 

ᠠᠮᠢᠳᠠᠨ ᠤ ᠬᠦᠨᠳᠤ ᠶᠡᠭᠡ ᠬᠡᠮ ᠬᠢᠵᠢᠭ ᠎ ᠢ ᠰᠡᠷᠬᠡᠶᠢᠯᠡᠨ ᠵᠠᠰᠠᠬᠤ ᠎ ᠲᠠᠢ ᠬᠤᠯᠪᠤᠭᠳᠠᠭᠰᠠᠨ ᠮᠡᠳᠡᠯᠬᠡ  ᠤᠳ

2019-05-17 10:01
  300
  0
 
 
 
 
    1. ᠶᠠᠭᠤ ᠶᠢ ᠨᠢᠬᠡᠳᠤᠭᠡᠷ᠂ ᠬᠤᠶᠠᠳᠤᠭᠠᠷ᠂ ᠭᠤᠷᠪᠠᠳᠤᠭᠠᠷ ᠲᠦᠷᠦᠯ ᠤᠨ ᠬᠢᠵᠢᠭ ᠬᠡᠬᠦ ᠪᠤᠢ︖ 
     ᠠᠮᠢᠳᠠᠨ ᠤ ᠬᠢᠵᠢᠭ ᠤᠨ ᠬᠡᠮ ᠡᠬᠦᠰᠭᠡᠭᠴᠢ ᠮᠢᠺᠷᠤᠪ ᠤᠨ ᠬᠤᠤᠷ ᠬᠦᠨᠦᠬᠡᠯ ᠤᠨ ᠬᠡᠮᠵᠢᠶ᠎ᠡ ᠶᠢ ᠦᠨᠳᠤᠰᠤᠯᠡᠵᠦ᠂ 
ᠠᠮᠢᠳᠠᠨ ᠤ ᠬᠢᠵᠢᠭ ᠢ ᠳᠤᠤᠷᠠᠬᠢ ᠮᠡᠳᠤ ᠭᠤᠷᠪᠠᠨ ᠲᠦᠷᠦᠯ ᠬᠤᠪᠢᠶᠠᠳᠠᠭ᠄ 
    ᠨᠢᠬᠡᠳᠤᠭᠡᠷ ᠲᠦᠷᠦᠯ ᠤᠨ ᠬᠢᠵᠢᠭ   ᠡᠨᠡ ᠨᠢ ᠬᠦᠮᠤᠨ ᠪᠤᠯᠤᠨ ᠠᠮᠢᠳᠠᠨ ᠳᠤ ᠬᠦᠨᠳᠤ ᠨᠤᠴᠢᠲᠠᠢ
ᠬᠤᠤᠷ ᠬᠦᠨᠦᠬᠡᠯ ᠲᠠᠢ ᠪᠦᠬᠡᠳ ᠡᠷᠡᠰ ᠴᠢᠩᠭ᠎ᠠ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠤ ᠤᠷᠢᠳᠴᠢᠯᠠᠨ ᠰᠡᠷᠭᠡᠶᠢᠯᠡᠬᠦ᠂ ᠡᠵᠡᠮᠳᠡᠨ ᠬᠤᠷᠢᠭᠯᠠᠬᠤ᠂  ᠠᠯᠠᠵᠦ ᠤᠰᠠᠳᠬᠠᠬᠤ ᠬᠢᠵᠢᠭ ᠢ ᠵᠢᠭᠠᠵᠦ ᠪᠠᠶᠢᠨ᠎ᠠ᠃ 
    ᠬᠤᠶᠠᠳᠤᠭᠠᠷ ᠲᠦᠷᠦᠯ ᠤᠨ ᠬᠢᠵᠢᠭ   ᠡᠨᠡ  ᠨᠢ ᠬᠦᠨᠳᠤ ᠶᠡᠭᠡ ᠠᠵᠦ ᠠᠬᠤᠢ ᠶᠢᠨ ᠬᠤᠬᠢᠷᠠᠯ ᠤᠴᠠᠷᠠᠭᠤᠯᠵᠦ ᠮᠡᠳᠡᠬᠦ ᠪᠦᠭᠡᠳ ᠴᠢᠩᠭ᠎ᠠ ᠬᠢᠵᠠᠭᠠᠷᠯᠠᠬᠤ ᠪᠠ ᠠᠯᠠᠵᠦ ᠤᠰᠠᠳᠬᠠᠬᠤ ᠵᠡᠷᠬᠡ ᠠᠷᠭ᠎ᠠ ᠶᠢ ᠠᠪᠴᠤ᠂ ᠦᠷᠪᠢᠰᠤᠨ ᠳᠡᠯᠬᠡᠷᠡᠬᠦ ᠶᠢ ᠨᠢ 
ᠰᠡᠷᠭᠡᠶᠢᠯᠡᠬᠦ ᠬᠢᠵᠢᠭ ᠢ ᠵᠢᠭᠠᠵᠦ ᠪᠠᠶᠢᠨ᠎ᠠ᠃ 
    ᠭᠤᠷᠪᠠᠳᠤᠭᠠᠷ ᠲᠦᠷᠦᠯ ᠤᠨ ᠬᠢᠵᠢᠭ   ᠡᠨᠡ  ᠨᠢ ᠦᠷᠬᠦᠯᠵᠢ ᠲᠤᠬᠢᠶᠠᠯᠳᠤᠳᠠᠭ ᠪᠠ ᠤᠯᠠᠨᠳᠠ ᠡᠬᠦᠰᠴᠤ᠂ 
ᠬᠦᠨᠳᠤ ᠶᠡᠭᠡ ᠠᠵᠦ ᠠᠬᠤᠢ ᠶᠢᠨ ᠬᠤᠬᠢᠷᠠᠯ ᠤᠴᠠᠷᠠᠭᠤᠯᠵᠦ ᠮᠡᠳᠡᠬᠦ ᠪᠦᠭᠡᠳ ᠬᠤᠷᠢᠭᠯᠠᠬᠤ ᠪᠠ ᠴᠡᠪᠡᠷᠰᠢᠬᠦᠯᠬᠦ ᠴᠢᠬᠤᠯᠠ ᠲᠠᠢᠬᠢᠵᠢᠭ ᠢ  ᠵᠢᠭᠠᠵᠦ ᠪᠠᠶᠢᠨ᠎ᠠ᠃ 
    ᠠᠮᠢᠳᠠᠨ ᠤ ᠨᠢᠬᠡᠳᠤᠭᠡᠷ᠂ ᠬᠤᠶᠡᠳᠤᠭᠠᠷ᠂ ᠭᠤᠷᠪᠠᠳᠤᠭᠠᠷ ᠲᠦᠷᠦᠯ ᠤᠨ ᠬᠢᠵᠢᠭ ᠤᠨ ᠪᠤᠳᠠᠲᠠᠢ ᠬᠡᠯᠪᠡᠷᠢ ᠶᠢᠨ 
ᠭᠠᠷᠴᠠᠭ ᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠬᠡ ᠶᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤᠭᠳᠠᠭᠠᠨ ᠨᠡᠶᠢᠳ ᠡᠯᠡᠨ᠎ᠠ᠃ 
    2. ᠠᠮᠢᠳᠠᠨ ᠤ ᠬᠠᠯᠳᠠᠪᠤᠷᠢᠳᠤ ᠬᠡᠮ ᠤᠨ ᠳᠡᠯᠭᠡᠷᠡᠬᠦ ᠳᠤ ᠡᠷᠬᠡᠪᠰᠢ ᠪᠦᠷᠢᠳᠤᠬᠦ ᠦᠨᠳᠤᠰᠤᠨ ᠨᠦᠬᠦᠴᠡᠯ  ᠨᠢ ᠶᠠᠭᠤ 
ᠪᠤᠢ︖ 
    ᠠᠮᠢᠳᠠᠨ ᠤ ᠬᠠᠯᠳᠠᠪᠤᠷᠢᠳᠤ ᠬᠡᠮ ᠤᠨ ᠡᠷᠬᠡᠪᠰᠢ ᠪᠦᠷᠢᠳᠤᠬᠦ ᠨᠦᠬᠦᠴᠡᠯ ᠨᠢ ᠬᠡᠪᠡᠯ᠄ 
    ︵1︶ ᠬᠠᠯᠳᠠᠪᠤᠷᠢᠯᠠᠬᠤ ᠡᠭᠦᠰᠤᠯ ᠪᠠᠰᠠ ᠬᠠᠯᠳᠠᠪᠤᠷᠢᠯᠠᠬᠤ ᠢᠷᠡᠯᠳᠡ ᠬᠡᠳᠡᠭ᠃ ᠡᠨᠡ  ᠨᠢ ᠶᠠᠮᠠᠷ ᠨᠢᠬᠡᠨ 
ᠬᠠᠯᠳᠠᠪᠤᠷᠢᠳᠤ ᠬᠡᠮ ᠤᠨ ᠠᠩᠬᠠᠨ ᠤ ᠪᠡᠶ᠎ᠡ ᠨᠢ ᠲᠡᠭᠦᠨ ᠳᠤ ᠠᠮᠢᠳᠤᠷᠠᠨ ᠤᠷᠤᠩᠨᠠᠬᠤ᠂ ᠦᠰᠴᠤ ᠪᠤᠶᠢᠵᠢᠬᠤ᠂ ᠦᠷᠡᠵᠢᠨ ᠲᠦᠯᠵᠢᠬᠦ ᠪᠠ ᠲᠡᠷᠡᠴᠢᠯᠡᠨ ᠪᠡᠶ᠎ᠡ ᠠᠴᠠ ᠭᠠᠳᠠᠭᠰᠢᠯᠠᠭᠰᠠᠨ ᠠᠮᠢᠳᠠᠨ ᠤ ᠤᠷᠭᠠᠨᠢᠭ ᠴᠤᠭᠴᠠ  ᠠᠴᠠ ᠬᠠᠯᠳᠠᠪᠤᠷᠢᠯᠠᠨ᠎ᠠ ︔ 
    ︵2︶ ᠬᠠᠯᠳᠠᠮᠠᠳᠠᠭᠠᠢ ᠠᠮᠢᠳᠠᠨ  ᠡᠨᠡ ᠨᠢ ᠶᠠᠮᠠᠷ ᠨᠢᠬᠡᠨ ᠬᠠᠯᠳᠠᠪᠤᠷᠢᠳᠤ ᠬᠡᠮ ᠠᠮᠠᠷᠬᠠᠨ ᠬᠠᠯᠳᠠᠪᠤᠷᠢᠯᠠᠳᠠᠭ 
ᠠᠮᠢᠳᠠᠨ ᠢ ᠵᠢᠭᠠᠵᠦ ᠪᠤᠢ︔ 
    ︵3︶ ᠬᠠᠯᠳᠠᠪᠤᠷᠢᠯᠠᠬᠤ ᠵᠠᠮ ᠮᠦᠷ  ᠡᠨᠡ  ᠨᠢ ᠬᠡᠮ ᠤᠨ ᠠᠩᠬᠠᠨ ᠤ ᠴᠤᠭᠴᠠ ᠨᠢ ᠬᠠᠯᠳᠠᠪᠤᠷᠢᠯᠠᠬᠤ ᠡᠬᠦᠰᠤᠯ ᠢ 
ᠭᠠᠳᠠᠭᠰᠢᠯᠠᠭᠤᠯᠤᠭᠰᠠᠨ ᠤ ᠳᠠᠷᠠᠭ᠎ᠠ᠂ ᠵᠤᠬᠢᠬᠤ ᠬᠡᠯᠪᠡᠷᠢ ᠪᠠᠷ ᠲᠠᠬᠢᠨᠳᠠ ᠪᠤᠰᠤᠳ ᠬᠠᠯᠳᠠᠮᠠᠳᠠᠭᠠᠢ ᠠᠮᠢᠳᠠᠨ ᠳᠤ ᠬᠠᠯᠳᠠᠪᠤᠷᠢᠯᠠᠨ᠎ᠠ᠃ 
    3. ᠰᠢᠯᠤᠬᠡᠢ ᠡᠭᠦᠰᠦᠭᠰᠡᠨ ᠤ ᠰᠡᠭᠦᠯᠡᠷ ᠠᠪᠬᠤ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠳᠤ ᠶᠠᠮᠠᠷ ᠬᠡᠳᠤᠨ ᠠᠭᠤᠯᠭ᠎ᠠ 
ᠪᠠᠭᠳᠠᠬᠤ ᠪᠤᠢ ︖ 
    ᠰᠢᠯᠦᠭᠡᠢ ᠡᠭᠦᠰᠦᠭᠰᠡᠨ ᠤ ᠰᠡᠭᠦᠯᠡᠷ᠂ ᠬᠢᠵᠢᠭ ᠢ ᠪᠦᠳᠦᠮᠵᠢᠲᠠᠢ ᠪᠠᠷ ᠳᠠᠷᠤᠬᠤ ᠶᠢᠨ ᠲᠤᠰᠠᠳᠠ᠂ ᠲᠤᠬᠠᠢ ᠶᠢᠨ ᠭᠠᠵᠠᠷ 
᠎ ᠤᠨ ᠠᠷᠠᠳ ᠤᠨ ᠵᠠᠰᠠᠭ ᠤᠨ ᠤᠷᠳᠤᠨ ᠵᠢᠴᠢ ᠮᠠᠯ ᠡᠮᠨᠡᠯᠭᠡ ᠶᠢᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ ᠤᠳ ᠬᠠᠤᠯᠢ ᠴᠠᠭᠠᠵᠠ ᠬᠠᠤᠯᠢ ᠳᠦᠷᠢᠮ ᠤᠨ ᠲᠤᠭᠳᠠᠭᠠᠯ ᠶᠤᠰᠤᠭᠠᠷ᠂ ᠠᠯᠢ ᠤᠯᠠᠨ ᠬᠡᠷᠡᠭᠵᠢᠭᠦᠯᠦᠰᠢᠲᠠᠢ ᠠᠯᠪᠠᠳᠠᠨ ᠬᠡᠷᠡᠭᠵᠢᠭᠦᠯᠬᠦ ᠠᠷᠭ᠎ᠠ ᠬᠡᠮᠵᠢᠶ᠎ᠡ ᠠᠪᠬᠤ ᠢᠬᠤᠯᠠ ᠲᠠᠢ ᠶᠤᠮ ᠃ ᠡᠭᠦᠨ ᠳᠤ ᠠᠯᠪᠠᠲᠠᠨ ᠪᠢᠳᠡᠭᠦᠮᠵᠢᠯᠡᠬᠦ᠂ ᠠᠯᠪᠠᠲᠠᠨ ᠡᠬᠡᠯᠢᠬᠡ ᠬᠢᠬᠦ ᠂ ᠠᠯᠪᠠᠲᠠᠨ ᠠᠯᠠᠵᠦ ᠨᠢᠳᠤᠯᠬᠤ᠂ ᠠᠯᠪᠠᠲᠠᠨ ᠠᠷᠢᠭᠤᠳᠬᠠᠬᠤ᠂ ᠠᠯᠪᠠᠲᠠᠨ ᠬᠢᠵᠢᠭ ᠪᠠᠶᠢᠴᠠᠭᠠᠬᠤ ᠪᠠᠭᠲᠠᠨ᠎ᠠ᠃ 
     4. ᠶᠠᠭᠤ ᠶᠢ ᠬᠤᠤᠷ ᠬᠦᠨᠦᠭᠡᠯ ᠦᠭᠡᠢ ᠰᠢᠢᠳᠪᠤᠷᠢᠯᠡᠬᠦ ᠭᠡᠬᠦ ᠪᠤᠢ︖ 
    ᠬᠢᠵᠢᠭ ᠤᠨ ᠡᠭᠦᠰᠦᠯ ᠦᠷᠭᠡᠳᠬᠦ ᠶᠢ ᠬᠤᠷᠢᠭᠯᠠᠬᠤ ᠶᠢᠨ ᠲᠦᠯᠦᠭᠡ ᠪᠦᠳᠦᠮᠵᠢᠲᠠᠢ ᠠᠷᠭ᠎ᠠ ᠬᠡᠮᠵᠢᠶ᠎ᠡ ᠠᠪᠬᠤ ᠴᠢᠬᠤᠯᠠ ᠲᠠᠢ 
ᠶᠤᠮ᠃ ᠵᠢᠱᠢᠶᠡᠯᠡᠪᠡᠯ ᠠᠮᠢᠲᠠᠨ ᠤ ᠦᠬᠦᠳᠡᠯ ᠢ ᠰᠢᠲᠠᠭᠠᠬᠤ ᠪᠤᠶᠤ ᠭᠦᠨ ᠪᠤᠯᠠᠬᠤ᠂ ᠬᠢᠵᠢᠭ ᠲᠠᠢ ᠠᠮᠢᠲᠠᠨ ᠤ ᠢᠯᠭᠠᠲᠠᠰᠤ ᠶᠢ ᠤᠪᠤᠭᠠᠯᠠᠨ ᠢᠰᠦᠯᠳᠦᠭᠦᠯᠬᠦ᠂ ᠬᠢᠵᠢᠭ ᠲᠠᠢ ᠠᠮᠢᠲᠠᠨ ᠤ ᠬᠠᠰᠢᠶ᠎ᠠ ᠬᠤᠷᠤᠭ᠎ᠠ  ᠶᠢ ᠠᠷᠢᠭᠤᠳᠬᠠᠯ ᠤᠨ ᠡᠮ ᠰᠦᠷᠴᠢᠨ ᠠᠷᠢᠭᠤᠳᠬᠠᠬᠤ᠂ ᠲᠡᠵᠢᠭᠡᠬᠦ ᠬᠡᠷᠡᠭᠰᠡᠭᠡ ᠵᠡᠷᠭᠡ ᠬᠡᠷᠡᠭᠰᠡᠯ ᠢ ᠭᠠᠯ ᠢᠶᠠᠷ ᠰᠢᠷᠠᠵᠦ ᠤᠳᠤᠨ ᠠᠷᠢᠭᠤᠳᠬᠠᠬᠤ ᠵᠡᠷᠭᠡ ᠶᠢ ᠬᠤᠤᠷ ᠬᠦᠨᠦᠭᠡᠯ ᠦᠭᠡᠢ ᠰᠡᠶᠢᠳᠪᠤᠷᠢᠯᠡᠬᠦ ᠭᠡᠵᠦ ᠬᠡᠯᠡᠳᠡᠭ᠃ 
     5. ᠶᠠᠭᠤ  ᠶᠢ ᠲᠤᠰᠭᠠᠷᠯᠠᠬᠤ ᠭᠡᠳᠡᠭ ᠪᠤᠢ︖ 
     ᠲᠤᠰᠭᠠᠷᠯᠠᠬᠤ ᠭᠡᠳᠡᠭ ᠪᠤᠯ ᠬᠢᠵᠢᠭ ᠲᠠᠢ ᠠᠮᠢᠲᠠᠨ ᠪᠠ ᠰᠡᠵᠢᠭᠲᠡᠢ ᠠᠮᠢᠲᠠᠨ ᠢ ᠠᠰ ᠢᠶᠠᠷ ᠨᠢ ᠲᠡᠵᠢᠭᠡᠵᠦ ᠮᠠᠯᠵᠢᠨ 
᠂ ᠬᠢᠨᠠᠨ ᠠᠵᠢᠭᠯᠠᠵᠦ ᠂ ᠬᠠᠯᠳᠠᠪᠤᠷᠢᠯᠠᠬᠤ ᠡᠭᠦᠰᠦᠯ ᠢ ᠬᠤᠷᠢᠭᠯᠠᠬᠤ ᠨᠢᠭᠡᠨ ᠵᠦᠢᠯ ᠤᠨ ᠰᠡᠷᠭᠡᠶᠢᠯᠡᠯᠲᠠ ᠶᠢᠨ ᠠᠷᠭ᠎ᠠ ᠬᠡᠮᠵᠢᠶ᠎ᠡ ᠶᠢ ᠬᠡᠯᠡᠨ᠎ᠡ᠃ 
     6. ᠶᠠᠭᠤ  ᠶᠢ ᠪᠢᠲᠡᠭᠦᠮᠵᠢᠯᠡᠬᠦ ᠭᠡᠳᠡᠭ ᠪᠤᠢ︖ 
     ᠪᠢᠲᠡᠭᠦᠮᠵᠢᠯᠡᠬᠦ ᠭᠡᠳᠡᠭ ᠪᠤᠯ ᠶᠠᠮᠠᠷ ᠨᠢᠭᠡᠨ ᠬᠦᠨᠳᠤ ᠶᠡᠭᠡ ᠬᠠᠯᠲᠠᠪᠤᠷᠢᠲᠤ ᠭᠡᠮ ᠡᠭᠦᠰᠦᠭᠰᠡᠨ ᠦᠶ᠎ᠡ ᠳᠤ᠂ ᠭᠡᠮ ᠤᠨ 
ᠡᠭᠦᠰᠦᠯ ᠳᠤ ᠪᠢᠲᠡᠭᠦᠮᠵᠢᠯᠡᠬᠦ ᠠᠷᠭ᠎ᠠ ᠬᠡᠮᠵᠢᠶ᠎ᠡ ᠠᠪᠴᠤ᠂ ᠬᠢᠵᠢᠭ ᠬᠡᠮ ᠨᠢ ᠠᠮᠦᠷ ᠲᠦᠪᠰᠢᠨ ᠭᠠᠵᠠᠷ ᠤᠷᠤᠨ ᠳᠤ ᠳᠡᠯᠭᠡᠷᠡᠬᠦ ᠪᠠ ᠡᠷᠡᠭᠦᠯ ᠮᠠᠯ ᠰᠦᠷᠦᠭ ᠬᠢᠵᠢᠭᠲᠦ ᠤᠷᠤᠨ ᠳᠤ ᠤᠷᠤᠵᠦ ᠬᠢᠵᠢᠭ ᠲᠤ ᠬᠠᠯᠳᠠᠪᠤᠷᠢᠯᠠᠭᠳᠠᠬᠤ ᠶᠢ ᠰᠡᠷᠭᠡᠶᠢᠯᠡᠨ ᠬᠤᠷᠢᠭᠯᠠᠬᠤ ᠨᠢᠭᠡᠨ ᠵᠦᠢᠯ ᠤᠨ ᠰᠡᠷᠭᠡᠶᠢᠯᠠᠯᠲᠠ ᠶᠢᠨ ᠠᠷᠭ᠎ᠠ ᠬᠡᠮᠵᠢᠶ᠎ᠡ  ᠶᠢ ᠬᠡᠯᠡᠨ᠎ᠡ᠃ 
     7. ᠠᠮᠢᠲᠠᠨ ᠤ ᠬᠦᠨᠳᠤ ᠶᠡᠭᠡ ᠬᠠᠯᠳᠠᠪᠤᠷᠢᠳᠤ ᠭᠡᠮ ᠢ ᠳᠠᠷᠤᠵᠦ ᠤᠰᠠᠳᠬᠠᠬᠤ ᠠᠷᠭ᠎ᠠ ᠬᠡᠮᠵᠢᠶ᠎ᠡ ᠳᠤ ᠶᠠᠮᠠᠷ 
ᠠᠭᠤᠯᠭ᠎ᠠ ᠤᠳ ᠪᠠᠭᠲᠠᠬᠤ ᠪᠤᠢ︖ 
     ᠭᠤᠤᠯ ᠨᠢ 《 ᠲᠠᠪᠤ ᠶᠢ ᠠᠯᠪᠠᠳᠠᠬᠤ ᠬᠤᠶᠠᠷ ᠢ ᠴᠢᠩᠭᠠᠳᠬᠠᠬᠤ 》᠂ ᠲᠤᠬᠠᠶᠢᠯᠠᠪᠠᠯ ᠠᠯᠪᠠᠳᠠᠨ ᠡᠭᠡᠯᠢᠭᠡ 
ᠬᠢᠭᠦ᠂ ᠠᠯᠪᠠᠳᠠᠨ ᠬᠢᠵᠢᠭ ᠪᠠᠶᠢᠴᠠᠭᠠᠬᠤ᠂ ᠠᠯᠪᠠᠳᠠᠯᠭ᠎ᠠ ᠪᠠᠷ ᠪᠢᠲᠡᠭᠦᠮᠵᠢᠯᠡᠬᠦ᠂ ᠠᠯᠪᠠᠳᠠᠨ ᠠᠯᠠᠵᠦ ᠨᠢᠳᠤᠯᠬᠤ᠂ ᠠᠯᠪᠠᠳᠠᠨ 
ᠠᠷᠢᠭᠤᠳᠬᠠᠬᠤ ᠪᠠ ᠬᠢᠵᠢᠭ  ᠤᠨ ᠪᠠᠶᠢᠳᠠᠯ ᠤᠨ ᠬᠠᠮᠢᠶᠠᠷᠤᠯᠲᠠ ᠶᠢ ᠴᠢᠩᠭᠠᠳᠬᠠᠬᠤ᠂ ᠬᠢᠵᠢᠭ ᠤᠨ ᠪᠠᠶᠢᠳᠠᠯ ᠢ ᠬᠢᠨᠠᠨ ᠬᠡᠮᠵᠢᠬᠦ ᠶᠢ 
ᠴᠢᠩᠭᠠᠳᠬᠠᠬᠤ ᠪᠠᠭᠲᠠᠨ᠎ᠠ᠃ 
     8. ᠰᠢᠯᠦᠭᠡᠢ ᠡᠭᠦᠰᠦᠭᠰᠡᠨ ᠦᠶᠡᠰ ᠬᠢᠵᠢᠭ ᠤᠨ ᠴᠢᠭ ᠲᠤ ᠶᠠᠮᠠᠷ ᠠᠯᠪᠠᠳᠠᠯᠭ᠎ᠠ  ᠶᠢᠨ ᠠᠷᠭ᠎ᠠ ᠬᠡᠮᠵᠢᠶ᠎ᠡ ᠠᠪᠬᠤ 
ᠪᠤᠢ︖ 
     ᠠᠯᠪᠠᠳᠠᠨ ᠠᠯᠠᠵᠦ ᠨᠢᠲᠤᠯᠠᠬᠤ  ᠬᠢᠵᠢᠭ ᠤᠨ ᠴᠢᠭ᠋ ᠲᠠᠬᠢ ᠪᠦᠬᠦ ᠬᠢᠵᠢᠭ ᠲᠠᠢ ᠠᠮᠢᠲᠠᠨ ᠵᠢᠴᠢ
ᠰᠦᠷᠦᠭ ᠨᠢᠬᠡᠲᠠᠢ ᠬᠠᠯᠳᠠᠮᠠᠳᠠᠭᠠᠢ ᠠᠮᠢᠲᠠᠨ ᠢ ᠠᠯᠠᠵᠦ ᠨᠢᠳᠤᠯᠬᠤ ᠶᠢᠨ ᠳᠠᠭᠠᠤ ᠬᠢᠵᠢᠭᠳᠡᠨ ᠦᠭᠦᠭᠰᠡᠨ ᠠᠮᠢᠲᠠᠨ᠂ ᠠᠯᠠᠵᠦ ᠨᠢᠲᠦᠯᠠᠭᠰᠠᠨ ᠠᠮᠢᠲᠠᠨ ᠵᠢᠴᠢ ᠲᠡᠭᠦᠨ ᠤ ᠭᠠᠷᠤᠯᠲᠠ᠂ ᠢᠯᠭᠠᠳᠠᠰᠤ᠂ ᠪᠤᠬᠢᠷᠳᠤᠭᠰᠠᠨ ᠲᠡᠵᠢᠭᠡᠯ ᠪᠤᠷᠳᠤᠭ᠎ᠠ ᠵᠡᠷᠭᠡ ᠶᠢ ᠴᠦᠮ ᠬᠤᠤᠷ ᠬᠦᠨᠦᠭᠡᠯ ᠦᠭᠡᠢ ᠪᠠᠷ ᠰᠢᠢᠳᠪᠤᠷᠢᠯᠠᠨ᠎ᠠ᠃ 
     ᠠᠯᠪᠠᠳᠠᠨ ᠠᠷᠢᠭᠤᠳᠬᠠᠬᠤ   ᠪᠤᠬᠢᠷᠳᠤᠭᠰᠠᠨ ᠪᠤᠶᠤ ᠪᠤᠬᠢᠷᠳᠤᠭᠰᠠᠨ ᠰᠡᠵᠢᠭ ᠲᠠᠢ ᠡᠳ᠋ ᠪᠤᠳᠠᠰ᠂
ᠵᠠᠮ ᠬᠠᠷᠢᠯᠴᠠᠭᠠᠨ ᠤ ᠪᠠᠭᠠᠵᠢ᠂ ᠭᠠᠵᠠᠷ ᠲᠠᠯᠠᠪᠠᠢ ᠶᠢ ᠴᠢᠩᠭ᠎ᠠ ᠪᠦᠭᠡᠳ ᠲᠤᠶᠢᠯᠪᠤᠷᠢᠲᠠᠢ ᠠᠷᠢᠭᠤᠳᠬᠠᠵᠦ᠂ ᠬᠢᠵᠢᠭ ᠤᠨ ᠴᠢᠭ ᠢ ᠪᠤᠯ ᠡᠳᠦᠷ ᠪᠦᠷᠢ ᠨᠢᠭᠡ ᠤᠳᠠᠭ᠎ᠠ᠂ ᠦᠷᠭᠦᠯᠵᠢᠯᠡᠨ 1 ᠭᠠᠷᠠᠭ ᠠᠷᠢᠭᠤᠳᠬᠠᠵᠦ᠂ ᠰᠡᠭᠦᠯᠡᠷ ᠨᠢ ᠬᠤᠶᠠᠷ ᠡᠳᠦᠷ ᠲᠤ ᠨᠢᠭᠡ ᠤᠳᠠᠭ᠎ᠠ ᠠᠷᠢᠭᠤᠳᠬᠠᠨ᠎ᠠ᠃ 
     9. ᠰᠢᠯᠦᠭᠡᠢ ᠡᠭᠦᠰᠦᠭᠰᠡᠨ ᠤ ᠰᠡᠭᠦᠯᠡᠷ ᠪᠢᠲᠡᠭᠦᠮᠵᠢᠯᠡᠭᠳᠡᠭᠰᠡᠨ ᠭᠠᠵᠠᠷ ᠤᠷᠤᠨ ᠳᠤ ᠶᠠᠮᠠᠷ ᠠᠯᠪᠠᠳᠠᠯᠭ᠎ᠠ ᠠᠷᠭ᠎ᠠ 
ᠬᠡᠮᠵᠢᠶ᠎ᠡ ᠨᠦᠭᠦᠳ ᠢ ᠠᠪᠬᠤ ᠪᠤᠢ︖ 
     ᠠᠯᠪᠠᠳᠠᠨ ᠡᠭᠡᠯᠢᠭᠡ ᠬᠢᠬᠦ   ᠬᠢᠵᠢᠭᠲᠦ ᠤᠷᠤᠨ ᠤ ᠪᠦᠬᠦ ᠬᠠᠯᠳᠠᠮᠠᠳᠠᠭᠠᠢ ᠠᠮᠢᠲᠠᠨ ᠳᠤ ᠪᠠᠴᠢᠮ ᠸᠡᠺᠼᠢᠨ ᠲᠠᠷᠢᠨ᠎ᠠ᠃ 
    ᠠᠯᠪᠠᠳᠠᠨ ᠬᠢᠵᠢᠭ ᠪᠠᠶᠢᠴᠠᠭᠠᠬᠤ  ᠬᠠᠯᠳᠠᠮᠠᠳᠠᠭᠠᠢ ᠠᠮᠢᠲᠠᠨ ᠳᠤ ᠡᠬᠡᠯᠢᠬᠡ ᠶᠢᠨ ᠳᠠᠭᠠᠭᠠᠭᠴᠢ ᠴᠤᠭᠴᠠ  ᠶᠢᠨ 
ᠬᠢᠨᠠᠨ ᠬᠡᠮᠵᠢᠯᠲᠠ ᠪᠠ ᠡᠪᠡᠳᠴᠢᠨ ᠤ ᠡᠭᠦᠰᠦᠯ ᠤᠨ ᠰᠤᠳᠤᠯᠤᠯ ᠤᠨ ᠬᠢᠨᠠᠨ ᠬᠡᠮᠵᠢᠯᠳᠡ ᠬᠢᠨ᠎ᠠ᠃ 
     ᠠᠯᠪᠠᠳᠠᠨ ᠪᠢᠲᠡᠭᠦᠮᠵᠢᠯᠡᠬᠦ    ᠬᠢᠵᠢᠭᠲᠦ ᠤᠷᠤᠨ ᠤ ᠡᠷᠭᠢᠨ ᠲᠤᠭᠤᠷᠢᠨ ᠳᠤ ᠰᠡᠷᠡᠮᠵᠢ ᠶᠢᠨ ᠲᠤᠬᠢᠶ᠎ᠠ 
ᠲᠡᠮᠳᠡᠭ ᠪᠤᠰᠬᠠᠵᠦ᠂ ᠬᠢᠵᠢᠭᠲᠦ ᠤᠷᠤᠨ ᠳᠤ ᠤᠷᠤᠵᠦ ᠭᠠᠷᠬᠤ ᠵᠠᠮ ᠬᠠᠷᠢᠯᠴᠠᠭᠠᠨ ᠤ ᠠᠭᠤᠯᠵᠠᠷ ᠲᠤ ᠠᠮᠢᠲᠠᠨ 
᠎ ᠤ ᠬᠢᠵᠢᠭ ᠪᠠᠶᠢᠴᠠᠭᠠᠬᠤ᠂ ᠠᠷᠢᠭᠤᠳᠬᠠᠬᠤ ᠦᠷᠲᠡᠭᠡ ᠭᠠᠷᠭᠠᠵᠦ᠂ ᠤᠷᠤᠵᠦ ᠭᠠᠷᠬᠤ ᠲᠡᠷᠭᠡ ᠬᠦᠰᠭᠡ ᠪᠠ ᠬᠠᠮᠢᠶ᠎ᠠ ᠪᠦᠬᠦᠢ ᠪᠤᠳᠠᠰ ᠢ ᠠᠷᠢᠭᠤᠭᠬᠠᠨ᠎ᠠ᠃ 
    ᠠᠯᠪᠠᠳᠠᠨ ᠠᠷᠢᠭᠤᠳᠬᠠᠬᠤ   ᠬᠤᠶᠠᠷ ᠡᠳᠦᠷ ᠪᠦᠷᠢ ᠨᠢᠭᠡ ᠤᠳᠠᠭ᠎ᠠ ᠠᠷᠢᠭᠤᠳᠬᠨ᠎ᠠ᠃ 
    ᠴᠢᠬᠤᠯᠠ ᠲᠠᠢ ᠦᠶᠡᠰ ᠬᠢᠵᠢᠭᠲᠦ ᠤᠷᠤᠨ ᠤ ᠲᠤᠲᠤᠷᠠᠬᠢ ᠪᠦᠬᠦ ᠬᠠᠯᠳᠠᠮᠠᠳᠠᠭᠠᠢ ᠠᠮᠢᠲᠠᠨ ᠢ ᠠᠯᠠᠵᠦ ᠨᠢᠳᠤᠯᠬᠤ ᠪᠠ ᠬᠤᠤᠷ 
ᠬᠦᠨᠦᠭᠡᠯ ᠦᠭᠡᠢ  ᠪᠠᠷ ᠰᠢᠢᠳᠪᠤᠷᠢᠯᠠᠨ᠎ᠠ᠃ 
    10. ᠰᠢᠯᠦᠭᠡᠢ ᠡᠭᠦᠰᠦᠭᠰᠡᠨ ᠤ ᠰᠡᠭᠦᠯᠡᠷ ᠰᠦᠷᠳᠡᠭᠦᠯᠦᠭᠲᠠᠵᠦ ᠪᠠᠶᠢᠭ᠎ᠠ ᠤᠷᠤᠨ ᠳᠤ ᠶᠠᠮᠠᠷ ᠠᠯᠪᠠᠳᠠᠯᠭ᠎ᠠ ᠶᠢᠨ ᠴᠢᠨᠠᠷᠲᠠᠢ 
ᠠᠷᠭ᠎ᠠ ᠬᠡᠮᠵᠢᠶ᠎ᠡ  ᠶᠢ ᠠᠪᠬᠤ ᠪᠤᠢ︖ 
    ᠠᠯᠪᠠᠳᠠᠨ ᠡᠭᠡᠯᠢᠭᠡ ᠬᠢᠬᠦ   ᠰᠦᠷᠳᠡᠭᠦᠯᠦᠭᠳᠡᠵᠦ ᠪᠠᠶᠢᠭ᠎ᠠ ᠤᠷᠤᠨ ᠤ ᠲᠤᠲᠤᠷᠠᠬᠢ ᠪᠦᠬᠦ ᠬᠠᠯᠳᠠᠮᠠᠳᠠᠭᠠᠢ ᠠᠮᠢᠲᠠᠨ 
᠎ ᠳᠤ ᠪᠠᠴᠢᠮ ᠸᠡᠺᠼᠢᠨ ᠤ ᠲᠠᠷᠢᠯᠭ᠎ᠠ ᠬᠢᠨ᠎ᠠ᠃ 
    ᠠᠯᠪᠠᠳᠠᠨ ᠬᠢᠵᠢᠭ ᠪᠠᠶᠢᠴᠠᠭᠠᠬᠤ   ᠬᠠᠯᠳᠠᠮᠠᠳᠠᠭᠠᠢ ᠠᠮᠢᠲᠠᠨ ᠳᠤ ᠡᠭᠡᠯᠢᠭᠡ ᠶᠢᠨ ᠳᠠᠭᠠᠭᠠᠭᠴᠢ ᠴᠤᠭᠴᠠ ᠶᠢᠨ ᠬᠢᠨᠠᠨ 
ᠬᠡᠮᠵᠢᠯᠲᠠ ᠬᠢᠬᠦ ᠪᠠ ᠭᠡᠮ ᠤᠨ ᠡᠭᠦᠰᠦᠯ ᠤᠨ ᠰᠤᠳᠤᠯᠤᠯ ᠤᠨ ᠬᠢᠨᠠᠨ ᠬᠡᠮᠵᠢᠯᠲᠠ ᠬᠢᠨ᠎ᠡ᠃ 
    11.  ᠪᠢᠲᠡᠭᠦᠮᠵᠢᠯᠡᠯ  ᠢ ᠶᠠᠮᠠᠷ ᠨᠦᠬᠦᠴᠡᠯ ᠳᠤᠤᠷ᠎ᠠ ᠲᠠᠶᠢᠯᠬᠤ ᠪᠤᠢ︖ 
    ᠬᠢᠵᠢᠭ ᠤᠨ ᠴᠢᠭ ᠤᠨ ᠲᠤᠲᠤᠷ᠎ᠠ ᠬᠠᠮᠤᠭ ᠰᠡᠭᠦᠯ ᠤᠨ ᠨᠢᠭᠡ ᠬᠢᠵᠢᠭᠲᠦ ᠮᠠᠯ ᠦᠬᠦᠭᠰᠡᠨ ᠪᠤᠶᠤ ᠠᠯᠠᠵᠦ ᠨᠢᠲᠤᠯᠠᠭᠰᠠᠨ ᠤ 
ᠰᠡᠭᠦᠯᠡᠷ ᠠᠯᠢ ᠤᠬᠤᠷ ᠲᠠᠭᠠᠨ 14 ᠬᠤᠨᠤᠭ ᠠᠵᠢᠭᠯᠠᠨ ᠪᠠᠶᠢᠴᠠᠭᠠᠭᠠᠳ᠂ ᠰᠢᠨ᠎ᠡ ᠡᠪᠡᠳᠴᠢᠨ ᠤ ᠵᠦᠢ ᠡᠭᠦᠰᠦᠭᠰᠡᠨ ᠦᠭᠡᠢ ᠪᠠᠶᠢᠬᠤ︔ ᠬᠢᠵᠢᠭ ᠤᠨ ᠤᠷᠤᠨ᠂ ᠰᠦᠷᠳᠡᠭᠦᠯᠦᠭᠲᠠᠵᠦ ᠪᠠᠶᠢᠭ᠎ᠠ ᠤᠷᠤᠨ ᠳᠤ ᠪᠠᠴᠢᠮ ᠸᠡᠺᠼᠢᠨ ᠤ ᠲᠠᠷᠢᠯᠭ᠎ᠠ ᠬᠢᠭᠰᠡᠨ ᠪᠠᠶᠢᠬᠤ︔ ᠬᠢᠵᠢᠭ ᠤᠨ ᠴᠢᠭ ᠢ ᠲᠤᠤᠱᠠᠲᠠᠢ ᠠᠷᠢᠭᠤᠳᠬᠠᠭᠰᠠᠨ ᠪᠠᠶᠢᠬᠤ︔ ᠬᠢᠵᠢᠭ ᠤᠨ ᠪᠠᠶᠢᠳᠠᠯ ᠢ ᠬᠢᠨᠠᠨ ᠬᠡᠮᠵᠢᠭᠡᠳ ᠪᠢᠯᠢᠭ ᠴᠢᠨᠠᠷᠲᠠᠢ ᠪᠠᠶᠢᠬᠤ︔ ᠬᠤᠰᠢᠭᠤ ᠰᠢᠶᠠᠨ ᠤ ᠱᠠᠳᠤᠨ ᠎ ᠠᠴᠠ ᠳᠡᠭᠡᠭᠰᠢᠬᠢ ᠠᠮᠢᠲᠠᠨ ᠤ ᠬᠢᠵᠢᠭ ᠰᠡᠭᠡᠶᠢᠯᠡᠯᠲᠠ ᠶᠢᠨ ᠰᠠᠯᠠᠭ᠎ᠠ ᠮᠦᠴᠢᠷ ᠪᠠᠶᠢᠴᠠᠭᠠᠭᠠᠳ ᠬᠢᠷᠢ ᠳᠤ ᠲᠡᠩᠴᠡᠭᠰᠡᠨ ᠪᠠ ᠠᠮᠢᠲᠠᠨ ᠤ ᠬᠢᠵᠢᠭ ᠰᠡᠷᠭᠡᠶᠢᠯᠡᠯᠲᠠ ᠶᠢᠨ ᠬᠠᠤᠯᠢ ᠵᠡᠷᠭᠡ ᠬᠠᠤᠯᠢ ᠴᠠᠭᠠᠵᠠ ᠬᠠᠤᠯᠢ ᠳᠦᠷᠢᠮ ᠤᠨ ᠲᠤᠭᠲᠠᠭᠠᠯ ᠳᠤ ᠨᠡᠶᠢᠴᠡᠵᠦ᠂ ᠤᠤᠯ ᠤᠨ ᠪᠢᠲᠡᠭᠦᠮᠵᠢᠯᠡᠬᠦ ᠵᠠᠷᠯᠢᠭ ᠨᠡᠶᠢᠲᠡᠯᠡᠭᠰᠡᠨ ᠠᠷᠠᠳ ᠤᠨ ᠵᠠᠰᠠᠭ ᠤᠨ ᠤᠷᠳᠤᠨ ᠠᠴᠠ ᠪᠢᠳᠡᠬᠦᠮᠵᠢᠯᠡᠯ ᠢ ᠲᠠᠶᠢᠯᠬᠤ ᠵᠠᠷᠯᠢᠭ ᠨᠡᠶᠢᠲᠡᠯᠡᠭᠰᠡᠨ ᠪᠠᠶᠢᠪᠠᠯ᠂ ᠪᠢᠳᠡᠭᠦᠮᠵᠢᠯᠡᠯ ᠢ ᠲᠠᠶᠢᠯᠵᠦ ᠪᠤᠯᠤᠨ᠎ᠠ᠃ ︵ ᠰᠢᠨᠵᠢᠯᠡᠬᠦ ᠤᠬᠠᠭᠠᠨ ᠰᠡᠳᠭᠦᠯ ︶
                 



  
     
     