-
9672
ᠰᠤᠯᠠ ᠲᠡᠮᠳᠡᠭᠯᠡᠯ
2016-10-27 21:29
243
1
ᠲᠡᠷᠡ ᠡᠳᠦᠷ ᠪᠢ ᠬᠡᠦᠬᠡᠨ ᠢᠶᠡᠨ ᠦᠵᠡᠬᠦ ᠪᠡᠷ ᠬᠦᠬᠡᠬᠤᠲᠠ ᠣᠷᠣᠯ᠎ᠠ ᠃ ᠦᠪᠦᠷ ᠮᠣᠩᠭᠣᠯ ᠤᠨ ᠶᠡᠬᠡ ᠰᠤᠷᠭᠠᠭᠤᠯᠢ ᠶᠢᠨ ᠬᠦᠷᠢᠶᠡᠨ ᠳᠦ ᠮᠠᠰᠢ ᠤᠯᠠᠨ ᠡᠵᠡᠨ ᠦᠭᠡᠢ ᠬᠠᠶᠠᠭᠳᠠᠭᠰᠠᠨ ᠨᠣᠬᠠᠢ ᠬᠠᠷᠠᠭᠳᠠᠳᠠᠭ ᠃ ᠪᠢᠳᠡ ᠭᠡᠷ ᠢᠶᠡᠷ ᠢᠶᠡᠨ ᠨᠣᠬᠠᠢ ᠳᠤ ᠬᠠᠶᠢᠷᠠᠲᠠᠢ ᠪᠠᠶᠢᠳᠠᠭ ᠲᠤᠯᠠ ᠪᠢ ᠲᠡᠳᠡᠭᠡᠷ ᠨᠣᠬᠠᠢ ᠶᠢ ᠲᠤᠶᠢᠯ ᠢᠶᠠᠷ ᠦᠷᠦ ᠡᠪᠡᠳᠦᠳᠡᠭ ᠃ ᠲᠡᠷᠡ ᠡᠳᠦᠷ ᠪᠢ ᠰᠤᠷᠭᠠᠭᠤᠯᠢ ᠶᠢᠨ ᠵᠡᠭᠦᠨ ᠲᠠᠯ᠎ᠠ ᠳᠤ ᠪᠠᠶᠢᠭ᠎ᠠ ᠰᠢᠶᠠᠩ ᠵᠢᠶᠠᠩ ᠶᠡᠬᠡ ᠪᠠᠭᠤᠳᠠᠯ ᠳᠤ ᠭᠡᠷ ᠠᠪᠴᠤ ᠪᠢᠯᠡ ᠃ ᠳᠠᠷᠠᠭ᠎ᠠ ᠦᠷᠯᠦᠭᠡ ᠡᠷᠲᠡ ᠨᠢ ᠪᠢ ᠰᠤᠷᠭᠠᠭᠤᠯᠢ ᠶᠢᠨ ᠬᠦᠷᠢᠶᠡᠨ ᠳᠦ ᠪᠠᠶᠢᠭ᠎ᠠ ᠪᠠᠶᠠᠨ ᠵᠤᠰᠠᠭᠠᠯ ᠮᠤᠩᠭᠤᠯ ᠬᠤᠭᠤᠯᠠᠨ ᠭᠡᠷ ᠡᠴᠡ ᠰᠦ ᠲᠠᠢ ᠴᠠᠢ ᠪᠤᠯᠤᠨ ᠪᠤᠭᠤᠷᠰᠤᠭ
ᠠᠪᠤᠭᠠᠳ ᠶᠠᠪᠠᠭᠠᠨ ᠬᠦᠮᠦᠨ ᠦᠩᠭᠡᠷᠡᠬᠦ ᠬᠦᠭᠡᠷᠭᠡᠨ ᠳᠡᠭᠡᠭᠦᠷ ᠶᠠᠪᠤᠵᠤ ᠪᠠᠶᠢᠲᠠᠯ᠎ᠠ ᠬᠠᠵᠠᠭᠤ ᠪᠠᠷ ᠨᠢᠭᠡᠨ ᠬᠠᠷ᠎ᠠ ᠦᠰᠦ ᠲᠠᠢ ᠪᠠᠭᠠᠯ ᠦᠩᠭᠡᠷᠡᠨ ᠭᠠᠷᠤᠯ᠎ᠠ ᠃ ᠪᠢ ᠬᠤᠷᠲᠤᠬᠠᠨ ᠬᠤᠶᠢᠨ᠎ᠠ ᠠᠴᠠ ᠨᠢ ᠬᠦᠷᠴᠦ ᠤᠴᠢᠭᠠᠳ ᠪᠤᠭᠤᠷᠰᠤᠭ ᠠᠴᠠ ᠪᠠᠨ ᠨᠢᠭᠡ ᠶᠢ ᠬᠠᠶᠠᠵᠤ ᠥᠭᠪᠡ ᠃ ᠲᠡᠷᠡ ᠠᠮᠠᠨ ᠳᠤ ᠪᠠᠨ ᠡᠮᠬᠦᠵᠦ ᠠᠪᠤᠭᠠᠳ ᠳᠠᠬᠢᠨ ᠭᠠᠷᠭᠠᠨ ᠳᠣᠣᠷ᠎ᠠ ᠲᠠᠯᠪᠢᠭᠠᠳ ᠨᠠᠮ᠎ᠠ ᠶᠢ ᠬᠠᠷᠠᠨ᠎ᠠ ᠃ ᠪᠢ ᠲᠡᠭᠦᠨ ᠢ ᠬᠡᠰᠡᠭ ᠬᠠᠷᠠᠵᠤ ᠵᠤᠭᠰᠤᠭᠠᠳ ᠴᠢᠨᠠᠭᠰᠢ ᠶᠠᠪᠤᠯ᠎ᠠ ᠃ ᠲᠡᠷᠡ ᠬᠣᠶᠢᠨᠠ ᠠᠴᠠ ᠪᠤᠭᠤᠷᠰᠤᠭ ᠢᠶᠠᠨ ᠵᠠᠭᠤᠭᠠᠳ ᠮᠢᠨᠦ ᠬᠠᠵᠠᠭᠤ ᠪᠠᠷ ᠦᠩᠭᠡᠷᠡᠨ ᠭᠠᠷᠬᠤ ᠳᠤ ᠪᠠᠨ ᠪᠠᠰᠠ ᠨᠠᠮ᠎ᠠ ᠶᠢ ᠨᠢᠭᠡ ᠬᠠᠷᠠᠭᠠᠳ ᠶᠠᠪᠤᠯ᠎ᠠ ᠃ ᠪᠢ ᠲᠡᠭᠦᠨ ᠦ ᠬᠠᠮᠢᠭᠠᠰᠢ ᠶᠠᠪᠤᠬᠤ ᠶᠢ ᠨᠢ ᠬᠤᠶᠢᠨ᠎ᠠ ᠠᠴᠠ ᠨᠢ ᠬᠠᠷᠠᠵᠤ ᠪᠠᠶᠢᠪᠠ ᠃ ᠲᠡᠷᠡ ᠬᠦᠭᠡᠷᠭᠡ ᠪᠡᠷ ᠪᠠᠭᠤᠭᠠᠳ ᠂ ᠵᠠᠮ ᠤᠨ ᠬᠠᠵᠠᠭᠤ ᠳ᠋ᠡᠬᠢ ᠪᠠᠷᠢᠯᠭ᠎ᠠ ᠶᠢᠨ ᠭᠠᠵᠠᠷ ᠬᠦᠷᠴᠦ ᠰᠢᠷᠤᠢ ᠶᠢᠨ ᠣᠪᠣᠭ᠎ᠠ ᠳᠣᠲᠣᠷ᠎ᠠ ᠪᠤᠭᠤᠷᠰᠤᠭ ᠢᠶᠠᠨ ᠪᠤᠯᠠᠵᠤ ᠲᠠᠯᠪᠢᠭᠠᠳ ᠶᠠᠪᠤᠴᠢᠬᠠᠯ᠎ᠠ ᠃ ᠲᠡᠷᠡ ᠡᠳᠦᠷ ᠨᠢ ᠪᠢ ᠨᠠᠰᠢ ᠴᠠᠰᠢ ᠶᠠᠪᠤᠬᠤ ᠳᠤ ᠪᠠᠨ ᠡᠷᠬᠡ ᠦᠭᠡᠢ ᠰᠢᠷᠤᠢ ᠶᠢᠨ ᠣᠪᠣᠭ᠎ᠠ ᠲᠡᠶᠢᠰᠢ ᠬᠠᠷᠠᠵᠤ ᠦᠵᠡᠳᠡᠭ ᠃ ᠰᠢᠷᠤᠢ ᠶᠢᠨ ᠣᠪᠣᠭ᠎ᠠ ᠬᠦᠳᠡᠯᠴᠢᠬᠡᠭᠰᠡᠨ ᠪᠠᠶᠢᠨ᠎ᠠ ᠃ ᠬᠦᠭᠡᠷᠦᠬᠦᠢ ᠲᠡᠷᠡ ᠪᠢᠴᠢᠬᠠᠨ ᠠᠮᠢᠲᠠᠨ ᠪᠤᠭᠤᠷᠰᠤᠭ ᠢᠶᠠᠨ ᠳᠠᠬᠢᠵᠤ ᠡᠷᠢᠵᠦ ᠣᠯᠣᠭᠰᠠᠨ ᠴᠦ ᠪᠤᠯ ᠦᠦ ︖
-
2016-10-27
ᠬᠡᠳᠦ ᠬᠡᠳᠦᠨ ᠪᠤᠷᠤᠭᠤ ᠦᠰᠦᠭ ᠭᠠᠷᠴᠢᠬᠠᠪᠠ᠃ᠵᠠᠰᠠᠭᠠᠳ ᠵᠠᠰᠠᠵᠤ ᠳᠡᠢᠯᠦᠭᠰᠡᠨ ᠦᠭᠡᠢ ᠃