 

ᠬᠦᠮᠥᠨ ᠠᠷᠠᠳ ᠪᠠᠨ ᠳᠠᠭᠠᠳᠬᠠᠶ᠎ᠠ

2020-10-11 17:43
  52
  0
                      ᠡᠷᠡᠭᠡᠨ᠂ ᠰᠠᠢᠵᠢᠷᠠ
     ᠨᠠᠷᠠ ᠰᠠᠷᠠ ᠨᠠᠢ᠌ᠮᠠᠨ ᠭᠠᠷᠢᠭ
     ᠨᠠᠷᠠᠨ ᠤ ᠠᠢᠮᠠᠭ ᠤᠨ ᠡᠷᠬᠡᠰ ᠳᠠᠭᠠᠭᠤᠯᠢ᠂ 
     ᠬᠦᠬᠡ ᠮᠡᠩᠬᠡᠨ ᠲᠡᠭᠷᠢ
     ᠬᠥᠷᠥᠰᠥᠲᠦ ᠠᠯᠲᠠᠨ ᠳᠡᠯᠡᠬᠡᠢ ᠶᠢᠨ ᠬᠡᠰᠢᠭ ᠬᠤᠷᠤᠢ᠃
     ᠠᠷᠭ᠎ᠠ ᠪᠢᠯᠢᠭ ᠦᠨ ᠰᠢᠳᠢᠰ
     ᠠᠭᠠᠷ ᠠᠮᠢᠰᠬᠤᠯ ᠤᠨ ᠠᠳᠢᠰ᠂
     ᠡᠨᠧᠷᠭᠢ ᠢᠯᠴᠢ ᠭᠡᠷᠡᠯ ᠦᠨ ᠷᠢᠳᠢᠰ
     ᠡᠷᠴᠢᠮ ᠬᠦᠴᠥᠨ ᠦ ᠢᠳᠡ ᠬᠤᠷᠤᠢ᠃
     ᠠᠯᠲᠠᠨ ᠭᠠᠳᠠᠰᠤ ᠤᠳᠤᠨ ᠤ ᠰᠠᠬᠢᠶ᠎ᠠ
     ᠠᠷᠠᠨ ᠬᠦᠮᠥᠨ ᠢ ᠭᠡᠢᠭᠦᠯᠥᠭᠡᠰᠡᠢ᠂
     ᠠᠷᠭᠠᠮᠵᠢᠶ᠎ᠠ ᠲᠠᠪᠤᠨ ᠤᠳᠤᠨ ᠤ ᠰᠠᠬᠢᠭᠤᠯ ᠨᠢ
     ᠠᠮᠢ ᠨᠠᠰᠤᠨ ᠤ ᠬᠡᠰᠢᠭ ᠦᠭᠭᠦᠭᠡᠰᠡᠢ᠃ 
     ᠳᠤᠬᠢᠭᠤᠷ ᠳᠤᠯᠤᠭᠠᠨ ᠤᠳᠤᠨ ᠤ ᠰᠠᠬᠢᠶ᠎ᠠ ᠨᠢ
     ᠳᠤᠮ ᠰᠢᠳᠢ ᠶᠢ ᠦᠭᠭᠦᠭᠡᠰᠡᠢ᠂
     ᠲᠤᠭᠤᠷᠢᠨ ᠪᠤᠢ ᠤᠯᠠᠨ ᠤᠳᠤᠳ ᠤᠨ ᠰᠠᠬᠢᠭᠤᠯ ᠨᠢ
     ᠲᠤᠲᠸᠮ ᠷᠢᠳᠢᠠ ᠢ ᠤᠯᠭᠤᠨ ᠬᠠᠢᠷᠠᠯᠠᠭᠠᠰᠠᠢ᠃
     ᠲᠦᠪ ᠳᠡᠯᠡᠬᠡᠢ ᠶᠢᠨ ᠬᠦᠮᠥᠰ ᠲᠦ
     ᠲᠦᠭᠰᠢᠭᠦᠷᠢᠲᠥ ᠠᠶᠤᠯ ᠲᠤᠯᠭᠠᠷᠠᠯ᠎ᠠ᠂
     ᠲᠦᠪᠡᠭᠳᠡᠵᠥ ᠲᠡᠪᠡᠳᠡᠭᠰᠡᠨ ᠠᠷᠠᠳ ᠢᠶᠠᠨ
     ᠲᠥᠮᠡᠨ ᠤᠲᠠᠴᠢ ᠨᠢ ᠲᠤᠰᠠᠯᠠᠭᠠᠷᠠᠢ᠃
     ᠲᠦᠷᠥ ᠭᠦᠷᠥᠨ ᠨᠤᠭᠥᠳ ᠨᠢ
     ᠲᠦᠷᠭᠡᠨ ᠲᠡᠳᠬᠥᠨ ᠲᠡᠩᠬᠡᠷᠡᠭᠦᠯᠥᠭᠡᠰᠡᠢ᠂
     ᠲᠦᠷᠥᠯᠬᠢᠲᠡᠨ ᠬᠦᠮᠥᠨ ᠤᠯᠠᠨ ᠢᠶᠠᠨ
     ᠲᠦᠷᠥᠵᠥ ᠢᠷᠡᠭᠰᠡᠨ ᠵᠠᠶᠠᠬᠠᠢ ᠨᠢ ᠥᠮᠥᠭᠯᠡᠭᠡᠰᠡᠢ᠃
     ᠭᠠᠵᠠᠷ ᠤᠰᠤ ᠠᠭᠠᠷ ᠪᠤᠬᠢᠷᠳᠠᠯ᠎ᠠ
     ᠭᠠᠮᠰᠢᠭ ᠬᠢᠵᠢᠭ ᠲᠡᠯᠭᠡᠷᠡᠯ᠎ᠡ᠂
     ᠭᠠᠷᠨᠢ ᠪᠠᠨ ᠪᠠᠷᠠᠭᠰᠠᠨ ᠡᠪᠡᠳᠴᠢᠲᠡᠳ ᠢ
     ᠭᠠᠲᠤᠯᠠᠭᠤᠯᠵᠤ ᠠᠪᠤᠷᠠᠬᠤ ᠶᠢ ᠡᠮᠴᠢ ᠰᠤᠪᠢᠯᠠᠭᠴᠢ ᠮᠡᠳᠡᠭᠡᠷᠡᠢ᠃
     ᠭᠠᠢ ᠲᠦᠢ ᠪᠦᠬᠥᠨ ᠢ ᠠᠷᠢᠯᠭᠠᠨ
     ᠭᠠᠷᠤᠯ ᠤᠨ ᠦᠷ᠎ᠡ ᠪᠡᠨ ᠰᠠᠬᠢᠬᠤ ᠶᠢ
     ᠭᠠᠷᠴᠤ ᠢᠷᠡᠭᠰᠡᠨ ᠭᠠᠯᠪᠠᠷ ᠤᠨ ᠤᠩᠭᠤ
     ᠭᠠᠯᠪᠠ ᠶᠢ ᠳᠠᠭᠠᠭᠠᠭᠰᠠᠨ ᠪᠠᠢᠭᠤᠯᠵᠢᠨ ᠳᠠᠭᠠᠨ ᠳᠠᠭᠠᠳᠬᠠᠶ᠎ᠠ᠃
     ᠳᠠᠭᠠᠷᠢᠨ ᠬᠠᠯᠳᠠᠪᠦᠷᠢᠯᠠᠬᠤ ᠬᠢᠵᠢᠭ ᠢ
     ᠳᠠᠷᠤᠢᠬᠠᠨ ᠲᠤᠨᠢᠯᠭᠠᠨ ᠰᠦᠨᠥᠭᠡᠭᠡᠰᠡᠢ᠂
     ᠳᠠᠭᠵᠢᠨ ᠬᠡᠯᠮᠡᠭᠳᠡᠭᠰᠡᠨ ᠲᠦᠮᠡᠨ ᠢᠶᠡᠨ
     ᠳᠠᠢᠹᠥ ᠳᠤᠺᠤᠲᠤᠷ ᠳᠠᠭᠠᠨ ᠳᠠᠭᠠᠳᠬᠠᠶ᠎ᠠ᠃
     ᠳᠠᠯᠠᠨ ᠳᠤᠯᠤᠭᠠᠨ ᠡᠬᠡ ᠡᠳᠥᠬᠡᠨ ᠨᠢ
     ᠳᠠᠶᠠᠭᠠᠷ ᠤᠯᠠᠨ ᠢᠶᠠᠨ ᠦᠷᠥᠰᠢᠶᠡᠭᠡᠷᠡᠢ᠂
     ᠳᠠᠶᠠᠩ ᠤᠨ ᠵᠢᠮ᠎ᠡ ᠶᠢ ᠨᠢ ᠴᠠᠭᠠᠳᠬᠠᠨ
     ᠳᠡᠩᠳᠡ ᠢᠪᠡᠭᠡᠨ ᠡᠩᠬᠡᠵᠢᠭᠦᠯᠥᠭᠡᠰᠡᠢ᠃
     ᠮᠠᠯᠠᠬᠠᠨ ᠴᠠᠭᠠᠨ ᠪᠠᠪᠠᠢ ᠳᠡᠭᠡᠳᠦᠭᠥᠯ ᠨᠢ
     ᠮᠠᠨᠠᠢ ᠬᠤᠢᠴᠢᠰ ᠢᠶᠠᠨ ᠬᠠᠮᠠᠭᠠᠯᠠᠰᠠᠢ᠂
     ᠪᠦᠬᠡ ᠪᠠᠪᠠᠢ ᠳᠡᠭᠡᠳᠦᠰ ᠨᠢ
     ᠪᠦᠬᠥᠳᠡ ᠦᠷᠡᠰ ᠢᠶᠡᠨ ᠬᠠᠭᠠᠴᠠᠢᠯᠠᠭᠠᠷᠠᠢ᠃
     ᠴᠠᠭᠠᠨ ᠡᠪᠦᠭᠡᠨ ᠠᠷᠰᠢ ᠨᠢ
     ᠴᠠᠭ ᠲᠤᠷᠰᠢᠲᠠ ᠬᠠᠷᠠᠨ ᠰᠤᠶᠤᠷᠬ᠎ᠠ᠂
     ᠴᠠᠭᠠᠨ ᠮᠦᠷ ᠲᠠᠢ
     ᠰᠠᠢᠨ ᠦᠢᠯᠡᠰ ᠲᠠᠢ ᠪᠤᠯᠭᠠᠭᠠᠰᠠᠢ᠃
     ᠬᠤᠯᠤᠭᠤᠨ᠎ᠠ ᠲᠠᠷᠪᠠᠭ᠎ᠠ ᠶᠢᠨ ᠬᠢᠵᠢᠭ
     ᠺᠤᠷᠤᠨᠠ ᠸᠢᠷᠦ᠋ᠰ ᠦᠨ ᠬᠢᠵᠢᠭ᠂
     ᠬᠤᠢᠨ᠎ᠠ ᠬᠤᠢᠨ᠎ᠠ ᠠᠴᠠ ᠪᠠᠨ ᠳᠠᠭᠠᠷᠢᠨ᠎ᠠ
     ᠬᠣᠷᠸ᠎ᠠ ᠶᠢᠨ ᠬᠦᠮᠥᠰ ᠢᠶᠡᠨ ᠠᠨᠠᠭᠠᠬᠤ ᠶᠢᠨ ᠬᠢᠨ ᠠᠪᠤᠷᠠᠭᠠᠰᠠᠢ᠃
     ᠬᠤᠷᠳᠤᠨ ᠂ ᠰᠢᠨᠵᠢᠯᠡᠬᠥ ᠤᠬᠠᠭᠠᠨᠲᠠᠳ ᠰᠤᠳᠤᠯᠤᠨ
     ᠬᠤᠪᠢᠯᠭᠠᠨ ᠡᠮ ᠵᠤᠷ ᠡᠭᠦᠳᠥᠭᠡᠷᠡᠢ᠂
     ᠬᠤᠳᠠᠯᠠ ᠬᠦᠮᠥᠨ ᠪᠦᠬᠥᠨ ᠢᠶᠡᠨ
     ᠬᠤᠷᠮᠤᠰᠲᠠ ᠲᠡᠭᠷᠢ ᠳᠦᠨᠢ ᠳᠠᠭᠠᠳᠬᠠᠶ᠎ᠠ᠃
     ᠪᠠᠭᠪᠠᠭᠠᠢ  ᠤᠨ ᠪᠠᠺᠲ᠋ᠧᠷᠢ ᠦᠷᠪᠢᠰᠥᠨ
     ᠪᠠᠯᠠᠳᠠᠭᠤᠯᠤᠨ ᠰᠦᠷᠳᠡᠭᠦᠯᠵᠥ ᠰᠦᠢᠳᠬᠡᠨ᠎ᠡ᠂
     ᠪᠠᠷᠢᠨ ᠲᠦᠷᠭᠡᠨ ᠠᠪᠤᠷᠠᠯᠲᠠ ᠬᠢᠵᠥ
     ᠪᠠᠢᠩᠭᠤ ᠵᠠᠰᠠᠵᠥ ᠡᠳᠡᠭᠡᠷᠡᠭᠦᠯᠥᠭᠡᠰᠡᠢ᠃
     ᠪᠠᠢᠭᠠᠯᠢ ᠤᠷᠴᠢᠨ ᠲᠠᠢ ᠪᠠᠨ ᠵᠤᠬᠢᠴᠠᠯᠳᠤᠨ
     ᠪᠠᠢᠭᠤᠯᠤᠨ ᠪᠦᠲᠥᠭᠡᠬᠥ ᠶᠢ ᠡᠷᠬᠢᠮᠯᠡᠭᠡᠰᠡᠢ᠂
     ᠪᠠᠭᠠᠴᠤᠳ ᠵᠠᠯᠠᠭᠤᠴᠤᠳ ᠤᠨ ᠢᠶᠠᠨ ᠡᠩᠬᠡ ᠮᠡᠨᠳᠥ ᠶᠢ
     ᠪᠠᠷᠠᠭᠤᠨ ᠤ ᠲᠠᠪᠢᠨ ᠲᠠᠪᠤᠨ ᠲᠡᠭᠷᠢ ᠳᠥᠨᠢ ᠳᠠᠭᠠᠳᠬᠠᠶ᠎ᠠ᠃
     ᠲᠦᠮᠡᠨ ᠪᠥᠭᠡ ᠶᠢᠨ ᠲᠦᠷᠥᠭᠦᠥ
     ᠲᠥᠩᠭᠡ ᠪᠥᠭᠡ ᠰᠠᠬᠢᠨ᠂
     ᠲᠦᠷᠢᠵᠥ ᠢᠷᠡᠬᠥ ᠠᠶᠤᠯ ᠢ ᠵᠠᠢᠯᠠᠭᠤᠯᠤᠨ
     ᠲᠦᠭ ᠲᠦᠮᠡᠨ ᠢᠶᠡᠨ ᠲᠦᠰᠢᠭᠡᠷᠡᠢ᠃
     ᠳᠦᠴᠢᠨ ᠳᠦᠷᠪᠡᠨ ᠲᠡᠭᠷᠢ ᠶᠢᠨ ᠲᠦᠷᠥᠭᠥᠥ
     ᠳᠦᠷ᠎ᠡ ᠨᠤᠶᠠᠨ ᠭᠠᠯᠪᠠᠷ ᠨᠢ ᠠᠵᠢᠶᠠᠷᠠᠨ᠂
     ᠳᠦᠭᠥᠷᠡᠩ ᠪᠡᠯᠭᠡ ᠪᠡᠷ ᠢᠷᠦᠭᠡᠨ
     ᠲᠦᠪᠰᠢᠨ ᠵᠢᠷᠭᠠᠯ ᠢᠶᠠᠷ ᠢᠪᠡᠭᠡᠭᠡᠰᠡᠢ᠃
     ᠵᠢᠩᠬᠢᠨᠢ ᠤᠲᠠᠴᠢ ᠨᠠᠷ ᠢᠯᠡᠷᠡᠨ
     ᠵᠢᠪ ᠦᠨ ᠬᠢᠵᠢᠭ ᠢ ᠳᠠᠷᠤᠭᠠᠰᠠᠢ᠂
     ᠵᠡᠭᠦᠨ ᠦ ᠳᠦᠴᠢᠨ ᠳᠦᠷᠪᠡᠨ ᠲᠡᠭᠷᠢ ᠲᠦᠨᠢ
     ᠵᠡᠭᠡᠭᠡᠭᠰᠡᠨ ᠳᠠᠭᠠᠳᠬᠠᠨ ᠵᠠᠯᠪᠢᠷᠠᠶ᠎ᠠ᠃
     ᠵᠠᠨᠪᠤᠯᠢᠩ ᠤᠨ ᠭᠡᠮ ᠵᠤᠪᠠᠯᠠᠩ ᠠᠴᠠ
     ᠵᠠᠪᠠᠯ ᠪᠢᠳᠡᠨ ᠢᠶᠡᠨ ᠬᠡᠯᠲᠡᠷᠡᠭᠦᠯᠥᠭᠡᠷᠡᠢ᠂
     ᠵᠠᠢᠯᠠᠰᠢ ᠦᠭᠡᠢ ᠳᠦᠷᠪᠡᠨ ᠳᠠᠯᠠᠢ ᠶᠢ ᠨᠢ
     ᠵᠠᠭᠤᠨ ᠬᠤᠲᠤᠭ ᠤᠨ ᠦᠯᠵᠡᠢ ᠪᠡᠷ ᠭᠡᠲᠦᠯᠭᠡᠭᠡᠰᠡᠢ᠃
     ᠤᠯᠪᠤ ᠪᠠᠭᠪᠠᠭᠠᠢ ᠶᠢᠨ ᠬᠢᠵᠢᠭ ᠢ ᠤᠰᠠᠳᠬᠠᠵᠥ
     ᠤᠯᠤᠰ ᠭᠦᠷᠥᠨ ᠪᠦᠬᠥᠨ ᠲᠠᠢᠪᠤᠩ ᠪᠤᠯᠤᠭᠠᠰᠠᠢ᠂
     ᠤᠷᠴᠢᠯᠠᠩ ᠬᠣᠷᠸ᠎ᠠ ᠳᠡᠯᠡᠬᠡᠢ ᠶᠢᠷᠲᠢᠨᠴᠥ ᠡᠨᠡᠭᠰᠢᠨ
     ᠤᠯᠠᠨ ᠲᠦᠮᠡᠨ ᠠᠮᠤᠭᠤᠯᠠᠩ ᠵᠢᠷᠭᠠᠰᠠᠢ᠃
     ᠤᠪᠤᠭ᠎ᠠ ᠯᠤᠤᠰ ᠨᠠᠪᠲᠠᠭ ᠰᠠᠪᠳᠠᠭ
     ᠤᠷᠤᠨ ᠭᠠᠵᠠᠷ ᠤᠨ ᠡᠵᠡᠳ ᠲᠠᠢᠳᠬᠤᠷᠠᠨ᠂
     ᠤᠩᠭᠤᠳ ᠲᠡᠭᠷᠢ ᠠᠷᠰᠢ ᠰᠠᠬᠢᠭᠤᠯᠰᠤᠨ
     ᠤᠳᠤᠨ ᠭᠠᠷᠢᠭ ᠰᠢᠲᠦᠭᠡᠨ ᠪᠦᠷ ᠪᠠᠶᠠᠰᠬᠤ ᠪᠤᠯᠲᠤᠭᠠᠢ᠃

             ᠡᠷᠡᠭᠡᠨ᠂ ᠪᠢᠯᠢᠭ᠍ᠪᠠᠰᠠᠩ ᠵᠤᠬᠢᠶᠠᠪᠠ᠃
                       ᠬᠠᠢᠯᠠᠷ ᠬᠤᠲᠠᠨ᠎ᠠ
                          2020ᠤᠨ ᠤ4 ᠰᠠᠷᠠᠢᠨ
                                10 ᠤ ᠡᠳᠦᠷ ᠪᠢᠴᠢᠪᠡ᠃
     
     
     
     
     



  
     
     