-
2134655
ᠶᠠᠫᠤᠨ ᠬᠡᠦᠭᠡᠨ ᠤ ᠮᠤᠩᠭᠤᠯ ᠠᠮᠢᠳᠤᠷᠠᠯ
2019-10-17 12:31
318
0
9 ᠰᠠᠷ᠎ᠠ ᠶᠢᠨ ᠡᠬᠢ ᠪᠠᠷ ᠰᠤᠷᠪᠤᠯᠵᠢᠯᠠᠭᠴᠢ ᠪᠠᠷᠠᠭᠤᠨ ᠦᠵᠦᠮᠦᠴᠢᠨ ᠬᠤᠰᠢᠭᠤ ᠪᠠᠷ ᠰᠤᠷᠪᠤᠯᠵᠢᠯᠠᠵᠤ ᠶᠠᠪᠤᠬᠤ ᠳᠠᠭᠠᠨ ︽ᠮᠠᠨ ᠤ ᠨᠤᠳᠤᠭ ᠤᠨ ᠮᠤᠩᠭᠤᠯ ᠵᠠᠯᠠᠭᠤ ᠶᠠᠫᠤᠨ ᠪᠡᠷᠢ ᠪᠠᠭᠤᠯᠭᠠᠭᠰᠠᠨ ᠰᠢᠦ︾ ᠭᠡᠬᠦ ᠬᠤᠰᠢᠭᠤᠨ ᠤ ᠤᠬᠠᠭᠤᠯᠬᠤ ᠬᠡᠯᠳᠡᠰ ᠤᠨ ᠬᠢᠨ ᠤ ᠲᠠᠨᠢᠯᠴᠠᠭᠤᠯᠭ᠎ᠠ ᠪᠠᠷ ᠰᠤᠨᠢᠭᠤᠴᠢ ᠪᠤᠳᠤᠯ ᠳᠠᠭᠠᠨ ᠬᠦᠳᠦᠯᠦᠭᠳᠡᠨ ᠮᠤᠩᠭᠤᠯ ᠵᠠᠯᠠᠭᠤ ᠶᠠᠫᠤᠨ ᠪᠦᠰᠡᠬᠦᠢ ᠶᠢᠨ ᠠᠮᠢᠳᠤᠷᠠᠯ ᠤᠨ ᠲᠤᠬᠠᠢ ᠲᠦᠰᠦᠭᠡᠯᠡᠨ ᠪᠤᠳᠤᠭᠰᠠᠭᠠᠷ ᠪᠠᠶᠠᠨᠬᠤᠰᠢᠭᠤ ᠰᠤᠮᠤᠨ ᠤ ᠰᠠᠶᠢᠬᠠᠨᠨᠠᠭᠤᠷ ᠭᠠᠴᠠᠭ᠎ᠠ ᠶᠢ ᠵᠤᠷᠢᠵᠤ ᠪᠢᠯᠡ᠃ ᠵᠤᠴᠢᠨᠰᠠᠭ ᠵᠠᠩ ᠲᠠᠢ ᠭᠡᠷ ᠤᠨ ᠡᠵᠡᠨ ᠲᠠᠪᠠᠭ ᠲᠦᠭᠦᠷᠡᠩ ᠬᠤᠨᠢᠨ ᠮᠢᠬ᠎ᠠ᠂ ᠦᠷᠦᠮ᠎ᠠ ᠲᠤᠰᠤ ᠲᠠᠢ ᠱᠠᠩᠳᠠᠭᠤᠨ ᠴᠠᠢ ᠪᠠᠷ ᠪᠢᠳᠡᠨ ᠢ ᠵᠤᠴᠢᠯᠠᠪᠠ᠃
ᠭᠡᠷ ᠤᠨ ᠡᠵᠡᠨ ᠢ ᠵᠤᠷᠢᠭᠳᠤ᠂ ᠡᠵᠡᠭᠳᠡᠢ ᠶᠢ ᠬᠠᠰᠴᠢᠮᠡᠭ ᠭᠡᠳᠡᠭ᠂ ᠮᠠᠯᠴᠢᠨ ᠵᠠᠶᠠᠭ᠎ᠠ ᠲᠦᠰᠢᠭᠰᠡᠨ ᠠᠵᠢᠯᠴᠢ ᠬᠤᠤᠰ᠃ ᠬᠤᠶᠠᠷ ᠬᠦᠦ ᠮᠦᠩᠭᠡᠳᠡᠯᠡᠢ᠂ ᠮᠦᠩᠭᠡᠵᠤᠯᠠ ᠪᠠᠨ ᠪᠦᠷ ᠶᠡᠭᠡ ᠰᠤᠷᠭᠠᠭᠤᠯᠢ ᠲᠡᠭᠦᠰᠭᠡᠵᠦ ᠬᠠᠷᠢ ᠬᠦᠷᠦᠨ ᠶᠠᠫᠤᠨ ᠤᠯᠤᠰ ᠲᠤ ᠰᠤᠷᠤᠯᠴᠠᠭᠤᠯᠤᠭᠰᠠᠨ ᠢᠶᠠᠷ ᠢᠶᠠᠨ ᠨᠤᠳᠤᠭ ᠤᠷᠤᠨ ᠳᠠᠭᠠᠨ ᠲᠠᠭᠤᠷᠢᠰᠬᠠᠯ ᠲᠠᠢ᠃ ᠮᠤᠩᠭᠤᠯ ᠵᠠᠯᠠᠭᠤ ᠶᠠᠫᠤᠨ ᠬᠡᠦᠭᠡᠨ ᠤ ᠬᠤᠪᠢ ᠪᠠᠷᠢᠯᠳᠤᠯᠭ᠎ᠠ ᠴᠦ ᠡᠭᠦᠨ ᠠᠴᠠ ᠡᠬᠢᠯᠡᠭᠰᠡᠨ ᠪᠡᠶᠢᠵᠡᠢ ᠁
ᠶᠡᠭᠡ ᠭᠦᠤ ᠮᠦᠩᠭᠡᠳᠡᠯᠡᠢ ᠨᠢ 2013 ᠤᠨ ᠳᠤ ᠦᠪᠦᠷ ᠮᠤᠩᠭᠤᠯ ᠤᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠠᠴᠠ ᠰᠤᠷᠤᠯᠭ᠎ᠠ ᠪᠠᠨ ᠲᠡᠭᠦᠰᠦᠭᠡᠳ᠂ 2014 ᠤᠨ ᠤ 10 ᠰᠠᠷ᠎ᠠ ᠳᠤ ᠶᠠᠫᠤᠨ ᠳᠤ ᠤᠴᠢᠵᠤ ᠰᠤᠷᠤᠯᠴᠠᠭᠰᠠᠨ ᠪᠠᠶᠢᠨ᠎ᠠ᠃ ᠲᠡᠷᠡ ᠤᠤᠰᠠᠺᠠ ᠬᠤᠳᠠ ᠳᠤ ᠰᠤᠳᠤᠯᠬᠤ ᠰᠤᠷᠤᠭᠴᠢ ᠪᠠᠷ ᠰᠤᠷᠤᠯᠴᠠᠵᠤ ᠪᠠᠶᠢᠭᠰᠠᠨ ᠢᠶᠠᠨ ᠰᠸᠢᠰ ᠤᠨ ᠨᠢᠭᠡᠨ ᠴᠠᠭ ᠤᠨ ᠺᠤᠮᠫᠠᠨᠢ ᠳᠤ ᠠᠵᠢᠯᠯᠠᠵᠠᠢ᠃ ᠠᠵᠢᠯᠯᠠᠵᠤ ᠰᠤᠷᠤᠯᠴᠠᠬᠤ ᠬᠤᠭᠤᠴᠠᠭᠠᠨ ᠳᠠᠭᠠᠨ ᠶᠠᠫᠤᠨ ᠤᠯᠤᠰ ᠤᠨ ᠲᠠᠨᠠᠺᠠᠨ ᠦᠬᠢᠨ ᠲᠠᠢ ᠲᠠᠨᠢᠯᠴᠠᠨ ᠦᠶᠡᠷᠭᠡᠵᠦ᠂ 2018 ᠤᠨ ᠤ 8 ᠰᠠᠷ᠎ᠠ ᠳᠤ ᠬᠤᠶᠠᠭᠤᠯᠠ ᠠᠶᠢᠯ ᠭᠡᠷ ᠢᠶᠠᠨ ᠪᠤᠰᠬᠠᠵᠤ᠂ 2019 ᠤᠨ ᠳᠤ ᠴᠠᠶᠢᠬᠤᠯᠠᠨ ᠭᠡᠳᠡᠭ ᠬᠦᠭᠡᠷᠦᠭᠦᠨ ᠦᠬᠢᠨ ᠵᠠᠶᠠᠭᠠᠵᠠᠢ᠃
ᠶᠠᠫᠤᠨ ᠤᠯᠤᠰ ᠲᠤ ᠲᠦᠷᠪᠡᠨ ᠵᠢᠯ ᠠᠵᠢᠯᠯᠠᠵᠤ ᠠᠮᠢᠳᠤᠷᠠᠨ ᠨᠢᠭᠡᠨᠳᠡ ᠢᠳᠡᠭᠡᠰᠢᠵᠦ ᠲᠠᠰᠤᠭᠰᠠᠨ ᠮᠦᠩᠭᠡᠳᠡᠯᠠᠢ ᠲᠡᠨᠳᠡ ᠪᠠᠨ ᠦᠯᠡᠳᠡᠬᠦ ᠪᠦᠷᠢᠨ ᠪᠤᠯᠤᠮᠵᠢ ᠲᠠᠢ᠃ ᠶᠠᠭᠠᠬᠢᠭᠠᠳ ᠨᠤᠳᠤᠭ ᠲᠠᠭᠠᠨ ᠪᠤᠴᠠᠭᠰᠠᠨ ᠲᠤᠬᠠᠢ ᠨᠢ ᠰᠤᠨᠢᠭᠤᠴᠢᠯᠠᠬᠤ ᠳᠤ ᠮᠦᠩᠭᠡᠳᠡᠯᠡᠢ᠄ ︽ᠠᠪᠤ ᠡᠵᠢ ᠳᠡᠭᠡᠨ ᠬᠠᠨᠢ ᠲᠡᠮ ᠪᠤᠯᠬᠤ᠂ ᠦᠷ᠎ᠠ ᠬᠡᠦᠭᠡᠳ ᠲᠡᠭᠡᠨ ᠮᠤᠩᠭᠤᠯ ᠠᠮᠢᠳᠤᠷᠠᠯ᠂ ᠮᠤᠩᠭᠤᠯ ᠰᠤᠶᠤᠯ ᠢᠶᠠᠨ ᠨᠡᠩ ᠭᠦᠨᠵᠡᠭᠡᠢ ᠤᠶᠢᠯᠠᠭᠠᠭᠤᠯᠬᠤ ᠵᠤᠷᠢᠯᠭ᠎ᠠ ᠪᠠᠷ ᠨᠤᠳᠤᠭ ᠢᠶᠠᠨ ᠵᠤᠷᠢᠯ᠎ᠠ︾ ᠭᠡᠵᠦ ᠶᠠᠷᠢᠵᠦ ᠪᠠᠶᠢᠯ᠎ᠠ᠃ ᠬᠠᠵᠠᠭᠤ ᠶᠢᠨ ᠦᠷᠦᠭᠡᠨ ᠳᠤ ᠬᠡᠦᠭᠡᠨ ᠢᠶᠠᠨ ᠪᠦᠪᠡᠶᠢᠯᠡᠵᠦ ᠪᠠᠶᠢᠭᠰᠠᠨ ᠲᠠᠨᠠᠺᠠᠨ ᠪᠢᠳᠡᠨ ᠲᠠᠢ ᠮᠡᠨᠳᠦᠴᠢᠯᠡᠨ ᠵᠤᠯᠭᠠᠵᠤ᠂ ᠮᠦᠰᠢᠶᠡᠩᠭᠦᠢ ᠴᠢᠷᠠᠶᠢᠯᠠᠨ ᠴᠠᠢ ᠤᠰᠤ ᠲᠦᠭᠦᠭᠡᠷᠦᠨᠠ᠃ ᠴᠠᠭᠠᠨ ᠲᠡᠪᠡᠯ᠂ ᠬᠠᠷ᠎ᠠ ᠦᠮᠦᠳᠦ᠂ ᠬᠠᠷ᠎ᠠ ᠭᠤᠳᠤᠯ ᠲᠠᠢ ᠲᠠᠨᠠᠺᠠᠨ ᠢ ᠠᠵᠢᠠᠠᠯᠠᠪᠠᠯ ᠭᠡᠭᠡ ᠴᠠᠭᠠᠬᠠᠨ ᠴᠢᠷᠠᠢ ᠲᠠᠢ᠂ ᠰᠤᠭᠤ ᠰᠢᠭ᠋ ᠰᠠᠶᠢᠬᠠᠨ ᠪᠡᠶ᠎ᠠ ᠲᠠᠢ᠃
ᠠᠪᠤ ᠡᠵᠢ ᠡᠯᠢᠭᠡᠨ ᠰᠠᠳᠤᠨ ᠠᠴᠠ ᠪᠠᠨ ᠰᠠᠯᠵᠤ᠂ ᠦᠭᠡ ᠬᠡᠯᠡ ᠨᠡᠪᠳᠡᠷᠡᠬᠦ ᠦᠭᠡᠢ ᠬᠠᠷᠢ ᠤᠯᠤᠰ ᠬᠦᠨᠳᠡᠯᠡᠨ ᠤ ᠨᠤᠳᠤᠭ ᠲᠤ ᠠᠮᠢᠳᠤᠷᠠᠨ᠎ᠠ ᠭᠡᠭᠴᠢ ᠪᠤᠳᠤᠬᠤ ᠠᠴᠠ ᠬᠠᠯᠠᠰᠢᠷᠠᠮᠠᠷ ᠶᠠᠪᠤᠳᠠᠯ᠂ ᠭᠡᠳᠡᠯ᠎ᠠ ᠬᠠᠶᠢᠷ᠎ᠠ ᠡᠨᠡ ᠪᠦᠬᠦᠨ ᠤ ᠪᠠᠳᠤ ᠬᠡᠯᠬᠢᠶᠡᠰᠤ ᠪᠤᠯᠵᠠᠢ᠃ ᠮᠦᠩᠭᠡᠳᠡᠯᠡᠢ ᠶᠠᠫᠤᠨ ᠠᠴᠠ ᠢᠷᠡᠬᠦ ᠠᠴᠠ ᠡᠮᠦᠨ᠎ᠠ ᠬᠠᠳᠠᠮ ᠠᠪᠤ ᠡᠵᠢ ᠲᠠᠢ ᠪᠠᠨ ᠵᠤᠯᠭᠠᠵᠤ ᠨᠤᠳᠤᠭ ᠲᠠᠭᠠᠨ ᠪᠤᠴᠠᠬᠤ ᠰᠠᠨᠠᠭ᠎ᠠ ᠪᠠᠨ ᠴᠤᠬᠤᠶᠢᠯᠭᠠᠬᠤ ᠳᠤ ᠬᠠᠳᠠᠮ ᠡᠵᠢ ᠨᠢ ᠬᠡᠦᠭᠡᠨ ᠤ ᠪᠠᠨ ᠲᠦᠯᠦᠭᠡ ᠰᠠᠨᠠᠭ᠎ᠠ ᠪᠤᠯᠵᠤ ᠪᠠᠶᠢᠭᠰᠠᠨ ᠴᠦ ᠡᠴᠤᠰ ᠲᠡᠭᠡᠨ ᠬᠡᠦᠭᠡᠨ ᠤ ᠪᠠᠨ ᠰᠤᠩᠭᠤᠯᠳᠠ ᠶᠢ ᠲᠡᠮᠵᠢᠵᠡᠢ᠃ ᠨᠢᠳᠤᠨᠤᠨ ᠨᠠᠮᠤᠷ ᠬᠠᠳᠠᠮ ᠠᠪᠤ ᠡᠵᠢ ᠨᠢ ᠪᠠᠷᠠᠭᠤᠨ ᠦᠵᠦᠮᠦᠴᠢᠨ ᠬᠤᠰᠢᠭᠤ ᠪᠠᠷ ᠢᠷᠡᠭᠡᠳ ᠬᠡᠦᠭᠡᠨ ᠤ ᠪᠠᠨ ᠮᠤᠩᠭᠤᠯ ᠨᠤᠳᠤᠭ ᠲᠠᠬᠢ ᠠᠮᠢᠳᠤᠷᠠᠯ ᠢ ᠬᠠᠷᠠᠭᠠᠳ ᠰᠠᠨᠠᠭ᠎ᠠ ᠠᠮᠤᠷ ᠪᠤᠴᠠᠭᠰᠠᠨ ᠭᠡᠳᠡᠭ᠃
ᠲᠠᠨᠠᠺᠠᠨ ᠠᠩᠬ᠎ᠠ ᠢᠷᠡᠬᠦ ᠳᠡᠭᠡᠨ ᠦᠵᠦᠮᠦᠴᠢᠨ ᠨᠤᠳᠤᠭ ᠤᠨ ᠠᠶᠢᠪᠤᠭᠤ ᠲᠠᠶᠢᠪᠤᠭᠤ ᠠᠮᠢᠳᠤᠷᠠᠯ ᠤᠨ ᠠᠶᠢᠵᠠᠮ᠂ ᠡᠪᠤᠯ ᠳᠡᠭᠡᠨ ᠬᠠᠬᠢᠷ ᠬᠦᠢᠳᠡᠨ ᠠᠭᠤᠷ ᠠᠮᠢᠰᠬᠤᠯ ᠲᠠᠢ ᠵᠤᠬᠢᠴᠠᠬᠤ ᠦᠭᠡᠢ ᠰᠢᠭ᠋ ᠪᠠᠶᠢᠭᠰᠠᠨ ᠢᠶᠠᠨ ᠤᠳᠤ ᠠᠭᠠᠵᠢᠮ ᠢᠶᠠᠷ ᠲᠠᠳᠴᠤ᠂ ᠰᠦ ᠲᠠᠢ ᠴᠠᠢ᠂ ᠬᠤᠨᠢ ᠦᠭᠡᠷ ᠤᠨ ᠮᠢᠬ᠎ᠠ᠂ ᠮᠤᠩᠭᠤᠯ ᠪᠤᠤᠵᠠ ᠢᠳᠡᠬᠦ ᠲᠤᠷᠠᠳᠠᠢ ᠪᠦᠭᠡᠳ ᠡᠳᠡᠭᠡᠷ ᠢ ᠬᠢᠵᠦ ᠴᠢᠳᠠᠬᠤ ᠪᠤᠯᠵᠠᠢ᠃ ᠤᠳᠤ ᠪᠤᠯᠬᠤ ᠳᠤ᠂ ᠲᠠᠨᠠᠺᠠᠨ ︵ᠮᠤᠩᠭᠤᠯ ᠨᠡᠷ᠎ᠠ ᠨᠢ ᠨᠠᠷᠠᠩᠭᠤᠸ᠎ᠠ︶ ᠡᠳᠦᠷ ᠲᠤᠳᠤᠮ ᠤᠨ ᠠᠮᠢᠳᠤᠷᠠᠯ ᠳᠤ ᠶᠠᠷᠢᠬᠳᠠᠬᠤ ᠮᠤᠩᠭᠤᠯ ᠦᠭᠡ ᠶᠢ ᠨᠡᠯᠢᠶᠡᠳ ᠤᠶᠢᠯᠠᠭᠠᠬᠤ ᠪᠤᠯᠤᠭᠰᠠᠨ ᠮᠦᠷᠳᠡᠭᠡᠨ ᠬᠦᠳᠡᠭᠡ ᠨᠤᠳᠤᠭ ᠤᠨ ᠠᠮᠢᠳᠤᠷᠠᠯ ᠳᠤ ᠲᠠᠰᠴᠤ᠂ ᠮᠤᠩᠭᠤᠯ ᠵᠠᠩ ᠵᠠᠩᠰᠢᠯ᠂ ᠦᠰᠦᠭ ᠪᠢᠴᠢᠭ᠂ ᠤᠶᠤᠳᠠᠯ ᠦᠢᠯᠡ ᠶᠢ ᠮᠠᠰᠢ ᠬᠢᠴᠢᠶᠡᠩᠭᠦᠢ ᠰᠤᠷᠤᠯᠴᠠᠵᠤ ᠪᠤᠢ᠃
ᠶᠠᠫᠤᠨ ᠬᠡᠯᠡ ᠪᠠᠷ ᠶᠠᠷᠢᠴᠢᠬᠠᠳᠠᠭ ᠬᠠᠮᠳᠤ ᠠᠵᠢᠯᠯᠠᠭᠴᠢ ᠮᠠᠨᠢ ᠲᠠᠨᠠᠺᠠᠨ ᠲᠠᠢ ᠵᠤᠭᠤᠭᠳᠠᠬᠤ ᠳᠤ ᠲᠡᠷᠡ ᠦᠭᠡ ᠨᠡᠪᠳᠡᠷᠡᠳᠡᠭ ᠨᠢᠭᠡᠨ ᠲᠠᠢ ᠬᠠᠷᠭᠤᠭᠰᠠᠨ ᠤ ᠬᠢ ᠦᠦ᠂ ᠡᠰᠡᠭᠦᠯ᠎ᠠ ᠠᠪᠤ ᠡᠵᠢ ᠡᠯᠢᠭᠡᠨ ᠰᠠᠳᠤᠨ ᠢᠶᠠᠨ ᠰᠠᠨᠠᠭᠠᠯᠵᠠᠭᠰᠠᠨ ᠤ ᠬᠢ ᠦᠦ ᠦᠪᠡᠷ ᠤᠨ ᠡᠷᠭᠡ ᠦᠭᠡᠢ ᠨᠢᠯᠪᠤᠰᠤ ᠴᠢᠢᠯᠡᠭᠡᠨᠡᠭᠦᠯᠦᠯᠠ᠃ ︽ᠪᠢ ᠭᠡᠷ ᠪᠦᠯᠢ ᠪᠠᠶᠢᠭᠤᠯᠬᠤ ᠨᠢᠭᠡ ᠯᠡ ᠰᠡᠳᠭᠢᠯ ᠢᠶᠠᠷ ᠠᠳᠡ ᠢᠷᠡᠭᠰᠡᠨ᠂ ᠠᠳᠡ ᠶᠠᠫᠤᠨ ᠲᠠᠢ ᠡᠷᠡᠰ ᠤᠨᠳᠤᠤ ᠪᠠᠶᠢᠭᠠᠯᠢ ᠠᠬᠤᠢ ᠪᠤᠯᠪᠠᠴᠤ ᠠᠳᠡᠬᠢ ᠪᠠᠶᠢᠭᠠᠯᠢ ᠶᠢᠨ ᠰᠠᠶᠢᠬᠠᠨ ᠳᠤ ᠪᠦᠪᠡᠶᠢᠯᠡᠭᠳᠡᠨ ᠡᠳᠦᠷ ᠪᠤᠯᠭᠠᠨ ᠵᠢᠷᠭᠠᠯ ᠲᠠᠢ ᠠᠮᠢᠳᠤᠷᠠᠵᠤ ᠪᠤᠢ᠃ ᠮᠢᠨᠦ ᠵᠠᠩ ᠴᠢᠨᠠᠷ ᠤᠨ ᠬᠤᠪᠢ ᠳᠤ ᠡᠶᠢᠮᠦᠷᠬᠦᠦ ᠪᠠᠶᠢᠭᠠᠯᠢ ᠠᠬᠤᠢ ᠨᠢ ᠢᠯᠡᠭᠦᠦ ᠲᠤᠬᠢᠷᠠᠬᠤ ᠰᠢᠭ᠋ ᠪᠠᠶᠢᠨ᠎ᠠ︾ ᠭᠡᠵᠦ ᠲᠠᠨᠠᠺᠠᠨ ᠪᠤᠳᠤᠯ ᠢᠶᠠᠨ ᠲᠡᠯᠭᠡᠨ᠎ᠠ᠃
︽ᠮᠢᠨᠦ ᠬᠡᠦᠭᠡᠨ ᠬᠤᠵᠢᠮ ᠮᠤᠩᠭᠤᠯ᠂ ᠬᠢᠳᠠᠳ᠂ ᠶᠠᠫᠤᠨ ᠬᠡᠯᠡ ᠶᠢ ᠠᠶᠠᠨᠳᠠᠭᠠᠨ ᠰᠤᠷᠴᠢᠬᠠᠨ᠎ᠠ᠂ ᠠᠩᠭ᠍ᠯᠢ ᠬᠡᠯᠡ ᠰᠤᠷᠬᠤ ᠲᠠᠢ ᠪᠠᠨ ᠨᠠᠭᠠᠳᠤ ᠵᠠᠬ᠎ᠠ ᠨᠢ ᠲᠦᠷᠪᠡᠨ ᠬᠡᠯᠡ ᠲᠠᠢ ᠬᠦᠮᠦᠨ ᠪᠤᠯᠵᠤ ᠬᠦᠮᠦᠵᠢᠭᠳᠡᠨᠠ︾ ᠭᠡᠵᠦ ᠵᠤᠷᠢᠭᠳᠤ ᠬᠠᠰᠴᠢᠮᠡᠭ ᠬᠤᠶᠠᠭᠤᠯᠠ ᠬᠤᠷᠠᠭᠠᠨ ᠦᠰᠦ ᠲᠠᠢ ᠬᠦᠬᠡᠷᠦᠭᠦᠨ ᠤᠮᠪᠤᠯᠤ ᠪᠠᠨ ᠡᠯᠢᠭᠡᠨ ᠳᠡᠭᠡᠨ ᠡᠷᠭᠡᠯᠡᠭᠦᠯᠦᠨ ᠶᠠᠷᠢᠵᠦ ᠪᠢᠯᠡ᠃
ᠮᠦᠩᠭᠡᠳᠡᠯᠡᠢ ᠶᠢᠨ ᠠᠪᠤ ᠨᠢ ᠵᠤᠷᠢᠭᠳᠤ ᠭᠠᠴᠠᠭᠠᠨ ᠱᠦᠵᠢ ᠪᠠᠷ 12 ᠵᠢᠯ ᠠᠵᠢᠯᠯᠠᠵᠤ᠂ ᠭᠠᠴᠠᠭᠠᠨ ᠤ ᠮᠠᠯᠴᠢᠳ ᠢᠶᠠᠨ ᠲᠠᠭᠠᠭᠤᠯᠤᠨ ᠮᠠᠯ ᠪᠡᠯᠴᠢᠭᠡᠷ ᠤᠨ ᠲᠡᠩᠴᠡᠭᠦᠷᠢ ᠶᠢ ᠪᠠᠳᠤᠯᠠᠬᠤ᠂ ᠪᠦᠳᠦᠭᠡᠨ ᠪᠠᠶᠢᠭᠤᠯᠤᠯᠳᠠ ᠬᠢᠬᠦ᠂ ᠪᠠᠶᠠᠵᠢᠭᠤᠯᠤᠨ ᠴᠢᠨᠡᠭᠡᠯᠢᠭᠵᠢᠭᠦᠯᠬᠦ ᠲᠠᠯ᠎ᠠ ᠪᠠᠷ ᠬᠦᠴᠦᠨ ᠵᠢᠳᠭᠦᠯ ᠢᠶᠠᠨ ᠦᠵᠡᠭᠦᠯᠦᠨ᠂ 2015 ᠤᠨ ᠳᠤ ᠲᠤᠰᠢᠶᠠᠯ ᠢᠶᠠᠨ ᠰᠤᠯᠠᠯᠠᠵᠠᠢ᠃ ᠡᠵᠢ ᠨᠢ ᠬᠠᠰᠴᠢᠮᠡᠭ ᠲᠤᠰ ᠬᠤᠭᠤᠴᠠᠭᠠᠨ ᠤ ᠪᠠᠷᠠᠭᠤᠨ ᠦᠵᠦᠮᠦᠴᠢᠨ ᠬᠤᠰᠢᠭᠤᠨ ᠤ ᠠᠷᠠᠳ ᠤᠨ ᠲᠦᠯᠦᠭᠡᠯᠡᠭᠴᠢ ᠪᠠᠷ ᠰᠤᠩᠭᠤᠭᠳᠠᠵᠤ᠂ ᠮᠠᠯᠴᠢᠳ ᠤᠨ ᠢᠶᠠᠨ ᠡᠮᠦᠨ᠎ᠠ ᠠᠴᠠ ᠰᠠᠨᠠᠯ ᠲᠤᠷᠠᠳᠤᠯᠭ᠎ᠠ ᠪᠠᠨ ᠢᠳᠡᠪᠬᠢᠳᠡᠢ ᠲᠡᠪᠰᠢᠭᠦᠯᠦᠨᠠ᠃ ᠲᠡᠳᠡ 3000 ᠭᠠᠷᠤᠢ ᠮᠦ ᠨᠤᠳᠤᠭ ᠲᠠᠭᠠᠨ 600 ᠭᠠᠷᠤᠢ ᠪᠤᠭ ᠮᠠᠯ᠂ 30 ᠭᠠᠷᠤᠢ ᠪᠤᠳᠠ ᠮᠠᠯ ᠮᠠᠯᠵᠢᠵᠤ᠂ ᠴᠠᠭ ᠤᠨ ᠰᠠᠶᠢᠬᠠᠨ ᠳᠤ᠂ ᠦᠷ᠎ᠠ ᠶᠢᠨ ᠢᠶᠠᠨ ᠰᠠᠶᠢᠨ ᠢ ᠦᠵᠡᠨ ᠵᠢᠷᠭᠠᠯᠳᠠᠢ ᠠᠮᠢᠳᠤᠷᠠᠨ᠎ᠠ᠃
ᠮᠦᠩᠭᠡᠳᠡᠯᠡᠢ ᠨᠤᠳᠤᠭ ᠲᠠᠭᠠᠨ ᠪᠤᠴᠠᠭᠰᠠᠨ ᠤ ᠲᠠᠷᠠᠭ᠎ᠠ ᠦᠨᠳᠦᠷ ᠲᠤᠮᠳᠠᠳᠤ ᠶᠢᠨ ᠲᠡᠭᠦᠰᠬᠦ ᠰᠤᠷᠤᠭᠴᠢᠳ ᠲᠤ ᠮᠡᠷᠭᠡᠵᠢᠯ ᠤᠨ ᠵᠦᠪᠯᠡᠯᠭᠡ ᠦᠭᠬᠦ ᠶᠢᠨ ᠲᠠᠭᠠᠦ ᠬᠦᠳᠡᠭᠡ ᠨᠤᠳᠤᠭ ᠲᠠᠭᠠᠨ ᠮᠠᠯᠵᠢᠬᠤ ᠦᠢᠯᠡᠳᠪᠦᠷᠢᠯᠡᠯ ᠢᠶᠠᠨ ᠡᠵᠡᠩᠨᠡᠨ᠂ ᠭᠡᠷᠭᠡᠢ ᠲᠠᠨᠠᠺᠠᠨ ᠲᠠᠢ ᠪᠠᠨ ᠵᠢᠷᠭᠠᠯᠳᠤ ᠠᠮᠢᠳᠤᠷᠠᠯ ᠢᠶᠠᠨ ᠴᠤᠭᠴᠠᠯᠠᠵᠤ ᠶᠠᠪᠤᠨ᠎ᠠ᠃ ᠵᠣᠬᠢᠶᠠᠭᠴᠢ᠄ ᠪᠣᠣ ᠨᠠᠷᠠᠨᠳᠤᠶᠠᠭ᠎ᠠ ᠳᠡᠯᠭᠡᠷᠭᠦᠦ