-
138783
ᠮᠤᠩᠭᠤᠯ ᠭᠡᠵᠤ ᠂ ᠂ ᠂
2018-10-27 10:57
370
1
ᠮᠤᠩᠭᠤᠯ ᠭᠡᠵᠦ ᠂ ᠂ ᠂
ᠮᠤᠩᠭᠤᠯ ᠭᠡᠵᠤ
ᠴᠢᠩᠭᠢᠰ ᠤᠨ ᠦᠶ᠎ᠡ ᠶᠢᠨ
ᠳᠠᠶᠢᠰᠤᠩᠨᠠᠯ ᠤᠰᠠᠳᠬᠠᠭᠰᠠᠨ ᠳᠡᠯᠡᠬᠡᠢ ᠶᠢᠨ ᠨᠢᠭᠡᠳᠦᠯ
ᠮᠤᠩᠭᠤᠯ ᠭᠡᠵᠦ
ᠴᠢᠩᠭᠢᠰ ᠡᠴᠡ ᠬᠤᠶᠢᠰᠢᠬᠢ
ᠴᠢᠰᠤ ᠤᠷᠤᠰᠬᠠᠭᠰᠠᠨ ᠰᠢᠨᠤᠯ ᠤᠨ ᠵᠠᠳᠠᠷᠠᠯ
ᠮᠤᠩᠭᠤᠯ ᠭᠡᠵᠦ
ᠤᠷᠴᠢᠨ ᠦᠶ᠎ᠡ ᠶᠢᠨ ᠤᠷᠤᠰ ᠢ ᠪᠤᠰᠬᠠᠭᠰᠠᠨ ᠦᠷᠭᠡᠨ ᠨᠤᠲᠤᠭ
ᠮᠤᠩᠭᠤᠯ ᠭᠡᠵᠤ
ᠤᠳᠦ ᠴᠠᠭ ᠤᠨ ᠭᠢᠳᠠᠳ ᠢ ᠲᠡᠯᠡᠭᠰᠡᠨ ᠠᠭᠤᠳᠠᠮ ᠬᠢᠵᠠᠭᠠᠷ
ᠮᠤᠩᠭᠤᠯ ᠭᠡᠵᠤ
ᠬᠦᠮᠦᠨ ᠪᠠᠶᠢᠭᠠᠯᠢ ᠶᠢᠨ ᠵᠤᠬᠢᠴᠠᠯ ᠢ ᠳᠡᠭᠡᠳᠦᠯᠡᠭᠰᠡᠨ ᠠᠭᠤᠤ ᠤᠬᠠᠭᠠᠨ
ᠮᠤᠩᠭᠤᠯ ᠭᠡᠵᠤ
ᠬᠦᠷᠦᠰᠦᠳᠦ ᠤᠷᠴᠢᠯᠠᠩ ᠤᠨ ᠵᠢᠮ᠎ᠡ ᠲᠠᠢ ᠵᠡᠷᠭᠡᠴᠡᠭᠰᠡᠨ
ᠡᠭᠡᠯᠬᠡᠨ ᠶᠠᠰᠤᠲᠠᠨ
2018.10.13
ᠰᠢᠯᠢ ᠶᠢᠨ ᠬᠤᠳᠠ ᠳ᠋ᠥ