ᠬᠦᠪᠡᠬᠦᠳ ᠦᠬᠢᠳ ᠤᠨ ᠡᠩᠭᠡ ᠲᠠᠶᠢᠪᠤᠩ ᠢ ᠬᠦᠭᠡᠭᠡᠴᠡᠯᠳᠦᠬᠦ᠂ ᠡᠩᠭᠡ ᠲᠠᠶᠢᠪᠤᠩ ᠢ ᠬᠠᠮᠠᠭᠠᠯᠠᠬᠤ ᠰᠠᠶᠢᠨ ᠰᠠᠶᠢᠬᠠᠨ ᠬᠦᠰᠡᠯ ᠡᠷᠡᠮᠡᠯᠵᠡᠯ ᠪᠤᠯᠤᠨ ᠴᠦᠬᠦᠷᠡᠰᠢ ᠦᠭᠡᠢ ᠴᠢᠷᠮᠠᠶᠢᠯᠭ᠎ᠠ ᠶᠢ ᠲᠠᠮᠵᠢᠭᠤᠯᠪᠠ᠃
   22 ᠴᠠᠬ ᠤᠨ ᠦᠶ᠎ᠠ ᠪᠠᠷ᠂ ᠭᠠᠯ ᠪᠠᠮᠪᠠᠷ ᠢ ᠲᠠᠯᠠᠪᠠᠢ ᠳᠤᠳᠤᠷ᠎ᠠ ᠲᠠᠮᠵᠢᠭᠤᠯᠬᠤ ᠪᠠ ᠭᠤᠤᠯ ᠭᠠᠯ ᠪᠠᠮᠪᠠᠷ ᠢ ᠨᠤᠴᠤᠭᠠᠬᠤ ᠶᠤᠰᠤᠯᠠᠯ ᠡᠬᠢᠯᠠᠪᠠ᠃ 8 ᠰᠠᠷ᠎ᠠ ᠶᠢᠨ 1 ᠤ ᠡᠳᠤᠷ ᠠᠴᠠ ᠡᠬᠢᠯᠠᠵᠤ᠂ ᠳᠤᠮᠳᠠᠳᠤ ᠤᠯᠤᠰ ᠤᠨ ᠠᠷᠠᠳ ᠤᠨ ᠴᠢᠯᠤᠬᠡᠯᠡᠬᠦ ᠴᠡᠷᠢᠭ ᠤᠨ ᠮᠡᠨᠳᠦᠯᠡᠭᠰᠡᠨ ᠭᠠᠵᠠᠷ ᠵᠢᠶᠠᠩᠰᠢ ᠶᠢᠨ ᠨᠠᠨᠴᠠᠩ ᠠᠴᠠ ᠠᠪᠤᠭᠰᠠᠨ ᠠᠷᠢᠭᠤᠨ ᠭᠠᠯ ᠤᠷᠢᠳ ᠬᠤᠵᠢᠳ ᠤᠯᠠᠨ ᠬᠤᠳᠠ ᠪᠤᠯᠤᠨ ᠴᠡᠷᠢᠭ ᠤᠨ ᠬᠤᠸᠠᠷᠠᠨ ᠢᠶᠠᠷ ᠳᠠᠮᠵᠢᠭᠳᠠᠵᠤ᠂ ᠬᠠᠮᠤᠭ ᠤᠨ ᠰᠡᠭᠦᠯ ᠳᠤ ᠦᠬᠠᠨ ᠤ ᠪᠡᠶ᠎ᠠ ᠶᠢᠨ ᠲᠠᠮᠢᠷ ᠤᠨ ᠬᠦᠳᠡᠯᠬᠡᠬᠡᠨ ᠤ ᠲᠦᠪ ᠲᠤ ᠬᠦᠷᠴᠤ ᠢᠷᠡᠭᠰᠡᠨ ᠶᠤᠮ᠃
   ᠲᠦᠮᠡᠨ ᠤ ᠠᠩᠬᠠᠷᠤᠯ ᠤᠨ ᠲᠤᠮᠳᠠ ᠤᠯᠢᠮᠫᠢᠺ ᠤᠨ ᠲᠠᠮᠢᠷ ᠤᠨ ᠴᠤᠬᠯᠠᠭᠠᠨ ᠤ ᠮᠠᠩᠯᠠᠢ ᠪᠤᠯᠤᠨ ᠲᠡᠯᠡᠬᠡᠢ ᠶᠢᠨ ᠫᠢᠩᠫᠠᠩ ᠪᠦᠮᠪᠦᠭᠡ ᠶᠢᠨ ᠤᠷᠤᠯᠳᠤᠭᠠᠨ ᠤ ᠡᠷᠡᠭᠳᠠᠢ ᠶᠢᠨ ᠲᠠᠩᠭᠠᠷ ᠴᠤᠬᠢᠬᠤ ᠤᠷᠤᠯᠳᠤᠭᠠᠨ ᠤ ᠮᠠᠩᠯᠠᠢ ᠶᠢ ᠤᠯᠠᠨᠳᠠ ᠠᠪᠤᠬᠰᠠᠨ ᠸᠠᠩ ᠬᠤᠤ᠂ ᠫᠤᠤᠳᠠᠯᠭ᠎ᠠ ᠶᠢᠨ ᠲᠡᠯᠡᠬᠡᠢ ᠶᠢᠨ ᠮᠠᠩᠯᠠᠢ ᠶᠢ 26 ᠤᠳᠠᠭ᠎ᠠ ᠠᠪᠤᠬᠰᠠᠨ ᠶᠢᠨ ᠶᠦᠩ ᠳ᠋ᠧ᠂ ᠲᠡᠯᠡᠬᠡᠢ ᠶᠢᠨ ᠴᠡᠷᠢᠭ ᠬᠦᠮᠤᠨ ᠤ ᠲᠠᠮᠢᠷ ᠤᠨ ᠴᠤᠬᠯᠠᠭᠠᠨ ᠤ ᠴᠡᠷᠢᠭ ᠤᠨ ᠶᠠᠪᠤᠳᠠᠯ ᠤᠨ ᠲᠠᠪᠤᠨ ᠮᠡᠷᠭᠡᠵᠢᠯ ᠤᠨ ᠳᠡᠯᠡᠬᠡᠢ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠠᠷᠪᠠᠨᠳᠠ ᠮᠠᠩᠯᠠᠶᠢᠯᠠᠭᠰᠠᠨ ᠸᠠᠩ ᠲᠠᠩ ᠯᠢᠨ᠂ ᠤᠯᠢᠮᠫᠢᠺ ᠤᠨ ᠲᠠᠮᠢᠷ ᠤᠨ ᠴᠤᠬᠯᠠᠭᠠᠨ ᠤ ᠤᠮᠪᠠᠯᠳᠠ ᠶᠢᠨ ᠤᠷᠤᠯᠳᠤᠭᠠᠨ ᠳᠤ ᠮᠠᠩᠯᠠᠶᠢᠯᠠᠭᠰᠠᠨ ᠪᠦᠭᠡᠳ ᠤᠯᠢᠮᠫᠢᠺ ᠤᠨ ᠲᠠᠮᠢᠷ ᠤᠨ ᠴᠤᠬᠯᠠᠭᠠᠨ ᠤ ᠲᠡᠮᠳᠡᠭᠯᠡᠯ ᠢ ᠰᠢᠨᠡᠳᠭᠡᠭᠰᠡᠨ ᠵᠢᠶᠤᠤ ᠯᠢᠦ ᠶᠠᠩ᠂ ᠡᠮᠡᠭᠳᠠᠢ ᠶᠢᠨ ᠠᠯᠠᠭᠠᠳᠠᠬᠤ ᠪᠦᠮᠪᠦᠭᠡ ᠶᠢᠨ ᠲᠡᠯᠡᠬᠡᠢ ᠶᠢᠨ ᠬᠤᠨᠳᠠᠭᠠᠳᠤ ᠤᠷᠤᠯᠳᠤᠭᠠᠨ ᠳᠤ ᠮᠠᠩᠯᠠᠶᠢᠯᠠᠭᠰᠠᠨ ᠳᠤᠮᠳᠠᠳᠤ ᠤᠯᠤᠰ ᠤᠨ ᠡᠮᠡᠭᠳᠠᠢ ᠶᠢᠨ ᠠᠯᠠᠭᠠᠳᠠᠬᠤ ᠪᠦᠮᠪᠦᠭᠡ ᠶᠢᠨ ᠠᠩᠬᠢ ᠶᠢᠨ ᠬᠡᠰᠢᠬᠦᠨ ᠶᠠᠩ ᠵᠢᠶᠦ᠋ᠨ ᠵᠢᠩ᠂ ︽ᠠᠽᠢᠶ᠎ᠠ ᠶᠢᠨ ᠬᠦᠯ ᠪᠦᠮᠪᠦᠭᠡ ᠶᠢᠨ ᠠᠪᠠᠭ᠋ᠠᠢ︾ ᠶᠢᠨ ᠢᠷᠠᠭᠤ ᠠᠯᠳᠠᠷ ᠤᠨ ᠴᠤᠯᠠ ᠶᠢ ᠬᠦᠷᠳᠡᠭᠰᠡᠨ ᠦᠬᠠᠨ ᠨᠤᠳᠤᠬ ᠲᠠᠢ ᠡᠮᠡᠭᠳᠡᠢ ᠶᠢᠨ ᠬᠦᠯ ᠪᠦᠮᠪᠦᠭᠡ ᠶᠢᠨ ᠲᠠᠮᠢᠷᠴᠢᠨ ᠸᠠᠩ ᠱᠤᠸᠠᠩ᠂ ᠬᠤᠶᠠᠷ ᠤᠳᠠᠭ᠎ᠠ ᠤᠯᠢᠮᠫᠢᠺ ᠤᠨ ᠲᠠᠮᠢᠷ ᠤᠨ ᠴᠤᠬᠯᠠᠭᠠᠨ ᠤ ᠳᠤᠮᠳᠠᠳᠤ ᠤᠯᠤᠰ ᠤᠨ ᠪᠦᠯᠬᠦᠮ ᠤᠨ ᠲᠤᠬᠴᠢ ᠪᠤᠯᠤᠬᠰᠠᠨ ᠯᠢᠦ ᠢᠤᠢ ᠳ᠋ᠦᠩ ᠵᠡᠷᠬᠡ 7 ᠭᠠᠯ ᠪᠠᠮᠪᠠᠷᠴᠢᠨ ᠭᠠᠯ ᠪᠠᠮᠪᠠᠷ ᠢ ᠦᠨᠳᠤᠷ ᠡᠷᠬᠦᠨ᠂ ᠪᠦᠬᠦ ᠲᠠᠯᠠᠪᠠᠢ ᠶᠢᠨ ᠦᠵᠡᠭᠴᠢᠳ ᠤᠨ ᠬᠠᠯᠠᠭᠤᠨ ᠠᠯᠠᠭ᠎ᠠ ᠲᠠᠰᠢᠯᠳᠠ ᠶᠢᠨ ᠲᠤᠮᠳᠠ ᠪᠤᠤᠬᠢᠶ᠎ᠠ ᠲᠠᠮᠵᠢᠭᠤᠯᠪᠠ᠃
   ᠪᠡᠶ᠎ᠠ ᠶᠢᠨ ᠲᠠᠮᠢᠷ ᠤᠨ ᠲᠠᠯᠠᠪᠠᠢ ᠶᠢᠨ ᠨᠢᠭᠡ ᠦᠨᠴᠦᠭ ᠲᠤ ︽ᠨᠠᠶᠢᠷᠠᠮᠳᠠᠯ ᠬᠠᠮᠳᠤᠷᠠᠯᠴᠠᠭ᠎ᠠ︾ ᠬᠡᠬᠦ ᠭᠠᠯ ᠪᠠᠮᠪᠠᠷ ᠤᠨ ᠰᠤᠪᠤᠷᠭ᠎ᠠ ᠰᠡᠬᠦ᠋ᠢᠨ ᠰᠦᠨᠳᠡᠷᠯᠠᠨ᠎ᠠ᠃ ᠪᠢᠴᠢᠬᠠᠨ ᠬᠡᠤᠬᠡᠨ ᠠᠴᠠ ︽ᠡᠩᠬᠡ ᠲᠠᠶᠢᠪᠤᠩ︾ ᠬᠡᠬᠦ ᠬᠤᠶᠠᠷ ᠦᠰᠦᠭ ᠢ ᠰᠡᠶᠢᠯᠦᠭᠰᠡᠨ ᠱᠠᠯᠠ ᠶᠢ ᠭᠠᠵᠠᠷ ᠲᠤ ᠰᠢᠬᠢᠳᠭᠡᠬᠦ ᠲᠠᠢ ᠵᠡᠷᠭᠡ ᠤᠶᠠᠩᠭᠠᠯᠢᠬ ᠠᠶᠠᠰ ᠬᠠᠩᠬᠢᠨᠠᠵᠤ᠂ ᠭᠠᠯ ᠪᠠᠮᠪᠠᠷ ᠤᠨ ᠰᠤᠪᠤᠷᠭ᠎ᠠ ᠳᠤ ᠨᠡᠪᠳᠡᠷᠡᠬᠦ ᠠᠰᠠᠷ ᠤᠨ ᠱᠠᠳᠤ ᠭᠡᠷᠡᠯᠳᠤᠯ᠎ᠠ᠃ ᠬᠠᠮᠤᠬ ᠤᠨ ᠡᠴᠤᠰ ᠤᠨ ᠭᠠᠯ ᠪᠠᠮᠪᠠᠷᠴᠢᠨ ᠯᠢᠦ ᠢᠤᠢ ᠳ᠋ᠦᠩ ᠭᠠᠯ ᠪᠠᠮᠪᠠᠷ ᠤᠨ ᠰᠤᠪᠤᠷᠭ᠎ᠠ ᠶᠢᠨ ᠲᠤᠤᠷ᠎ᠠ ᠬᠦᠷᠴᠤ᠂ ᠪᠦᠬᠦ ᠲᠠᠯᠠᠪᠠᠢ ᠶᠢᠨ ᠦᠵᠡᠭᠴᠢᠳ ᠤᠷᠤᠭᠤ ᠭᠠᠷ ᠲᠠᠯᠠᠯᠤᠨ ᠶᠤᠰᠤ ᠭᠦᠢᠴᠡᠳᠭᠡᠨ᠂ ᠭᠠᠯ ᠪᠠᠮᠪᠠᠷ ᠤᠨ ᠰᠤᠪᠤᠷᠭ᠎ᠠ ᠶᠢ ᠨᠤᠴᠤᠭᠠᠪᠠ᠃ ᠠᠷᠢᠭᠤᠨ ᠭᠠᠯ ︽ᠨᠢᠬᠡ ᠪᠦᠰᠠ ᠨᠢᠬᠡ ᠵᠠᠮ︾ ᠢ ᠪᠡᠯᠭᠡᠳᠡᠭᠰᠡᠨ ᠰᠤᠪᠤᠷᠭ᠎ᠠ ᠶᠢᠨ ᠴᠤᠬᠴᠠ ᠶᠢ ᠲᠠᠭᠠᠨ ᠳᠡᠭᠡᠭᠰᠢᠯᠡᠵᠦ᠂ ︽ᠲᠠᠪᠤᠨ ᠶᠡᠭᠡ ᠲᠢᠪ︾ ᠤᠨ ᠬᠡᠯᠪᠡᠷᠢᠳᠤ ᠰᠤᠪᠤᠷᠭ᠎ᠠ ᠶᠢᠨ ᠤᠷᠤᠢ ᠲᠡᠭᠡᠷ᠎ᠠ ᠲᠦᠷᠡᠯᠵᠡᠨ ᠨᠤᠴᠤᠪᠠ᠃
   ︽ᠲᠠᠯᠠᠢ ᠶᠢ ᠨᠢᠰᠤᠨ ᠲᠤᠭᠤᠯᠬᠤ ᠲᠠᠬᠳᠠᠭ᠎ᠠ ᠶᠢ ᠡᠯᠡᠰᠤᠨ ᠲᠤᠪᠤᠴᠠᠬ ᠲᠡᠭᠡᠷ᠎ᠠ ᠲᠠᠶᠢᠪᠤᠭᠤᠨ ᠨᠦᠢᠷᠰᠤᠭᠤᠯᠬᠤ ᠶᠢᠨ ᠲᠦᠯᠦᠭᠡ᠂ ᠤᠬᠳᠠᠷᠭᠤᠢ ᠳᠤ ᠰᠦᠯᠵᠢᠯᠳᠦᠬᠦ ᠫᠤᠤ ᠰᠤᠮᠤ ᠶᠢ ᠦᠨᠢᠳᠠ ᠬᠤᠷᠢᠭ᠎ᠠ ᠴᠠᠭᠠᠵᠠ ᠲᠠᠢ ᠪᠤᠯᠭᠠᠬᠤ ᠶᠢᠨ ᠲᠦᠯᠤᠬᠡ᠂ ᠪᠢ ᠲᠤᠷᠠᠳᠠᠶ᠎ᠠ ᠰᠠᠯᠠᠮ᠎ᠠ ᠪᠠᠨ ᠠᠨᠵᠢᠰᠤ ᠪᠤᠯᠭᠠᠵᠤ᠂ ᠫᠤᠤ ᠰᠤᠮᠤ ᠪᠠᠨ ᠬᠤᠷᠢᠶᠠᠨ᠎ᠠ ᠁︾᠂ ᠭᠤᠤᠯ ᠰᠡᠳᠤᠪᠳᠤ ᠲᠠᠭᠤᠤ ︽ᠡᠩᠬᠡ ᠲᠠᠶᠢᠪᠤᠩ ᠤᠨ ᠭᠠᠯ︾ ᠤᠨ ᠬᠦᠭᠵᠢᠭᠡᠭᠰᠡᠨ ᠬᠦᠷ ᠨᠠᠷᠬᠢᠶᠠᠨ ᠤ ᠲᠤᠮᠳᠠ ᠲᠤᠯᠤᠳᠤᠭᠠᠷ ᠬᠤᠭᠤᠴᠠᠭᠠᠨ ᠤ ᠴᠡᠷᠢᠭ ᠬᠦᠮᠤᠨ ᠤ ᠲᠠᠮᠢᠷ ᠤᠨ ᠴᠤᠬᠯᠠᠭᠠᠨ ᠤ ᠡᠬᠢᠯᠡᠯᠳᠠ ᠶᠢᠨ ᠶᠤᠰᠤᠯᠠᠯ ᠲᠡᠬᠦᠰ ᠠᠮᠵᠢᠯᠳᠠᠳᠠᠢ ᠦᠨᠳᠤᠷᠯᠡᠪᠡ᠃
   42 ᠤᠯᠤᠰ ᠠᠴᠠ ᠢᠷᠡᠭᠰᠡᠨ ᠪᠠᠳᠤᠯᠠᠨ ᠬᠠᠮᠠᠭᠠᠯᠠᠯᠳᠠ ᠶᠢᠨ ᠰᠠᠯᠠᠭ᠎ᠠ ᠮᠦᠴᠢᠷ ᠪᠤᠯᠤᠨ ᠴᠡᠷᠢᠭ ᠠᠩᠬᠢ ᠶᠢᠨ ᠤᠳᠤᠷᠢᠳᠬᠤ ᠬᠦᠮᠦᠰ ᠤᠷᠢᠯᠭ᠎ᠠ ᠪᠠᠷ ᠡᠬᠢᠯᠡᠯᠳᠠ ᠶᠢᠨ ᠶᠤᠰᠤᠯᠠᠯ ᠳᠤ ᠤᠷᠤᠯᠴᠠᠵᠠᠢ᠃
   ᠲᠤᠯᠤᠳᠤᠭᠠᠷ ᠬᠤᠭᠤᠴᠠᠭᠠᠨ ᠤ ᠲᠡᠯᠡᠬᠡᠢ ᠶᠢᠨ ᠴᠡᠷᠢᠭ ᠬᠦᠮᠤᠨ ᠤ ᠲᠠᠮᠢᠷ ᠤᠨ ᠴᠤᠬᠯᠠᠭᠠᠨ ᠤ ᠵᠤᠬᠢᠶᠠᠨ ᠪᠠᠶᠢᠭᠤᠯᠬᠤ ᠺᠤᠮᠢᠰ ᠤᠨ ᠲᠡᠷᠢᠬᠦᠯᠡᠭᠴᠢ᠂ ᠨᠠᠮ ᠤᠨ ᠲᠦᠪ ᠬᠤᠷᠢᠶᠠᠨ ᠤ ᠤᠯᠤᠰ ᠲᠦᠷᠤ ᠶᠢᠨ ᠲᠤᠪᠴᠢᠶᠠᠨ ᠤ ᠬᠡᠰᠢᠬᠦᠨ᠂ ᠲᠦᠷᠤ ᠶᠢᠨ ᠶᠠᠪᠤᠳᠠᠯ ᠤᠨ ᠬᠤᠷᠢᠶᠠᠨ ᠤ ᠲᠡᠳ᠋ ᠶᠠᠷᠤᠩᠬᠡᠢ ᠰᠠᠶᠢᠳ ᠰᠦᠨ ᠴᠦᠨ ᠯᠠᠨ᠂ ᠨᠠᠮ ᠤᠨ ᠲᠦᠪ ᠬᠤᠷᠢᠶᠠᠨ ᠤ ᠤᠯᠤᠰ ᠲᠦᠷᠤ ᠶᠢᠨ ᠲᠤᠪᠴᠢᠶᠠᠨ ᠤ ᠬᠡᠰᠢᠬᠦᠨ᠂ ᠲᠦᠪ ᠤᠨ ᠱᠦᠵᠢ ᠨᠠᠷ ᠤᠨ ᠭᠠᠵᠠᠷ ᠤᠨ ᠱᠦᠵᠢ᠂ ᠨᠠᠮ ᠤᠨ ᠲᠦᠪ ᠬᠤᠷᠢᠶᠠᠨ ᠤ ᠠᠯᠪᠠᠨ ᠲᠢᠩᠬᠢᠮ ᠤᠨ ᠡᠷᠬᠢᠯᠡᠭᠴᠢ ᠳ᠋ᠢᠩ ᠰᠢᠤᠸᠠᠢ ᠰᠢᠶᠠᠩ ᠡᠬᠢᠯᠡᠯᠳᠠ ᠶᠢᠨ ᠶᠤᠰᠤᠯᠠᠯ ᠳᠤ ᠤᠷᠤᠯᠴᠠᠪᠠ᠃
   ᠲᠡᠯᠡᠬᠡᠢ ᠶᠢᠨ ᠴᠡᠷᠢᠭ ᠬᠦᠮᠤᠨ ᠤ ᠲᠠᠮᠢᠷ ᠤᠨ ᠴᠤᠬᠯᠠᠭᠠᠨ ᠪᠤᠯ ᠤᠯᠠᠨ ᠤᠯᠤᠰ ᠤᠨ ᠴᠡᠷᠢᠭ ᠤᠨ ᠪᠠᠶ᠎ᠠ ᠶᠢᠨ ᠲᠠᠮᠢᠷ ᠤᠨ ᠬᠦᠳᠡᠯᠬᠡᠬᠡᠨ ᠤ ᠭᠡᠷᠡᠭ ᠡᠷᠬᠢᠯᠡᠭᠴᠢᠳ ᠤᠨ ᠬᠤᠷᠠᠯ ᠠᠴᠠ ᠭᠤᠤᠯᠯᠠᠨ ᠡᠷᠬᠢᠯᠡᠭᠰᠡᠨ ᠲᠠᠯᠠᠬᠡᠢ ᠳ᠋ᠠᠬᠢᠨ ᠤ ᠴᠡᠷᠢᠭ ᠬᠦᠮᠤᠨ ᠤ ᠲᠡᠬᠡᠳᠤ ᠲᠡᠰ ᠤᠨ ᠲᠤᠮᠤ ᠬᠡᠯᠪᠡᠷᠢ ᠶᠢᠨ ᠶᠠᠷᠤᠩᠬᠡᠶᠢᠯᠡᠭᠰᠡᠨ ᠴᠢᠨᠠᠷᠳᠠᠢ ᠲᠠᠮᠢᠷ ᠤᠨ ᠴᠤᠬᠯᠠᠭᠠᠨ ᠪᠤᠯᠤᠨ᠎ᠠ᠃ ᠲᠤᠯᠤᠳᠤᠭᠠᠷ ᠬᠤᠭᠤᠴᠠᠭᠠᠨ ᠤ ᠲᠡᠯᠡᠬᠡᠢ ᠶᠢᠨ ᠴᠡᠷᠢᠭ ᠬᠦᠮᠤᠨ ᠤ ᠲᠠᠮᠢᠷ ᠤᠨ ᠴᠤᠬᠯᠠᠭᠠᠨ ᠳᠤ ᠴᠡᠷᠢᠭ ᠤᠨ ᠶᠠᠪᠤᠳᠠᠯ ᠤᠨ ᠲᠠᠪᠤᠨ ᠮᠡᠷᠭᠡᠵᠢᠯ᠂ ᠲᠠᠯᠠᠢ ᠶᠢᠨ ᠴᠡᠷᠢᠭ ᠤᠨ ᠲᠠᠪᠤᠨ ᠮᠡᠷᠭᠡᠵᠢᠯ᠂ ᠠᠭᠠᠷ ᠤᠨ ᠴᠡᠷᠢᠭ ᠤᠨ ᠲᠠᠪᠤᠨ ᠮᠡᠷᠭᠡᠵᠢᠯ᠂ ᠴᠢᠭᠯᠡᠯᠳᠦ ᠬᠡᠬᠡᠷᠡᠯᠡᠨ ᠶᠠᠪᠤᠬᠤ᠂ ᠰᠢᠬᠦᠷ ᠢᠶᠠᠷ ᠪᠠᠭᠤᠬᠤ ᠵᠡᠷᠬᠡ 27 ᠶᠡᠭᠡ ᠲᠦᠷᠤᠯ᠂ 329 ᠪᠠᠭ᠎ᠠ ᠲᠦᠷᠤᠯ ᠤᠨ ᠤᠷᠤᠯᠳᠤᠭᠠᠨ ᠢ ᠲᠤᠬᠢᠷᠠᠭᠤᠯᠵᠠᠢ᠃ ᠲᠤᠯᠤᠳᠤᠭᠠᠷ ᠬᠤᠭᠤᠴᠠᠭᠠᠨ ᠤ ᠲᠡᠯᠡᠬᠡᠢ ᠶᠢᠨ ᠴᠡᠷᠢᠭ ᠬᠦᠮᠤᠨ ᠤ ᠲᠠᠮᠢᠷ ᠤᠨ ᠴᠤᠬᠯᠠᠭᠠᠨ 10 ᠰᠠᠷ᠎ᠠ ᠶᠢᠨ 27 ᠤ ᠡᠳᠤᠷ ᠲᠤ ᠲᠠᠬᠦᠰᠬᠦ ᠪᠤᠯᠤᠨ᠎ᠠ᠃



  
     
     